ᠪᠡᠶ᠎ᠡ ᠶᠢᠨ ᠦᠨᠡᠮᠯᠡᠯ ᠪᠣᠯ ᠬᠦᠮᠤᠨ ᠤ ᠪᠡᠶ᠎ᠡ ᠶᠢᠨ ᠭᠠᠷᠤᠯ ᠢ ᠭᠡᠷᠡᠴᠢᠯᠡᠬᠦ ᠦᠨᠡᠮᠯᠡᠯ ᠮᠥᠨ᠂ ᠪᠡᠶ᠎ᠡ ᠶᠢᠨ ᠬᠢᠷᠢ | ᠬᠡᠮ ᠢ ᠭᠡᠷᠡᠴᠢᠯᠡᠬᠦ᠂ ᠲᠤᠬᠠᠶᠢᠯᠠᠭᠰᠠᠨ ᠠᠵᠢᠯ ᠡᠷᠬᠢᠯᠡᠬᠦ᠂ ᠭᠠᠳᠠᠭᠰᠢ ᠭᠠᠷᠴᠤ ᠵᠤᠭᠠᠴᠠᠬᠤ᠁ ᠳᠤ ᠪᠡᠶ᠎ᠡ ᠶᠢᠨ | ᠦᠨᠡᠮᠯᠡᠯ ᠦᠭᠡᠢ ᠪᠣᠯ ᠠᠯᠬᠤᠬᠤᠶ᠎ᠠ ᠪᠡᠷᠬᠡ ᠭᠡᠵᠦ ᠬᠡᠯᠡᠵᠦ ᠪᠣᠯᠤᠨ᠎ᠠ᠃ ᠲᠡᠭᠡᠪᠡᠯ ᠪᠡᠶ᠎ᠡ ᠶᠢᠨ ᠦᠨᠡᠮᠯᠡᠯ ᠢᠶᠠᠨ ᠭᠡᠭᠡᠪᠡᠯ | ᠬᠡᠷᠬᠢᠨ ᠨᠥᠬᠦᠵᠦ ᠭᠦᠢᠴᠡᠳᠬᠡᠬᠦ ᠪᠤᠢ︖ ᠪᠡᠶ᠎ᠡ ᠶᠢᠨ ᠦᠨᠡᠮᠯᠡᠯ ᠨᠢ ᠬᠤᠭᠤᠴᠠᠭ᠎ᠠ ᠲᠤᠯᠪᠠᠯ ᠬᠡᠷᠬᠢᠨ ᠰᠣᠯᠢᠵᠤ | ᠠᠪᠬᠤ ᠪᠤᠢ︖ ᠪᠡᠶ᠎ᠡ ᠶᠢᠨ ᠦᠨᠡᠮᠯᠡᠯ ᠵᠶ᠋ᠠᠨᠨᠥ᠋ᠬᠦᠵᠦ ᠬᠢᠯᠭᠡᠬᠦ ᠳᠤ ᠪᠠᠰᠠ ᠶᠠᠮᠠᠷ ᠭᠠᠷ ᠭᠦᠢᠴᠡᠳᠬᠡᠯ ᠬᠢᠬᠦ | ᠬᠡᠷᠡᠭᠲᠡᠶ ᠪᠣᠶ︖ ᠣᠨᠳᠣᠤ ᠭᠠᠵᠠᠷ ᠪᠡᠶ᠎ᠡ ᠶᠢᠨ ᠦᠨᠡᠮᠯᠡᠯ ᠢ ᠭᠦᠢᠴᠡᠳᠬᠡᠬᠦ ᠨᠢ ᠶᠠᠮᠠᠷ ᠳᠡᠰ ᠳᠠᠷᠠᠭ᠎ᠠ ᠲᠠᠢ ᠪᠤᠢ︖ | ᠲᠦᠷ ᠴᠠᠭ ᠤᠨ ᠪᠡᠶ᠎ᠡ ᠶᠢᠨ ᠦᠨᠡᠮᠯᠡᠯ ᠢ ᠬᠡᠷᠬᠢᠨ ᠭᠤᠶᠤᠴᠢᠯᠠᠬᠤ ᠪᠤᠢ︖ᠬᠤᠲᠠ ᠶᠢᠨ ᠠᠷᠠᠳ ᠤᠨ ᠪᠡᠶ᠎ᠡ ᠶᠢᠨ | ᠦᠨᠡᠮᠯᠡᠯ ᠭᠦᠢᠴᠡᠳᠬᠡᠬᠦ ᠳᠤ ᠲᠤᠯᠭᠠᠷᠠᠭᠰᠠᠨ ᠠᠰᠠᠭᠤᠳᠠᠯ ᠤᠨ ᠲᠤᠬᠠᠢ ᠲᠦᠷᠦᠭᠦᠬᠡᠨ᠂ ᠬᠥᠬᠡᠬᠤᠲᠠᠶᠢᠨ ︽ᠬᠠᠮ | ᠵᠠᠭᠤᠴᠢᠯᠠᠭᠤᠷ ᠤᠨ ᠠᠷᠠᠳ ᠤᠨ ᠠᠮᠢᠳᠤᠷᠠᠯ ᠤᠨ ᠦᠶ᠋ᠯᠡᠴᠢᠯᠡᠭᠡᠨ ᠤ ᠲᠠᠪᠴᠠᠩ︾ ᠤᠨ ᠬᠢᠨ ᠬᠤᠲᠣᠩ | ᠦᠨᠳᠦᠰᠦᠲᠡᠨ ᠤ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶ᠎ᠠ ᠶᠢᠨ ᠦᠨᠳᠦᠰᠦᠨ | ᠱᠠᠲᠤᠨ ᠤ ᠰᠠᠭᠤᠷᠢ ᠶᠡᠭᠡ ᠠᠩᠭᠢ ᠶᠢᠨ ᠳᠠᠷᠤᠭ᠎ᠠ ᠯᠢ ᠵᠢᠶᠦ᠋ᠩ᠂ ᠬᠤᠲᠣᠩ ᠦᠨᠳᠦᠰᠦᠲᠡᠨ ᠤ ᠲᠣᠭᠤᠷᠢᠭ ᠤᠨ | ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶ᠎ᠠ ᠶᠢᠨ ᠬᠢᠯᠢ ᠪᠠᠷ ᠣᠷᠣᠵᠤ ᠭᠠᠷᠬᠤ ᠬᠠᠮᠢᠶᠠᠷᠤᠯᠲᠠ ᠶᠢᠨ ᠶᠡᠭᠡ | ᠠᠩᠭᠢ ᠶᠢᠨ ᠳᠡᠳ᠋ ᠳᠠᠷᠤᠭ᠎ᠠ ᠭᠤᠤ ᠷᠦᠨᠶᠦ᠋ᠩ ᠢ ᠤᠷᠢᠵᠤ ᠲᠠᠶᠢᠯᠤᠮᠵᠢ ᠬᠢᠯᠭᠡᠪᠡ᠃ | ︹ ᠠᠰᠠᠭᠤᠳᠠᠯ ︺ ᠡᠷᠦᠬᠡ ᠠᠮᠠ ᠶᠢᠨ ᠳᠠᠩᠰᠠ ᠰᠠᠶᠢᠬᠠᠨ ᠲᠣᠭᠤᠷᠢᠭ ᠲᠤ ᠪᠠᠶᠢᠵᠤ᠂ ᠬᠥᠮᠥᠨ ᠨᠢ | ᠬᠤᠲᠣᠩ ᠦᠨᠳᠦᠰᠦᠲᠡᠨ ᠤ ᠲᠣᠭᠤᠷᠢᠭ ᠲᠤ ᠠᠵᠢᠯᠯᠠᠵᠤ ᠪᠠᠶᠢᠭᠠᠳ ᠪᠡᠶ᠎ᠡ ᠶᠢᠨ ᠦᠨᠡᠮᠯᠡᠯ ᠢᠶᠠᠨ ᠭᠡᠭᠡᠭᠰᠡᠨ ᠪᠣᠯ | ᠬᠤᠲᠣᠩ ᠦᠨᠳᠦᠰᠦᠲᠡᠨ ᠤ ᠲᠤᠭᠤᠷᠢᠭ ᠲᠤ ᠨᠥᠬᠦᠵᠦ ᠭᠦᠢᠴᠡᠳᠬᠡᠵᠦ ᠪᠣᠯᠤᠨ᠎ᠠ ᠤᠤ︖ ᠶᠠᠮᠠᠷ ᠦᠨᠡᠮᠯᠡᠯ | ᠦᠵᠡᠭᠦᠯᠬᠦ ᠬᠡᠷᠡᠭᠲᠡᠶ ᠪᠣᠶ︖ ᠭᠡᠷᠡᠯ ᠵᠢᠷᠤᠭ ᠠᠪᠬᠤ ᠳᠤ ᠨᠢᠳᠦᠨ ᠰᠢᠯ ᠵᠡᠭᠦᠵᠦ ᠪᠣᠯᠬᠤ ᠤᠤ︖ | ᠬᠠᠷᠢᠭᠤᠯᠲᠠ᠄ ᠪᠡᠶ᠎ᠡ ᠶᠢᠨ ᠦᠨᠡᠮᠯᠡᠯ ᠢ ᠨᠥᠬᠦᠨ ᠭᠦᠢᠴᠡᠳᠬᠡᠬᠦ ᠳᠤ ᠡᠷᠦᠬᠡ ᠠᠮᠠ ᠶᠢᠨ ᠳᠠᠩᠰᠠ ᠪᠠᠶᠢᠭ᠎ᠠ | ᠭᠠᠵᠠᠷ ᠲᠤ ᠬᠢᠬᠦ ᠴᠢᠬᠤᠯᠠᠲᠠᠶ᠂ ᠣᠨᠳᠣᠤ ᠭᠠᠵᠠᠷ ᠲᠤ ᠪᠡᠶ᠎ᠡ ᠶᠢᠨ ᠦᠨᠡᠮᠯᠡᠯ ᠭᠦᠢᠴᠡᠳᠬᠡᠬᠦ ᠳᠤ ᠭᠡᠷᠡᠯ ᠵᠢᠷᠤᠭ ᠠᠪᠬᠤ | ᠪᠠ ᠬᠤᠷᠤᠭᠤᠨ ᠤ ᠬᠡ ᠠᠪᠬᠤ ᠴᠢᠬᠤᠯᠠᠲᠠᠶ᠂ ᠭᠤᠶᠤᠴᠢᠯᠠᠭᠴᠢ ᠡᠷᠦᠬᠡ ᠠᠮᠠ ᠶᠢᠨ ᠳᠡᠪᠲᠡᠷ᠂ ᠪᠡᠶ᠎ᠡ ᠶᠢᠨ | ᠦᠨᠡᠮᠯᠡᠯ ᠤᠨ ᠬᠠᠭᠤᠯᠪᠤᠷᠢ᠂ ᠵᠢᠯᠣᠭᠤᠴᠢ ᠵᠢᠨᠦᠨᠡᠮᠯᠡᠯ ᠵᠡᠷᠭᠡ ᠪᠡᠶ᠎ᠡ ᠬᠡᠮ ᠢ ᠭᠡᠷᠡᠴᠢᠯᠡᠵᠦ ᠪᠣᠯᠬᠤ ᠮᠠᠲ᠋ᠧᠷᠢᠶᠠᠯ ᠢ | ᠬᠠᠩᠭᠠᠬᠤ ᠴᠢᠬᠤᠯᠠᠲᠠᠶ᠃ ᠰᠡᠭᠦᠳᠡᠷ ᠲᠠᠲᠠᠬᠤ ᠳᠠᠭᠠᠨ ᠭᠤᠶᠣᠯᠠᠵᠤ᠂ ᠲᠣᠯᠣᠭᠠᠶ ᠶᠢᠨ ᠵᠠᠰᠠᠯ ᠵᠡᠭᠦᠵᠦ᠂ ᠨᠢᠳᠦᠨ | ᠰᠢᠯ ᠵᠡᠭᠦᠵᠦ ᠪᠣᠯᠬᠤ ᠦᠭᠡᠢ᠃ | ︹ ᠠᠰᠠᠭᠤᠳᠠᠯ ︺ ᠡᠷᠦᠬᠡ ᠠᠮᠠ ᠨᠢ ᠰᠢᠯᠢ ᠶᠢᠨ ᠭᠤᠤᠯ ᠠᠶᠢᠮᠠᠭ ᠲᠤ ᠪᠠᠶᠢᠵᠤ᠂ ᠬᠥᠮᠥᠨ ᠨᠢ | ᠬᠥᠬᠡᠬᠤᠲᠠ ᠳᠤ ᠪᠠᠶᠢᠪᠠᠯ᠂ ᠣᠨᠳᠣᠤ ᠭᠠᠵᠠᠷ ᠤᠨ ᠪᠡᠶ᠎ᠡ ᠶᠢᠨ ᠦᠨᠡᠮᠯᠡᠯ ᠠᠪᠴᠤ ᠪᠣᠯᠤᠨ᠎ᠠ ᠤᠤ︖ ᠬᠡᠷᠪᠡ ᠪᠣᠯᠪᠠᠯ | ᠶᠠᠮᠠᠷ ᠶᠠᠮᠠᠷ ᠦᠨᠡᠮᠯᠡᠯ ᠬᠠᠩᠭᠠᠬᠤ ᠴᠢᠬᠤᠯᠠᠲᠠᠢ ᠪᠣᠶ︖ | ᠬᠠᠷᠢᠭᠤᠯᠲᠠ᠄ ᠬᠥᠬᠡᠬᠤᠲᠠ ᠶᠢ ᠭᠠᠷᠭᠠᠪᠠᠯ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠳᠣᠲᠣᠷᠠᠬᠢ ᠪᠤᠰᠤᠳᠣᠨᠳᠣᠤ ᠭᠠᠵᠠᠷ ᠲᠤ ᠪᠡᠶ᠎ᠡ ᠶᠢᠨ ᠦᠨᠡᠮᠯᠡᠯ ᠢ ᠭᠦᠢᠴᠡᠳᠬᠡᠵᠦ ᠪᠣᠯᠤᠨ᠎ᠠ᠃ ᠡᠷᠦᠬᠡ | ᠠᠮᠠ ᠶᠢᠨ ᠳᠡᠪᠲᠡᠷ᠂ ᠵᠢᠯᠣᠭᠤᠴᠢ ᠶᠢᠨ ᠦᠨᠡᠮᠯᠡᠯ᠂ ᠡᠮ ᠡᠮᠨᠡᠯᠭᠡ ᠶᠢᠨ ᠳᠠᠭᠠᠳᠬᠠᠯ ᠤᠨ ᠺᠠᠷᠲ᠂ ᠨᠡᠶᠢᠭᠡᠮ ᠤᠨ | ᠳᠠᠭᠠᠳᠬᠠᠯ ᠤᠨ ᠺᠠᠷᠲ ᠵᠡᠷᠭᠡ ᠪᠡᠶ᠎ᠡ ᠬᠡᠮ ᠤᠨ ᠮᠡᠳᠡᠭᠡ ᠵᠠᠩᠭᠢ ᠶᠢ ᠭᠡᠷᠡᠴᠢᠯᠡᠵᠦ ᠪᠣᠯᠬᠤ ᠮᠠᠲ᠋ᠧᠷᠢᠶᠠᠯ ᠢ ᠬᠠᠩᠭᠠᠬᠤ | ᠴᠢᠬᠤᠯᠠᠲᠠᠶ ᠪᠥᠭᠡᠳ ᠪᠣᠳᠠᠲᠠᠶ ᠰᠠᠭᠤᠭ᠎ᠠ ᠭᠠᠵᠠᠷ ᠤᠨᠲ᠋ᠣᠮᠢᠯᠠᠭᠰᠠᠨ ᠰᠠᠯᠪᠤᠷᠢ ᠳᠤ ᠬᠦᠷᠴᠦ ᠬᠥᠮᠥᠨ ᠠᠮᠠ ᠶᠢᠨ | ᠬᠠᠮᠢᠶᠠᠷᠤᠯᠲᠠ ᠶᠢᠨ ᠮᠡᠳᠡᠭᠡ ᠵᠠᠩᠭᠢ ᠶᠢ ᠪᠦᠷᠢᠳᠭᠡᠯᠭᠡᠨ ᠲᠡᠮᠳᠡᠭᠯᠡᠭᠦᠯᠬᠦ ᠬᠡᠷᠡᠭᠲᠡᠶ᠃ | ︹ ᠠᠰᠠᠭᠤᠳᠠᠯ ︺ ᠪᠡᠶ᠎ᠡ ᠶᠢᠨ ᠦᠨᠡᠮᠯᠡᠯ ᠨᠢ ᠡᠨᠡ ᠵᠢᠯ ᠤᠨ 10 ᠰᠠᠷ᠎ᠠ ᠶᠢᠨ 20 ᠤ ᠡᠳᠦᠷ ᠪᠣᠯᠪᠠᠯ | ᠳᠠᠷᠤᠶ ᠬᠤᠭᠤᠴᠠᠭ᠎ᠠ ᠨᠢ ᠲᠤᠯᠴᠢᠬᠠᠨᠠ᠂ ᠦᠨᠡᠮᠯᠡᠯ ᠰᠣᠯᠢᠬᠤ ᠲᠤᠬᠠᠶᠢᠯᠠᠭᠰᠠᠨ ᠠᠵᠢᠯ ᠢ ᠡᠷᠬᠡᠪᠰᠢ ᠬᠤᠭᠤᠴᠠᠭ᠎ᠠ | ᠲᠤᠯᠬᠤ ᠠᠴᠠ ᠡᠮᠦᠨ᠎ᠡ ᠬᠢᠬᠦ ᠬᠡᠷᠡᠭᠲᠡᠶ ᠦᠦ︖ ᠶᠠᠮᠠᠷ ᠬᠤᠯᠪᠣᠭᠳᠠᠯ ᠪᠦᠬᠦᠢ ᠦᠨᠡᠮᠯᠡᠯ ᠪᠡᠯᠡᠳᠬᠡᠬᠦ ᠴᠢᠬᠤᠯᠠᠲᠠᠶ ᠪᠤᠢ︖ | ᠬᠠᠷᠢᠭᠤᠯᠲᠠ᠄ ᠲᠤᠰ ᠬᠤᠲᠠ ᠶᠢᠨ ᠰᠠᠭᠤᠭᠠᠯᠢ ᠠᠷᠠᠳ ᠪᠡᠶ᠎ᠡ ᠶᠢᠨ ᠦᠨᠡᠮᠯᠡᠯ ᠢᠶᠠᠨ ᠰᠣᠯᠢᠵᠤ ᠠᠪᠤᠭᠠᠳ | ᠬᠠᠷᠢᠶ᠎ᠠ ᠭᠠᠵᠠᠷ ᠤᠨ ᠡᠷᠦᠬᠡ ᠠᠮᠠ ᠶᠢᠨ ᠳᠠᠩᠰᠠ ᠪᠠᠶᠢᠭ᠎ᠠ ᠭᠠᠵᠠᠷ ᠲᠠᠭᠠᠨ ᠬᠦᠷᠴᠦ ᠭᠦᠢᠴᠡᠳᠬᠡᠨ᠎ᠡ᠃ | ᠤᠷᠢᠳᠴᠢᠯᠠᠨ ᠰᠢᠢᠳᠪᠦᠷᠢᠯᠡᠬᠦ ᠪᠤᠶᠤ ᠬᠤᠭᠤᠴᠠᠭ᠎ᠠ ᠨᠢ ᠲᠤᠯᠤᠭᠰᠠᠨ ᠤ ᠳᠠᠷᠠᠭ᠎ᠠ ᠰᠢᠢᠳᠪᠦᠷᠢᠯᠡᠵᠦ ᠪᠣᠯᠤᠨ᠎ᠠ᠃ | ᠡᠷᠦᠬᠡ ᠠᠮᠠ ᠶᠢᠨ ᠳᠠᠩᠰᠠ ᠶᠢᠨ ᠳᠦᠷᠢᠮ ᠳᠤ ᠡᠩ ᠤᠨ ᠪᠠᠶᠢᠳᠠᠯ ᠳᠤ ᠭᠤᠷᠪᠠᠨ ᠰᠠᠷ᠎ᠠ ᠶᠢᠨ ᠳᠣᠲᠣᠷ᠎ᠠ | ᠰᠢᠢᠳᠪᠦᠷᠢᠯᠡᠵᠦ ᠳᠠᠭᠤᠰᠬᠠᠨ᠎ᠠ ᠭᠡᠵᠦ ᠲᠣᠭᠲᠠᠭᠠᠵᠠᠶ᠃ ᠣᠳᠣᠬᠠᠨ ᠳᠤ ᠡᠩ ᠤᠨ ᠪᠠᠶᠢᠳᠠᠯ ᠳᠤ 7 ᠠᠴᠠ 30 | ᠡᠳᠦᠷ ᠤᠨ ᠳᠣᠲᠣᠷ᠎ᠠ ᠠᠵᠢᠯ ᠢᠶᠠᠨ ᠳᠠᠭᠤᠰᠬᠠᠵᠤ ᠪᠣᠯᠤᠨ᠎ᠠ᠃ ᠬᠡᠷᠪᠡ ᠣᠯᠠᠨ ᠲᠦᠮᠡᠨ ᠪᠠᠴᠢᠮ ᠶᠠᠪᠤᠳᠠᠯ | ᠲᠣᠬᠢᠶᠠᠯᠳᠤᠪᠠᠯ ᠲᠦᠷᠭᠡᠨ ᠰᠢᠢᠳᠪᠦᠷᠢᠯᠡᠬᠦ ᠬᠡᠷᠡᠭᠲᠡᠶ᠂ ᠬᠡᠷᠪᠡ ᠳᠡᠭᠡᠳᠦ ᠰᠤᠷᠭᠠᠭᠤᠯᠢ ᠳᠤ ᠰᠤᠷᠤᠭᠴᠢ ᠡᠯᠰᠡᠬᠦ | ᠰᠢᠯᠭᠠᠯᠲᠠ ᠳᠤ ᠣᠷᠣᠯᠴᠠᠪᠠᠯ ᠰᠠᠭᠠᠳ ᠥᠬᠡᠶ ᠨᠡᠪᠲᠡᠷᠡᠬᠦ ᠵᠠᠮ ᠭᠠᠷᠭᠠᠵᠤ ᠪᠣᠯᠤᠨ᠎ᠠ᠃ ᠦᠨᠡᠮᠯᠡᠯ ᠰᠣᠯᠢᠬᠤ | ᠲᠤᠬᠠᠶᠢᠯᠠᠭᠰᠠᠨᠠᠵᠢᠯ ᠢ ᠡᠷᠬᠢᠯᠡᠵᠦ ᠪᠠᠶᠢᠭ᠎ᠠ ᠲᠤᠰ ᠬᠤᠲᠠ ᠶᠢᠨ ᠰᠠᠭᠤᠭᠠᠯᠢ ᠠᠷᠠᠳ ᠡᠷᠦᠬᠡ ᠠᠮᠠ ᠶᠢᠨ | ᠳᠡᠪᠲᠡᠷ ᠢᠶᠠᠨ ᠬᠠᠩᠭᠠᠪᠠᠯ ᠪᠣᠯᠴᠢᠬᠠᠨ᠎ᠠ᠃ | ︹ ᠠᠰᠠᠭᠤᠳᠠᠯ︺ ᠣᠨᠳᠣᠤ ᠭᠠᠵᠠᠷ ᠲᠤ ᠪᠡᠶ᠎ᠡ ᠶᠢᠨ ᠦᠨᠡᠮᠯᠡᠯ ᠤᠨ ᠰᠡᠭᠦᠳᠡᠷ ᠲᠠᠲᠠᠬᠤ ᠦᠶ᠎ᠡ ᠳᠤ᠂ | ᠬᠥᠮᠦᠨ ᠤ ᠪᠡᠶ᠎ᠡ ᠶᠢᠨ ᠬᠦᠷᠦᠭ ᠵᠢᠷᠤᠭ ᠢ ᠰᠡᠭᠦᠳᠡᠷᠯᠡᠬᠦ ᠪᠠ ᠰᠢᠰᠲ᠋ᠧᠮ ᠤᠨ ᠤᠤᠯ ᠤᠨ ᠪᠡᠶ᠎ᠡ ᠶᠢᠨ ᠦᠨᠡᠮᠯᠡᠯ ᠢ | ᠬᠠᠷᠢᠴᠠᠭᠤᠯᠤᠭᠰᠠᠨ ᠤ ᠳᠠᠷᠠᠭ᠎ᠠ᠂ ᠠᠳᠠᠯᠢᠪᠲᠤᠷ ᠬᠡᠮᠵᠢᠶ᠎ᠡ ᠨᠢ ᠨᠡᠯᠢᠶᠡᠳ ᠳᠣᠤᠷ᠎ᠠ ᠪᠠᠶᠢᠵᠤ᠂ ᠤᠭ ᠨᠤᠲᠤᠭ ᠲᠠᠭᠠᠨ | ᠪᠤᠴᠠᠵᠤ ᠪᠡᠶ᠎ᠡ ᠶᠢᠨ ᠦᠨᠡᠮᠯᠡᠯ ᠭᠦᠢᠴᠡᠳᠬᠡᠬᠦ ᠴᠢᠬᠤᠯᠠᠲᠠᠶ ᠪᠠᠶᠢᠳᠠᠯ ᠭᠠᠷᠪᠠᠯ ᠶᠠᠭᠠᠬᠢᠬᠤ ᠪᠤᠢ︖ | ᠬᠠᠷᠢᠭᠤᠯᠲᠠ᠄ ᠨᠠᠰᠤ ᠵᠢᠯ ᠨᠢ ᠨᠡᠮᠡᠭᠳᠡᠭᠰᠡᠨ᠂ ᠦᠩᠭᠡ ᠵᠢᠰᠦ ᠨᠢ ᠬᠤᠪᠢᠷᠠᠭᠰᠠᠨ ᠵᠡᠷᠭᠡ ᠠᠴᠠ ᠪᠣᠯᠵᠤ᠂ | ᠤᠭ ᠨᠤᠲᠤᠭ ᠲᠤᠨᠢ ᠰᠢᠶ᠋ᠳᠪᠦᠷᠢᠯᠡᠭᠰᠡᠨ ᠪᠡᠶ᠎ᠡ ᠶᠢᠨ ᠦᠨᠡᠮᠯᠡᠯ ᠤᠨ ᠰᠡᠭᠦᠳᠡᠷ ᠲᠠᠢ ᠨᠡᠯᠢᠶᠡᠳ ᠶᠡᠭᠡ ᠵᠥᠷᠢᠶ᠎ᠡ ᠲᠠᠢ | ᠪᠠᠶᠢᠳᠠᠯ ᠭᠠᠷᠴᠤ ᠮᠡᠳᠡᠬᠦ ᠲᠤᠯᠠ ᠵᠥᠪᠬᠡᠨ ᠤᠭ ᠨᠤᠲᠤᠭ ᠲᠤᠨᠢ ᠣᠴᠢᠵᠤ ᠰᠢᠢᠳᠪᠤᠷᠢᠯᠡᠨ᠎ᠡ᠃ | ︹ ᠠᠰᠠᠭᠤᠳᠠᠯ ︺ ᠪᠡᠶ᠎ᠡ ᠶᠢᠨ ᠦᠨᠡᠮᠯᠡᠯ ᠳᠡᠭᠡᠷᠡᠬᠢ ᠭᠡᠷᠡᠯ ᠵᠢᠷᠤᠭ ᠢ ᠰᠣᠯᠢᠵᠤ ᠪᠣᠯᠤᠨ᠎ᠠ ᠤᠤ︖ | ᠬᠡᠷᠪᠡ ᠪᠣᠯᠬᠤ ᠳᠤ ᠬᠦᠷᠪᠡᠯ ᠶᠠᠮᠠᠷ ᠶᠠᠩᠵᠤ ᠶᠢᠨ ᠭᠠᠷ ᠭᠦᠢᠴᠡᠳᠬᠡᠯ ᠬᠢᠬᠦ ᠬᠡᠷᠡᠭ ᠲᠠᠢ ᠪᠣᠶ︖ | ᠬᠠᠷᠢᠭᠤᠯᠲᠠ᠄ ᠭᠡᠷᠡᠴᠢ ᠰᠣᠯᠢᠬᠤ ᠴᠠᠭ ᠪᠤᠯᠤᠭ᠎ᠠ ᠦᠭᠡᠢ ᠪᠠᠶᠢᠬᠤ ᠳᠤ᠂ ᠬᠤᠪᠢ ᠬᠥᠮᠦᠨ ᠤ ᠰᠢᠯᠲᠠᠭᠠᠨ ᠠᠴᠠ | ᠪᠣᠯᠵᠤ ᠭᠡᠷᠡᠯ ᠵᠢᠷᠤᠭ ᠢ ᠰᠣᠯᠢᠵᠤ ᠪᠣᠯᠤᠨ᠎ᠠ᠂ ᠭᠡᠪᠡᠴᠦ ᠣᠨᠳᠣᠣ ᠭᠠᠵᠠᠷ ᠲᠤ ᠰᠢᠢᠳᠪᠦᠷᠢᠯᠡᠵᠦ ᠪᠣᠯᠬᠤ ᠦᠭᠡᠢ᠃ | ᠬᠤᠪᠢ ᠬᠥᠮᠦᠨ ᠭᠤᠶᠤᠴᠢᠯᠠᠯ ᠳᠡᠪᠰᠢᠭᠦᠯᠵᠦ᠂ ᠡᠷᠦᠬᠡ ᠠᠮᠠ ᠶᠢᠨ ᠳᠡᠪᠲᠡᠷ ᠢᠶᠠᠨ ᠠᠪᠴᠤ ᠡᠷᠦᠬᠡ ᠠᠮᠠ ᠶᠢᠨ | ᠳᠠᠩᠰᠠ ᠪᠠᠶᠢᠭ᠎ᠠ ᠭᠠᠵᠠᠷ ᠲᠠᠭᠠᠨ ᠣᠴᠢᠵᠤ ᠭᠦᠢᠴᠡᠳᠬᠡᠬᠦ ᠬᠡᠷᠡᠭᠲᠡᠶ᠃ | ︹ ᠠᠰᠠᠭᠤᠳᠠᠯ ︺ ᠡᠷᠦᠬᠡ ᠠᠮᠠ ᠶᠢᠨ ᠳᠠᠩᠰᠠ ᠨᠢ ᠤᠯᠠᠭᠠᠨᠬᠠᠳᠠ ᠳᠤ ᠪᠠᠶᠢᠵᠤ᠂ ᠬᠥᠬᠡᠬᠤᠲᠠ ᠳᠤ | ᠰᠠᠭᠤᠵᠤ ᠪᠠᠶᠢᠭ᠎ᠠ ᠨᠠᠰᠤᠲᠠᠶᠢᠴᠤᠳ᠂ ᠭᠠᠳᠠᠭᠠᠳᠤ ᠳᠤ ᠭᠠᠷᠬᠤ ᠭᠠᠷᠳᠠᠮ ᠭᠦᠢᠴᠡᠳᠬᠡᠬᠦ ᠣᠶᠢᠶ᠎ᠠ ᠳᠤ ᠤᠭ | ᠨᠤᠲᠤᠭ ᠲᠠᠭᠠᠨ ᠪᠤᠴᠠᠵᠤ ᠭᠦᠢᠴᠡᠳᠬᠡᠬᠦ ᠴᠢᠬᠤᠯᠠᠲᠠᠶ ᠤᠤ︖ | ᠬᠠᠷᠢᠭᠤᠯᠲᠠ᠄ ᠤᠭ ᠨᠤᠲᠤᠭ ᠲᠠᠭᠠᠨ ᠬᠠᠷᠢᠬᠤ ᠬᠡᠷᠡᠭ ᠦᠭᠡᠢ᠂ ᠬᠥᠬᠡᠬᠤᠲᠠ ᠳᠤ ᠳᠠᠷᠤᠶ | ᠭᠦᠢᠴᠡᠳᠬᠡᠵᠦ ᠪᠣᠯᠤᠨ᠎ᠠ᠂ ᠭᠡᠪᠡᠴᠦ ᠲᠤᠰ ᠬᠥᠮᠥᠨ ᠨᠢ ᠭᠦᠢᠴᠡᠳᠬᠡᠬᠦ ᠬᠡᠷᠡᠭᠲᠡᠶ᠃ | ︹ ᠠᠰᠠᠭᠤᠳᠠᠯ ︺ ᠬᠤᠯᠪᠣᠭᠳᠠᠯ ᠪᠦᠬᠦᠢ ᠭᠠᠷ ᠭᠦᠢᠴᠡᠳᠬᠡᠯ ᠢ ᠬᠢᠵᠦ ᠳᠠᠭᠤᠰᠬᠠᠪᠠᠯ᠂ ᠬᠡᠵᠢᠶ᠎ᠡ | ᠪᠡᠶ᠎ᠡ ᠵᠢᠨᠦᠨᠡᠮᠯᠡᠯ ᠢᠶᠠᠨ ᠠᠪᠴᠤ ᠪᠣᠯᠬᠤ ᠪᠤᠢ︖ ᠦᠨᠡᠮᠯᠡᠯ ᠭᠦᠢᠴᠡᠳᠬᠡᠬᠦ ᠠᠬᠢᠴᠠ ᠶᠢ ᠡᠷᠢᠵᠦ ᠣᠯᠬᠤ ᠠᠷᠭ᠎ᠠ | ᠵᠠᠮ ᠪᠠᠢᠨ᠎ᠠ ᠤᠤ ᠥᠬᠡᠶ ᠦᠦ︖ ᠪᠡᠶ᠎ᠡ ᠶᠢᠨ ᠦᠨᠡᠮᠯᠡᠯ ᠤᠨ ᠭᠠᠷᠳᠠᠮ ᠭᠦᠢᠴᠡᠭᠰᠡᠨ ᠤ ᠳᠠᠷᠠᠭ᠎ᠠ ᠦᠨᠠᠮᠯᠠᠯ ᠢᠶᠠᠨ | ᠬᠡᠷᠬᠢᠨ ᠠᠪᠬᠤ ᠪᠤᠢ︖ | ᠬᠠᠷᠢᠭᠤᠯᠲᠠ᠄ ᠡᠩ ᠤᠨ ᠪᠠᠶᠢᠳᠠᠯ ᠳᠤ 7 ᠠᠴᠠ 30 ᠡᠳᠦᠷ ᠤᠨ ᠳᠣᠲᠣᠷ᠎ᠠ ᠠᠪᠴᠤ ᠪᠣᠯᠤᠨ᠎ᠠ᠂ ᠬᠤᠳᠠ ᠶᠢᠨ | ᠠᠷᠠᠳᠴᠤ ᠰᠢᠤᠳᠠᠨ ᠢᠶᠠᠷ ᠢᠯᠡᠭᠡᠬᠦ ᠠᠷᠭ᠎ᠠ ᠮᠠᠶ᠋ᠢᠭ ᠢ ᠰᠣᠩᠭᠤᠵᠤ᠂ E M S ᠤᠨ ᠲᠥᠯᠥᠪᠦᠷᠢ ᠲᠠᠢ ᠪᠠᠷ | ᠰᠦᠢᠳᠬᠡᠯ ᠬᠤᠷᠢᠶᠠᠵᠤ ᠬᠦᠷᠭᠡᠵᠦ ᠪᠣᠯᠤᠨ᠎ᠠ᠃ ᠣᠳᠣᠬᠠᠨ ᠳᠤ ᠵᠥᠪᠬᠡᠨ ᠡᠮᠦᠨ᠎ᠡ ᠲᠠᠪᠴᠠᠩ ᠤᠨ | ᠳ᠋ᠢᠶᠠᠩᠬᠤᠸᠠ ᠪᠠᠷ ᠦᠨᠡᠮᠯᠡᠯ ᠠᠪᠬᠤ ᠠᠬᠢᠴᠠ ᠶᠢ ᠪᠠᠶᠢᠴᠠᠭᠠᠨ ᠯᠠᠪᠯᠠᠵᠤ ᠪᠤᠯᠤᠨ᠎ᠠ᠂ ᠡᠮᠦᠨ᠎ᠡ ᠲᠠᠪᠴᠠᠩ ᠤᠨ | ᠳ᠋ᠢᠶᠠᠩᠬᠤᠤᠨ ᠨᠢ 3959544᠃ | ︹ ᠠᠰᠠᠭᠤᠳᠠᠯ ︺ ᠲᠦᠷ ᠴᠠᠭ ᠤᠨ ᠪᠡᠶ᠎ᠡ ᠶᠢᠨ ᠦᠨᠡᠮᠯᠡᠯ ᠨᠢ ᠵᠢᠩᠬᠢᠨᠢ ᠪᠡᠶ᠎ᠡ ᠶᠢᠨ ᠦᠨᠡᠮᠯᠡᠯ ᠲᠠᠢ | ᠶᠠᠮᠠᠷ ᠢᠯᠭᠠᠭ᠎ᠠ ᠲᠠᠢ ᠪᠤᠢ︖ ᠶᠠᠮᠠᠷ ᠬᠥᠮᠥᠨ ᠲᠦᠷ ᠴᠠᠭ ᠤᠨ ᠪᠡᠶ᠎ᠡ ᠶᠢᠨ ᠦᠨᠡᠮᠯᠡᠯ ᠢ ᠠᠪᠴᠤ ᠪᠣᠯᠬᠤ ᠪᠤᠢ᠂ | ᠲᠦᠷ ᠴᠠᠭ ᠤᠨ ᠪᠡᠶ᠎ᠡ ᠶᠢᠨ ᠦᠨᠡᠮᠯᠡᠯ ᠢ ᠬᠡᠷᠬᠢᠨ ᠠᠪᠬᠤ ᠪᠤᠢ︖ ᠲᠡᠭᠦᠨ ᠤ ᠬᠦᠴᠦᠨ ᠲᠠᠢ ᠬᠤᠭᠤᠴᠠᠭ᠎ᠠ ᠨᠢ | ᠬᠡᠳᠦᠶ ᠣᠷᠳᠣ ᠪᠤᠢ︖ | ᠬᠠᠷᠢᠭᠤᠯᠲᠠ᠄ ᠪᠡᠶ᠎ᠡ ᠶᠢᠨ ᠦᠨᠡᠮᠯᠡᠯ ᠢᠶᠠᠨ ᠭᠡᠭᠡᠪᠡᠯ ᠪᠠᠴᠢᠮ ᠬᠡᠷᠡᠭᠯᠡᠬᠦ ᠪᠡᠶ᠎ᠡ ᠶᠢᠨ ᠦᠨᠡᠮᠯᠡᠯ ᠠᠪᠴᠤ | ᠪᠣᠯᠤᠨ᠎ᠠ᠂ ᠣᠬᠤᠷ ᠬᠤᠭᠤᠴᠠᠭᠠᠨ ᠤ ᠲᠦᠷ ᠴᠠᠭ ᠤᠨ ᠪᠡᠶ᠎ᠡ ᠶᠢᠨ ᠦᠨᠡᠮᠯᠡᠯ ᠬᠢᠵᠦ ᠪᠣᠯᠤᠨ᠎ᠠ᠂ ᠲᠤᠰ | ᠬᠤᠲᠠ ᠳᠤ ᠰᠠᠭᠤᠵᠤ ᠪᠠᠶᠢᠭ᠎ᠠ ᠬᠤᠲᠠ ᠶᠢᠨ ᠠᠷᠠᠳ ᠭᠦᠢᠴᠡᠳᠬᠡᠵᠦ ᠪᠣᠯᠤᠨ᠎ᠠ᠂ ᠪᠡᠶ᠎ᠡ ᠶᠢᠨ ᠦᠨᠡᠮᠯᠡᠯ ᠤᠨ | ᠦᠢᠯᠡᠳᠦᠯ ᠲᠠᠢ ᠠᠳᠠᠯᠢ ᠪᠣᠯᠪᠠᠴᠤ ᠬᠦᠴᠦᠨ ᠲᠠᠢ ᠬᠤᠭᠤᠴᠠᠭ᠎ᠠ ᠨᠢ ᠵᠥᠪᠬᠡᠨ ᠭᠤᠷᠪᠠᠨ ᠰᠠᠷ᠎ᠠ ᠪᠣᠯᠤᠨ᠎ᠠ᠃ | ﹇ᠠᠰᠠᠭᠤᠳᠠᠯ﹈ ᠭᠠᠳᠠᠭᠠᠳᠤ ᠳᠤ ᠭᠠᠷᠴᠤ ᠵᠤᠭᠠᠴᠠᠬᠤ ᠳᠤ ᠬᠤᠯᠪᠣᠭᠳᠠᠯ ᠪᠦᠬᠦᠢ ᠭᠠᠷ ᠭᠦᠢᠴᠡᠳᠬᠡᠯ ᠢ ᠬᠡᠷᠬᠢᠨ | ᠬᠢᠬᠦ ᠪᠣᠶ︖ ᠭᠡᠷᠡᠴᠢ ᠲᠡᠮᠳᠡᠭ ᠭᠦᠢᠴᠡᠳᠬᠡᠬᠦ ᠴᠠᠭ ᠨᠢ ᠬᠡᠳᠦᠶ ᠤᠷᠳᠤ ᠪᠠᠶᠢᠳᠠᠭ ᠪᠣᠶ︖ | ᠬᠠᠷᠢᠭᠤᠯᠲᠠ᠄ ᠣᠳᠣ ᠶᠢᠨ ᠫᠠᠰᠫᠣᠷᠲ᠂ ᠰᠢᠶᠠᠩᠭᠠᠩ ᠣᠣᠮᠧᠨ ᠳᠤ ᠶᠠᠪᠤᠵᠤ ᠢᠷᠡᠬᠦ ᠵᠠᠮ ᠤᠨ | ᠦᠨᠡᠮᠯᠡᠯ᠂ ᠲᠠᠶᠢᠸᠠᠨ ᠳᠤ ᠶᠠᠪᠤᠵᠤ ᠢᠷᠡᠬᠦ ᠵᠠᠮ ᠤᠨ ᠦᠨᠡᠮᠯᠡᠯ ᠢ ᠭᠦᠢᠴᠡᠳᠬᠡᠬᠦ ᠭᠤᠶᠤᠴᠢᠯᠠᠯ ᠤᠨ ᠬᠦᠰᠦᠨᠦᠭᠲᠦ ᠶᠢ | ᠳᠤᠮᠳᠠᠳᠤ ᠤᠯᠤᠰ ᠤᠨᠰᠠᠭᠤᠭᠠᠯᠢ ᠠᠷᠠᠳ ᠤᠨ ᠬᠢᠯᠢ ᠪᠠᠷ ᠣᠷᠣᠵᠤ ᠭᠠᠷᠬᠤ ᠬᠠᠮᠢᠶᠠᠷᠤᠯᠲᠠ ᠶᠢᠨ ᠦᠨᠡᠮᠯᠡᠯ ᠤᠨ | ᠭᠤᠶᠤᠴᠢᠯᠠᠯ ᠤᠨ ᠬᠦᠰᠦᠨᠦᠭ ᠲᠠᠢ ᠨᠡᠶᠢᠯᠡᠭᠦᠯᠪᠡ᠂ ᠬᠤᠯᠪᠣᠭᠳᠠᠯ ᠪᠦᠬᠦᠢ ᠲᠤᠬᠠᠶᠢᠯᠠᠭᠰᠠᠨ ᠠᠵᠢᠯ ᠢ ᠭᠦᠢᠴᠡᠳᠬᠡᠬᠦ | ᠬᠤᠲᠠ ᠶᠢᠨ ᠠᠷᠠᠳ ᠵᠥᠪᠬᠡᠨ ᠨᠢᠭᠡ ᠬᠦᠰᠦᠨᠦᠭᠲᠦ ᠲᠠᠭᠯᠠᠪᠠᠯ ᠪᠣᠯᠴᠢᠬᠠᠨ᠎ᠠ᠂ ᠪᠡᠶ᠎ᠡ ᠶᠢᠨ ᠦᠨᠡᠮᠯᠡᠯ ᠪᠠ ᠰᠦᠢᠳᠬᠡᠯ | ᠲᠤᠰᠢᠶᠠᠬᠤ ᠪᠠᠩᠬᠢ ᠶᠢᠨ ᠺᠠᠷᠲ ᠢᠶᠠᠨ ᠠᠪᠴᠤ ᠶᠠᠪᠤᠨ᠎ᠠ᠂ ᠲᠤᠰ ᠭᠠᠵᠠᠷ ᠤᠨ ᠰᠠᠭᠤᠭᠠᠯᠢ ᠠᠷᠠᠳ ᠪᠤᠯ 10 | ᠠᠵᠢᠯᠯᠠᠬᠤ ᠡᠳᠦᠷ ᠲᠤ ᠭᠦᠢᠴᠡᠳᠭᠡᠨ ᠳᠠᠭᠤᠰᠬᠠᠵᠤ ᠪᠣᠯᠤᠨ᠎ᠠ᠃ |