ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠰᠠᠶᠢᠨ ᠲᠤᠷᠠᠳᠠᠨ ᠡᠯ ᠹᠧᠨ ᠽᠢ ᠰᠢᠶᠠᠩ ᠤᠨ ᠡᠤ ᠹᠧᠨ ᠽᠢ ᠲᠣᠰᠬᠤᠨ ᠤ ᠵᠥᠪᠯᠡᠯ ᠳᠤ ᠡᠮᠴᠢᠯᠡᠭᠡ ᠬᠦᠷᠭᠡᠵᠦ ᠡᠮ ᠬᠦᠷᠭᠡᠬᠦ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2020/5/15
     2020 ᠣᠨ ᠤ 5 ᠳ᠋ᠤᠭᠠᠷ ᠰᠠᠷ᠎ᠠ ᠶᠢᠨ 12 ᠤᠨ ᠡᠳᠦᠷ᠂ ᠰᠢᠶᠠᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠠᠴᠠ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠬᠠᠮᠢᠶ᠎ᠠ ᠪᠥᠬᠦᠶ ᠬᠥᠮᠦᠰ ᠲᠠᠢ ᠬᠠᠷᠢᠯᠴᠠᠵᠤ᠂ ᠰᠠᠶᠢᠨ ᠳᠤᠷ᠎ᠠ ᠶᠢᠨ ᠠᠵᠢᠯᠲᠠᠨ ᠤ ᠪᠦᠯᠬᠦᠮ ᠪᠠᠶᠢᠭᠤᠯᠤᠨ ᠮᠠᠨ ᠤ ᠰᠢᠶᠠᠩ ᠳᠤ ᠬᠦᠷᠴᠦ ᠡᠮᠴᠢᠯᠡᠭᠡ ᠬᠦᠷᠭᠡᠵᠦ᠂  ᠡᠮ ᠬᠦᠷᠭᠡᠨ ᠬᠡᠷ ᠲᠡᠭᠡᠨ ᠬᠤᠴᠣᠷᠤᠭᠰᠠᠨ ᠨᠠᠰᠤᠲᠠᠶᠢᠴᠤᠳ ᠢ ᠬᠠᠯᠠᠮᠵᠢᠯᠠᠨ ᠬᠠᠶᠢᠷᠠᠯᠠᠬᠤ ᠠᠵᠢᠯᠯᠠᠭ᠎ᠠ ᠥᠷᠨᠢᠭᠦᠯᠪᠡ᠃      ᠰᠠᠶᠢᠨ ᠳᠤᠷᠠᠴᠤᠳ ᠤᠨ ᠪᠦᠯᠬᠦᠮ ᠨᠢ 15 ᠬᠥᠮᠦᠨ ᠢᠶᠠᠷ ᠪᠦᠷᠢᠯᠳᠦᠵᠦ᠂ ᠡᠤ ᠹᠧᠨ ᠽᠢ ᠲᠣᠰᠬᠤᠨ ᠤ ᠠᠷᠠᠳ ᠤᠨ ᠵᠥᠪᠯᠡᠯ ᠤᠨ ᠵᠣᠯ ᠵᠢᠷᠭᠠᠯ ᠤᠨ ᠬᠦᠷᠢᠶᠡᠯᠡᠩ ᠳᠤ ᠲᠣᠰᠬᠤᠨ ᠳᠤ ᠬᠤᠴᠤᠷᠤᠭᠰᠠᠨ ᠥᠨᠥᠴᠢᠨ ᠪᠡᠯᠪᠡᠰᠦᠨ ᠨᠠᠰᠤᠲᠠᠨ ᠤ ᠦᠰᠦ ᠶᠢ ᠵᠠᠰᠠᠵᠤ᠂ ᠬᠦᠷᠢᠶ᠎ᠡ ᠬᠠᠰᠢᠶ᠎ᠠ ᠶᠢ ᠨᠢ ᠴᠡᠪᠡᠷᠯᠡᠪᠡ᠃ ᠡᠷᠦᠬᠡ ᠳᠤ ᠣᠷᠣᠵᠤ ᠶᠠᠳᠠᠭᠤ ᠬᠦᠴᠢᠷᠳᠡᠯᠲᠡᠶ ᠡᠷᠦᠬᠡ᠂ ᠲᠠᠪᠤᠨ ᠪᠠᠲᠤᠯᠠᠭᠠᠲᠤ ᠡᠷᠦᠬᠡ ᠵᠡᠷᠭᠡ ᠬᠥᠮᠦᠰ ᠤᠨ ᠴᠢᠰᠤᠨ ᠤ ᠰᠢᠬᠢᠷᠯᠢᠭ ᠴᠢᠰᠤᠨ ᠳᠠᠷᠤᠯᠲᠠ ᠶᠢ ᠬᠡᠮᠵᠢᠵᠦ᠂ ᠲᠤᠬᠠᠶ ᠶᠢᠨ ᠲᠠᠯᠠᠪᠤᠷ ᠲᠤ ᠨᠢ ᠡᠮᠴᠢᠯᠡᠭᠡ ᠪᠠ ᠡᠮ ᠬᠦᠷᠭᠡᠬᠦ ᠠᠵᠢᠯᠯᠠᠭ᠎ᠠ ᠥᠷᠨᠢᠭᠦᠯᠬᠦ ᠶᠢᠨ ᠬᠠᠮᠲᠤ ᠡᠪᠡᠳᠴᠢᠯᠡᠭᠰᠡᠨ ᠣᠯᠠᠨ ᠲᠦᠮᠡᠨ ᠳᠤ ᠡᠩ ᠤᠨ ᠡᠮᠴᠢᠯᠡᠭᠡᠨ ᠤ ᠮᠡᠳᠡᠯᠭᠡ ᠵᠢᠴᠢ ᠢᠳᠡᠭᠡᠨ ᠤᠮᠳᠠᠭᠠᠨ ᠤ ᠠᠮᠤᠷ ᠲᠦᠪᠰᠢᠨ ᠢ ᠨᠠᠷᠢᠨ ᠲᠣᠳᠣᠷᠬᠠᠶ ᠲᠠᠶᠢᠯᠪᠤᠷᠢᠯᠠᠵᠤ ᠥᠭᠴᠡᠶ᠃
 
ᠢᠷᠡᠯᠲᠡ᠄ ᠦᠴᠦᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号