ᠮᠠᠨ ᠤ ᠬᠤᠲᠠ ︽2021 ᠣᠨ ᠤ ︿ᠪᠠᠭ᠎ᠠ ᠰᠤᠷᠭᠠᠭᠤᠯᠢ ᠠᠴᠠ ᠠᠩᠬ᠎ᠠ ᠳᠤᠮᠳᠠᠳᠤ ᠳᠤ ᠳᠡᠪᠰᠢᠬᠦ﹀ ᠬᠤᠯᠪᠣᠭᠳᠠᠯ ᠪᠥᠬᠦᠶ ᠮᠠᠳᠠᠭ ᠲᠠᠢ ᠵᠦᠢᠯ  ᠤᠨ ᠬᠠᠷᠢᠭᠤᠯᠲᠠ︾ ᠶᠢ ᠨᠡᠶᠢᠲᠡᠯᠡᠪᠡ
ᠨᠡᠶᠢᠲᠡᠯᠡᠭᠰᠡᠨ ᠴᠠᠭ᠄
2021/6/16
     6 ᠳ᠋ᠤᠭᠠᠷ ᠰᠠᠷ᠎ᠠ ᠶᠢᠨ 14 ᠤ ᠡᠳᠦᠷ᠂ ᠬᠥᠬᠡᠬᠤᠲᠠ ᠶᠢᠨ ᠰᠤᠷᠭᠠᠨ ᠬᠥᠮᠦᠵᠢᠯ ᠤᠨ ᠲᠣᠪᠴᠢᠶ᠎ᠠ ᠨᠡᠶᠢᠭᠡᠮ ᠨᠡᠶᠢᠲᠡ ᠳᠤ ︽2021 ᠣᠨ ᠤ ︿ᠪᠠᠭ᠎ᠠ ᠰᠤᠷᠭᠠᠭᠤᠯᠢ ᠠᠴᠠ ᠠᠩᠬ᠎ᠠ ᠳᠤᠮᠳᠠᠳᠤ ᠳᠤ ᠳᠡᠪᠰᠢᠬᠦ﹀ ᠬᠤᠯᠪᠣᠭᠳᠠᠯ ᠪᠥᠬᠦᠶ ᠮᠠᠳᠠᠭ ᠲᠠᠢ ᠵᠦᠢᠯ ᠤᠨ ᠬᠠᠷᠢᠭᠤᠯᠲᠠ︾ ᠶᠢ ᠨᠡᠶᠢᠲᠡᠯᠡᠵᠦ᠂ ᠪᠠᠭ᠎ᠠ ᠰᠤᠷᠭᠠᠭᠤᠯᠢ ᠠᠴᠠ ᠠᠩᠬ᠎ᠠ ᠳᠤᠮᠳᠠᠳᠤ ᠳᠤ ᠳᠡᠪᠰᠢᠬᠦ ᠲᠤᠬᠠᠢ ᠬᠡᠷ ᠤᠨ ᠠᠬᠠᠮᠠᠳ ᠤᠨ ᠠᠰᠠᠭᠤᠯᠲᠠ ᠨᠡᠯᠢᠶᠡᠳ ᠣᠯᠠᠨ᠂ ᠠᠩᠬᠠᠷᠤᠯ ᠨᠡᠯᠢᠶᠡᠳ ᠥᠨᠳᠥᠷ ᠪᠠᠶᠢᠭ᠎ᠠ 15  ᠠᠰᠠᠭᠤᠯᠲᠠ ᠳᠤ ᠴᠢᠭᠯᠡᠭᠦᠯᠦᠨ ᠬᠠᠷᠢᠭᠤᠯᠲᠠ ᠥᠭᠪᠡ᠂ ᠪᠣᠳᠠᠲᠠᠶ ᠠᠭᠤᠯᠭ᠎ᠠ ᠨᠢ ᠳᠣᠤᠷᠠᠬᠢ ᠮᠡᠲᠦ᠄      1. ᠪᠠᠭ᠎ᠠ ᠰᠤᠷᠭᠠᠭᠤᠯᠢ ᠠᠴᠠ ᠠᠩᠬ᠎ᠠ ᠳᠤᠮᠳᠠᠳᠤ ᠳᠤ ᠳᠡᠪᠰᠢᠬᠦ ᠰᠦᠯᠵᠢᠶᠡᠨ ᠳᠡᠭᠡᠷ᠎ᠡ ᠡᠷᠡᠮᠡᠯᠵᠡᠯ ᠲᠠᠭᠯᠠᠬᠤ ᠡᠬᠢᠯᠡᠬᠦ ᠪᠠ ᠲᠡᠭᠦᠰᠬᠦ ᠴᠠᠭ᠃      ᠬᠠᠷᠢᠭᠤᠯᠲᠠ᠄ 2021 ᠣᠨ ᠤ 6  ᠳ᠋ᠤᠭᠠᠷ ᠰᠠᠷ᠎ᠠ ᠶᠢᠨ 10 ᠤ ᠡᠳᠦᠷ ᠤᠨ 8᠄ 00 — 6  ᠳ᠋ᠤᠭᠠᠷ ᠰᠠᠷ᠎ᠠ ᠶᠢᠨ 20 ᠤ ᠡᠳᠦᠷ ᠤᠨ 18᠄ 00᠃      2. ᠬᠤᠲᠠ ᠶᠢᠨ ᠳᠥᠷᠪᠡᠨ ᠲᠣᠭᠤᠷᠢᠭ ᠤᠨ ᠠᠯᠪᠠᠨ ᠠᠴᠠ ᠡᠷᠭᠢᠯᠡᠭᠰᠡᠨ᠂ ᠠᠷᠠᠳ ᠠᠴᠠ ᠡᠷᠭᠢᠯᠡᠭᠰᠡᠨ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠺᠣᠮᠫᠢᠦ᠋ᠲ᠋ᠧᠷ ᠢᠶᠠᠷ ᠰᠤᠷᠭᠠᠭᠤᠯᠢ  ᠲᠣᠬᠢᠷᠠᠭᠤᠯᠵᠤ ᠡᠯᠰᠡᠬᠦ ᠪᠠ ᠺᠣᠮᠫᠢᠦ᠋ᠲ᠋ᠧᠷ ᠢᠶᠠᠷ ᠰᠤᠩᠭᠤᠨ ᠡᠯᠰᠡᠬᠦ ᠴᠠᠭ ᠃ ᠬᠠᠷᠢᠭᠤᠯᠲᠠ᠄ 2021 ᠣᠨ ᠤ 6 ᠳ᠋ᠤᠭᠠᠷ ᠰᠠᠷ᠎ᠠ ᠶᠢᠨ 23 ᠤ ᠡᠳᠦᠷ᠃      3. ᠪᠠᠭ᠎ᠠ ᠰᠤᠷᠭᠠᠭᠤᠯᠢ ᠠᠴᠠ ᠠᠩᠬ᠎ᠠ ᠳᠤᠮᠳᠠᠳᠤ ᠳᠤ ᠳᠡᠪᠰᠢᠬᠦ ᠺᠣᠮᠫᠢᠦ᠋ᠲ᠋ᠧᠷ ᠢᠶᠠᠷ ᠰᠤᠷᠭᠠᠭᠤᠯᠢ  ᠲᠣᠬᠢᠷᠠᠭᠤᠯᠵᠤ ᠡᠯᠰᠡᠬᠦ ᠪᠠ ᠺᠣᠮᠫᠢᠦ᠋ᠲ᠋ᠧᠷ ᠢᠶᠠᠷ ᠰᠤᠩᠭᠤᠨ ᠡᠯᠰᠡᠭᠰᠡᠨ ᠦᠷ᠎ᠡ ᠳ᠋ᠦᠩ ᠢ ᠬᠡᠷᠬᠢᠨ ᠯᠠᠪᠯᠠᠬᠤ ᠪᠤᠢ︖      ᠬᠠᠷᠢᠭᠤᠯᠲᠠ᠄ http://www.hhkszx.cn ᠳᠤ ᠭᠠᠷᠴᠤ᠂ ᠬᠥᠬᠡᠬᠤᠲᠠ ᠶᠢᠨ ᠰᠣᠷᠣᠭᠴᠢ ᠡᠯᠰᠡᠬᠦ ᠰᠢᠯᠭᠠᠯᠲᠠ ᠶᠢᠨ ᠮᠡᠳᠡᠭᠡ ᠵᠠᠩᠭᠢ ᠶᠢᠨ ᠰᠦᠯᠵᠢᠶᠡᠨ ᠳᠤ ᠣᠷᠣᠵᠤ᠂ ︽2021 ᠣᠨ ᠤ ᠪᠠᠭ᠎ᠠ ᠰᠤᠷᠭᠠᠭᠤᠯᠢ ᠠᠴᠠ ᠠᠩᠬ᠎ᠠ ᠳᠤᠮᠳᠠᠳᠤ ᠳᠤ ᠳᠡᠪᠰᠢᠬᠦ ᠰᠢᠯᠭᠠᠯᠲᠠ ᠶᠢᠨ ᠦᠷ᠎ᠡ ᠳ᠋ᠦᠩ ᠢ ᠯᠠᠪᠯᠠᠬᠤ︾ ᠤᠯᠠᠭᠠᠨ ᠥᠩᠭᠡ ᠶᠢᠨ ᠬᠥᠪᠦᠮᠡᠯ ᠴᠣᠩᠬᠤ ᠶᠢ ᠲᠣᠪᠴᠢᠳᠠᠨ᠂ ᠬᠥᠬᠡᠬᠤᠲᠠ ᠶᠢᠨ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠪᠠᠭ᠎ᠠ ᠰᠤᠷᠭᠠᠭᠤᠯᠢ ᠠᠴᠠ ᠠᠩᠬ᠎ᠠ ᠳᠤᠮᠳᠠᠳᠤ  ᠳᠤ ᠳᠡᠪᠰᠢᠬᠦ ᠰᠢᠯᠭᠠᠯᠲᠠ ᠶᠢᠨ ᠰᠦᠯᠵᠢᠶᠡᠨ ᠳᠡᠭᠡᠷ᠎ᠡ ᠨᠡᠷ᠎ᠡ ᠮᠡᠳᠡᠭᠦᠯᠬᠦ ᠦᠢᠯᠡᠴᠢᠯᠡᠭᠡᠨ ᠤ ᠲᠠᠪᠴᠠᠩ ᠳᠤ ᠣᠷᠣᠵᠤ᠂ ᠨᠡᠷ᠎ᠡ ᠮᠡᠳᠡᠭᠦᠯᠦᠭᠰᠡᠨ ᠨᠣᠮᠧᠷ᠂ ᠣᠪᠣᠭ ᠨᠡᠷ᠎ᠡ᠂ ᠨᠢᠭᠤᠴᠠ ᠨᠣᠮᠧᠷ᠂ ᠰᠢᠯᠭᠠᠨ ᠪᠠᠲᠤᠯᠠᠬᠤ ᠨᠣᠮᠧᠷ  ᠢᠶᠠᠨ ᠲᠠᠭᠯᠠᠵᠤ ᠬᠤᠪᠢ ᠬᠥᠮᠦᠨ ᠤ ᠡᠯᠰᠡᠭᠳᠡᠭᠰᠡᠨ ᠦᠷ᠎ᠡ ᠳ᠋ᠦᠩ ᠤᠨ ᠬᠠᠭᠤᠳᠠᠰᠤᠨ ᠳᠤ ᠤᠷᠤᠨ᠎ᠠ᠃      4. ᠪᠠᠭ᠎ᠠ ᠰᠤᠷᠭᠠᠭᠤᠯᠢ ᠲᠡᠭᠦᠰᠦᠭᠰᠡᠨ ᠰᠤᠷᠤᠭᠴᠢᠳ ᠬᠡᠷᠪᠡ ᠬᠤᠲᠠ ᠶᠢᠨ ᠲᠣᠭᠤᠷᠢᠭ ᠤᠨ ᠠᠯᠪᠠᠨ ᠠᠴᠠ ᠡᠷᠭᠢᠯᠡᠭᠰᠡᠨ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠺᠣᠮᠫᠢᠦ᠋ᠲ᠋ᠧᠷ ᠢᠶᠠᠷ ᠰᠤᠷᠭᠠᠭᠤᠯᠢ ᠲᠣᠬᠢᠷᠠᠭᠤᠯᠵᠤ ᠡᠯᠰᠡᠭᠳᠡᠭᠰᠡᠨ ᠤ ᠳᠠᠷᠠᠭ᠎ᠠ 6 ᠳ᠋ᠤᠭᠠᠷ ᠰᠠᠷ᠎ᠠ ᠶᠢᠨ 24-30 ᠤ ᠡᠳᠦᠷ ᠤᠨ ᠨᠢᠭᠡᠳᠦᠯᠲᠡᠶ ᠲᠣᠬᠢᠷᠠᠭᠤᠯᠤᠯᠲᠠ ᠳᠤ ᠣᠷᠣᠯᠴᠠᠵᠤ ᠪᠣᠯᠤᠨ᠎ᠠ ᠤᠤ ᠦᠭᠡᠢ ᠤᠤ︖      ᠬᠠᠷᠢᠭᠤᠯᠲᠠ᠄ ᠪᠣᠯᠬᠤ ᠦᠭᠡᠢ᠃      5. ᠪᠠᠭ᠎ᠠ ᠰᠤᠷᠭᠠᠭᠤᠯᠢ ᠲᠡᠭᠦᠰᠦᠭᠰᠡᠨ ᠰᠤᠷᠤᠭᠴᠢᠳ ᠬᠡᠷᠪᠡ ᠬᠤᠲᠠ ᠶᠢᠨ ᠲᠣᠭᠤᠷᠢᠭ ᠤᠨ ᠠᠷᠠᠳ ᠠᠴᠠ ᠡᠷᠭᠢᠯᠡᠭᠰᠡᠨ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠺᠣᠮᠫᠢᠦ᠋ᠲ᠋ᠧᠷ ᠢᠶᠠᠷ ᠰᠣᠩᠭᠤᠨ ᠡᠯᠰᠡᠭᠳᠡᠭᠰᠡᠨ ᠤ ᠳᠠᠷᠠᠭ᠎ᠠ᠂ 6  ᠳ᠋ᠤᠭᠠᠷ ᠰᠠᠷ᠎ᠠ ᠶᠢᠨ 24-30 ᠤ ᠡᠳᠦᠷ ᠤᠨ ᠨᠢᠭᠡᠳᠦᠯᠲᠡᠶ ᠲᠣᠬᠢᠷᠠᠭᠤᠯᠤᠯᠲᠠ ᠳᠤ ᠣᠷᠣᠯᠴᠠᠵᠤ ᠪᠣᠯᠤᠨ᠎ᠠ ᠤᠤ ᠦᠭᠡᠢ ᠤᠤ︖      ᠬᠠᠷᠢᠭᠤᠯᠲᠠ᠄ ᠪᠣᠯᠬᠤ ᠦᠭᠡᠢ᠃      6. ᠬᠤᠲᠠ ᠶᠢᠨ ᠲᠣᠭᠤᠷᠢᠭ ᠤᠨ ᠠᠷᠠᠳ ᠠᠴᠠ ᠡᠷᠭᠢᠯᠡᠭᠰᠡᠨ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠺᠣᠮᠫᠢᠦ᠋ᠲ᠋ᠧᠷ ᠢᠶᠠᠷ ᠰᠣᠩᠭᠤᠨ ᠡᠯᠰᠡᠭᠳᠡᠭᠰᠡᠨ ᠥᠬᠡᠶ ᠪᠠᠭ᠎ᠠ ᠰᠤᠷᠭᠠᠭᠤᠯᠢ ᠲᠡᠭᠦᠰᠦᠭᠰᠡᠨ ᠰᠣᠷᠣᠭᠴᠢ 6 ᠳ᠋ᠤᠭᠠᠷ ᠰᠠᠷ᠎ᠠ ᠶᠢᠨ 24 — 30 ᠤ ᠡᠳᠦᠷ ᠤᠨ ᠨᠢᠭᠡᠳᠦᠯᠲᠡᠶ ᠲᠣᠬᠢᠷᠠᠭᠤᠯᠤᠯᠲᠠ ᠳᠤ ᠣᠷᠣᠯᠴᠠᠵᠤ ᠪᠣᠯᠤᠨ᠎ᠠ ᠤᠤ ᠦᠭᠡᠢ ᠤᠤ︖      ᠬᠠᠷᠢᠭᠤᠯᠲᠠ᠄ ᠪᠣᠯᠤᠨ᠎ᠠ᠃      7. ᠺᠣᠮᠫᠢᠦ᠋ᠲ᠋ᠧᠷ ᠢᠶᠠᠷ ᠰᠤᠷᠭᠠᠭᠤᠯᠢ ᠲᠣᠬᠢᠷᠠᠭᠤᠯᠵᠤ ᠡᠯᠰᠡᠬᠦ ᠪᠤᠶᠤ ᠺᠣᠮᠫᠢᠦ᠋ᠲ᠋ᠧᠷ ᠢᠶᠠᠷ ᠰᠣᠩᠭᠤᠨ ᠡᠯᠰᠡᠬᠦ ᠳᠤ ᠣᠷᠣᠯᠴᠠᠭᠰᠠᠨ ᠥᠬᠡᠶ ᠪᠠᠭ᠎ᠠ ᠰᠤᠷᠭᠠᠭᠤᠯᠢ ᠲᠡᠭᠦᠰᠦᠭᠰᠡᠨ ᠰᠣᠷᠣᠭᠴᠢ 6 ᠳ᠋ᠤᠭᠠᠷ ᠰᠠᠷ᠎ᠠ ᠶᠢᠨ 24 — 30 ᠤ ᠡᠳᠦᠷ ᠤᠨ ᠨᠢᠭᠡᠳᠦᠯᠲᠡᠶ ᠲᠣᠬᠢᠷᠠᠭᠤᠯᠤᠯᠲᠠ ᠳᠤ ᠣᠷᠣᠯᠴᠠᠵᠤ ᠰᠤᠷᠭᠠᠭᠤᠯᠢ ᠳᠤ ᠣᠷᠣᠵᠤ ᠪᠣᠯᠬᠤ ᠤᠣ︖      ᠬᠠᠷᠢᠭᠤᠯᠲᠠ᠄ ᠪᠣᠯᠤᠨ᠎ᠠ᠃      8. ᠬᠤᠲᠠ ᠶᠢᠨ ᠳᠥᠷᠪᠡᠨ ᠲᠣᠭᠤᠷᠢᠭ ᠤᠨ ᠡᠷᠦᠬᠡ ᠠᠮᠠ ᠶᠢᠨ ᠲᠠᠩᠰᠠ ᠲᠠᠢ ᠪᠠᠭ᠎ᠠ ᠰᠤᠷᠭᠠᠭᠤᠯᠢ ᠲᠡᠭᠦᠰᠦᠭᠰᠡᠨ ᠰᠣᠷᠣᠭᠴᠢ ᠬᠤᠲᠠ ᠶᠢᠨ ᠲᠣᠭᠤᠷᠢᠭ ᠤᠨ ᠠᠷᠠᠳ ᠠᠴᠠ ᠡᠷᠭᠢᠯᠡᠭᠰᠡᠨ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠡᠷᠡᠮᠡᠯᠵᠡᠯ ᠲᠠᠭᠯᠠᠵᠤ ᠮᠡᠳᠡᠭᠦᠯᠵᠦ ᠪᠣᠯᠤᠨ᠎ᠠ ᠤᠤ ᠦᠭᠡᠢ ᠤᠤ︖      ᠬᠠᠷᠢᠭᠤᠯᠲᠠ᠄ ᠪᠣᠯᠤᠨ᠎ᠠ᠃      9. ᠬᠤᠲᠠ ᠶᠢᠨ ᠲᠣᠭᠤᠷᠢᠭ ᠤᠨ ᠠᠷᠠᠳ ᠠᠴᠠ ᠡᠷᠭᠢᠯᠡᠭᠰᠡᠨ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠡᠷᠡᠮᠡᠯᠵᠡᠯ ᠢᠶᠠᠨ ᠲᠠᠭᠯᠠᠵᠤ ᠮᠡᠳᠡᠭᠦᠯᠦᠭᠰᠡᠨ ᠰᠣᠷᠣᠭᠴᠢ ᠶᠢᠨ ᠡᠷᠡᠮᠡᠯᠵᠡᠯ ᠲᠠᠭᠯᠠᠭᠰᠠᠨ ᠬᠥᠮᠦᠨ ᠤ ᠲᠤᠭ᠎ᠠ ᠨᠢ ᠲᠣᠰ ᠰᠤᠷᠭᠠᠭᠤᠯᠢ ᠶᠢᠨ ᠲᠤᠬᠠᠶ ᠶᠢᠨ ᠵᠢᠯ ᠤᠨ ᠰᠣᠷᠣᠭᠴᠢ ᠡᠯᠰᠡᠬᠦ ᠲᠥᠯᠥᠪᠯᠡᠭᠡ ᠠᠴᠠ ᠬᠡᠲᠦᠷᠡᠭᠰᠡᠨ ᠥᠬᠡᠶ ᠪᠠᠶᠢᠪᠠᠯ᠂ ᠰᠦᠯᠵᠢᠶᠡᠨ ᠳᠡᠭᠡᠷ᠎ᠡ ᠡᠷᠡᠮᠡᠯᠵᠡᠯ ᠲᠠᠭᠯᠠᠵᠤ ᠳᠠᠭᠤᠰᠤᠭᠰᠠᠨ ᠤ ᠳᠠᠷᠠᠭ᠎ᠠ ᠰᠢᠭᠤᠳ ᠡᠯᠰᠡᠨ᠎ᠡ ᠤᠤ︖      ᠬᠠᠷᠢᠭᠤᠯᠲᠠ᠄ ᠲᠡᠶᠢᠮᠦ᠃      10. ᠬᠤᠲᠠ ᠶᠢᠨ ᠲᠣᠭᠤᠷᠢᠭ ᠤᠨ ᠠᠯᠪᠠᠨ ᠠᠴᠠ ᠡᠷᠭᠢᠯᠡᠭᠰᠡᠨ᠂ ᠠᠷᠠᠳ ᠠᠴᠠ ᠡᠷᠭᠢᠯᠡᠭᠰᠡᠨ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠺᠣᠮᠫᠢᠦ᠋ᠲ᠋ᠧᠷ ᠢᠶᠠᠷ ᠰᠤᠷᠭᠠᠭᠤᠯᠢ ᠲᠣᠬᠢᠷᠠᠭᠤᠯᠵᠤ ᠡᠯᠰᠡᠭᠰᠡᠨ ᠪᠤᠶᠤ ᠺᠣᠮᠫᠢᠦ᠋ᠲ᠋ᠧᠷ ᠢᠶᠠᠷ ᠰᠣᠩᠭᠤᠨ ᠡᠯᠰᠡᠭᠰᠡᠨ ︵ᠨᠢᠭᠡᠳᠦᠯᠲᠡᠶ ᠲᠥᠯᠥᠪᠯᠡᠨ ᠲᠣᠬᠢᠷᠠᠭᠤᠯᠵᠤ ᠰᠤᠷᠭᠠᠭᠤᠯᠢ ᠳᠤ  ᠡᠯᠰᠡᠭᠰᠡᠨ ᠢ ᠪᠠᠭᠲᠠᠭᠠᠨ᠎ᠠ︶ ᠮᠥᠷᠲᠡᠭᠡᠨ ᠡᠯᠰᠡᠭᠳᠡᠭᠰᠡᠨ ᠰᠤᠷᠭᠠᠭᠤᠯᠢ ᠳᠤ ᠵᠠᠯᠭᠠᠭ᠎ᠠ ᠪᠠᠷ ᠭᠤᠷᠪᠠᠨ ᠵᠢᠯ ᠰᠤᠷᠤᠯᠴᠠᠭᠰᠠᠨ ᠰᠣᠷᠣᠭᠴᠢ ᠪᠦᠬᠦᠨ 2024 ᠣᠨ ᠤ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠢᠯᠭᠠᠯᠲᠠ ᠳᠤ ᠣᠷᠣᠯᠴᠠᠬᠤ ᠳᠤ ︽ᠰᠠᠯᠭᠠᠨ ᠡᠯᠰᠡᠬᠦ︾ ᠬᠢᠷᠢ ᠬᠡᠮ ᠲᠠᠢ ᠤᠤ︖      ᠬᠠᠷᠢᠭᠤᠯᠲᠠ᠄ ᠲᠡᠶᠢᠮᠦ᠃      11. ᠠᠯᠪᠠᠨ ᠠᠴᠠ ᠡᠷᠬᠢᠯᠡᠭᠰᠡᠨ ᠰᠤᠷᠭᠠᠭᠤᠯᠢ ᠳᠤ ᠡᠷᠡᠮᠡᠯᠵᠡᠯ ᠲᠠᠭᠯᠠᠵᠤ ᠨᠡᠷ᠎ᠡ ᠮᠡᠳᠡᠭᠦᠯᠬᠦ ᠳᠤ ᠨᠢᠭᠡᠳᠦᠭᠡᠷ ᠡᠷᠡᠮᠡᠯᠵᠡᠯ ᠲᠠᠭᠯᠠᠨ ᠨᠡᠷ᠎ᠡ ᠮᠡᠳᠡᠭᠦᠯᠦᠭᠰᠡᠨ ᠬᠥᠮᠦᠨ ᠤ ᠲᠤᠭ᠎ᠠ ᠶᠢ ᠴᠠᠭ ᠲᠤᠬᠠᠶ ᠳᠤᠨᠢ ᠣᠯᠵᠤ ᠦᠵᠡᠵᠦ ᠪᠣᠯᠬᠤ ᠤᠤ ᠬᠠᠷᠢᠭᠤᠯᠲᠠ᠄ ᠪᠣᠯᠤᠨ᠎ᠠ᠃      12. ᠠᠷᠠᠳ ᠠᠴᠠ ᠡᠷᠬᠢᠯᠡᠭᠰᠡᠨ ᠰᠤᠷᠭᠠᠭᠤᠯᠢ ᠳᠤ ᠡᠷᠡᠮᠡᠯᠵᠡᠯ ᠲᠠᠭᠯᠠᠵᠤ ᠨᠡᠷ᠎ᠡ ᠮᠡᠳᠡᠭᠦᠯᠬᠦ ᠳᠤ  ᠨᠡᠷ᠎ᠡ ᠮᠡᠳᠡᠭᠦᠯᠦᠭᠰᠡᠨ ᠬᠥᠮᠦᠨ ᠤ ᠲᠤᠭ᠎ᠠ ᠶᠢ ᠴᠠᠭ ᠲᠤᠬᠠᠶ ᠳᠤᠨᠢ ᠣᠯᠵᠤ ᠦᠵᠡᠵᠦ ᠪᠣᠯᠬᠤ ᠤᠤ︖ ᠬᠠᠷᠢᠭᠤᠯᠲᠠ᠄ ᠪᠣᠯᠤᠨ᠎ᠠ᠃      13. ᠰᠤᠷᠤᠭᠴᠢ ᠪᠠ ᠭᠡᠷ ᠤᠨ ᠠᠬᠠᠮᠠᠳ ᠡᠷᠡᠮᠡᠯᠵᠡᠯ ᠲᠠᠭᠯᠠᠬᠤ ᠬᠤᠭᠤᠴᠠᠭᠠᠨ ᠳᠤ ᠬᠡᠵᠢᠶ᠎ᠡ ᠴᠦ ᠭᠡᠰᠡᠨ ᠡᠷᠡᠮᠡᠯᠵᠡᠯ ᠢᠶᠠᠨ ᠵᠠᠰᠠᠵᠤ ᠪᠣᠯᠬᠤ ᠤᠤ︖      ᠬᠠᠷᠢᠭᠤᠯᠲᠠ᠄ ᠪᠣᠯᠤᠨ᠎ᠠ᠃      14. ᠰᠤᠷᠭᠠᠭᠤᠯᠢ ᠳᠤ ᠪᠠᠶᠢᠭ᠎ᠠ ᠪᠠᠭ᠎ᠠ ᠰᠤᠷᠭᠠᠭᠤᠯᠢ ᠲᠡᠭᠦᠰᠬᠦ ᠰᠣᠷᠣᠭᠴᠢ ᠶᠢᠨ ︽2021 ᠣᠨ ᠤ ᠬᠥᠬᠡᠬᠤᠲᠠ ᠶᠢᠨ ᠬᠤᠲᠠ ᠶᠢᠨ ᠲᠣᠭᠤᠷᠢᠭ ᠤᠨ ᠪᠠᠭ᠎ᠠ ᠰᠤᠷᠭᠠᠭᠤᠯᠢ ᠠᠴᠠ ᠠᠩᠬ᠎ᠠ ᠳᠤᠮᠳᠠᠳᠤ ᠳᠤ ᠳᠡᠪᠰᠢᠬᠦ  ᠡᠷᠡᠮᠡᠯᠵᠡᠯ ᠤᠨ ᠮᠡᠳᠡᠭᠡ ᠵᠠᠩᠭᠢ ᠶᠢᠨ ᠨᠤᠲᠠᠯᠠᠯᠲᠠ ᠶᠢᠨ ᠬᠦᠰᠦᠨᠦᠭᠲᠦ︾ ᠶᠢ ᠬᠡᠷ ᠤᠨ ᠠᠬᠠᠮᠠᠳ ᠭᠠᠷ ᠤᠨ ᠥᠰᠥᠭ ᠵᠢᠷᠤᠭᠰᠠᠨ ᠤ ᠳᠠᠷᠠᠭ᠎ᠠ ᠬᠠᠮᠢᠭ᠎ᠠ ᠲᠤᠰᠢᠶᠠᠪᠠᠯ ᠲᠠᠭᠠᠷᠠᠬᠤ ᠪᠣᠶ︖      ᠬᠠᠷᠢᠭᠤᠯᠲᠠ᠄ ᠰᠤᠷᠤᠯᠭ᠎ᠠ ᠲᠡᠭᠦᠰᠦᠭᠰᠡᠨ ᠰᠤᠷᠭᠠᠭᠤᠯᠢ ᠳᠤ ᠪᠠᠨ ᠲᠤᠰᠢᠶᠠᠨ᠎ᠠ᠃      15. ᠨᠡᠶᠢᠭᠡᠮ ᠤᠨ ᠲᠠᠷᠠᠬᠠᠶ ᠪᠤᠲᠠᠷᠬᠠᠶ ᠰᠤᠷᠤᠭᠴᠢᠳ ᠤᠨ ︽2021 ᠣᠨ ᠤ ᠬᠥᠬᠡᠬᠤᠲᠠ ᠶᠢᠨ ᠲᠣᠭᠤᠷᠢᠭ ᠤᠨ ᠪᠠᠭ᠎ᠠ ᠰᠤᠷᠭᠠᠭᠤᠯᠢ ᠠᠴᠠ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠳᠡᠪᠰᠢᠬᠦ  ᠡᠷᠡᠮᠡᠯᠵᠡᠯ ᠤᠨ ᠮᠡᠳᠡᠭᠡ ᠵᠠᠩᠭᠢ ᠶᠢᠨ ᠨᠤᠲᠠᠯᠠᠯᠲᠠ ᠶᠢᠨ ᠬᠦᠰᠦᠨᠦᠭᠲᠦ︾ ᠶᠢ ᠬᠡᠷ ᠤᠨ ᠠᠬᠠᠮᠠᠳ ᠭᠠᠷ ᠤᠨ ᠦᠰᠦᠭ ᠵᠢᠷᠤᠭᠰᠠᠨ ᠤ ᠳᠠᠷᠠᠭ᠎ᠠ ᠬᠠᠮᠢᠭ᠎ᠠ ᠲᠤᠰᠢᠶᠠᠪᠠᠯ ᠲᠠᠭᠠᠷᠠᠬᠤ ᠪᠤᠶ︖      ᠬᠠᠷᠢᠭᠤᠯᠲᠠ᠄ ᠬᠠᠷᠢᠶ᠎ᠠ ᠲᠣᠭᠤᠷᠢᠭ ᠤᠨ ᠰᠤᠷᠭᠠᠨ ᠬᠥᠮᠦᠵᠢᠯ ᠤᠨ ᠲᠣᠪᠴᠢᠶ᠎ᠠ ᠶᠢᠨ ᠰᠠᠭᠤᠷᠢ ᠰᠤᠷᠭᠠᠨ ᠬᠥᠮᠦᠵᠢᠯ ᠤᠨ ᠰᠠᠯᠠᠭ᠎ᠠ ︵ᠲᠠᠰᠤᠭ︶ ᠳᠤ ᠲᠤᠰᠢᠶᠠᠨ᠎ᠠ᠃
 
ᠢᠷᠡᠯᠲᠡ᠄ ᠬᠦᠬᠡᠬᠤᠲᠠ ᠶᠢᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号