ᠣᠶᠢᠷ᠎ᠠ ᠳᠤ ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠶᠢᠨ ᠬᠥᠬᠡᠬᠤᠲᠠ ᠶᠢᠨ ᠡᠵᠡᠩᠨᠡᠯᠲᠡ ᠶᠢᠨ | ᠬᠡᠯᠲᠡᠰ ᠠᠴᠠ ᠣᠶᠢᠯᠠᠭᠠᠭᠰᠠᠨ ᠢᠶᠠᠷ᠂ 12 ᠳ᠋ᠤᠭᠠᠷ ᠰᠠᠷ᠎ᠠ ᠶᠢᠨ 9 ᠤ ᠡᠳᠦᠷ ᠠᠴᠠ ᠡᠬᠢᠯᠡᠨ ᠤᠯᠤᠰ ᠤᠨ ᠠᠭᠠᠷ ᠤᠨ | ᠠᠶᠠᠯᠠᠯ ᠤᠨ ᠺᠣᠮᠫᠠᠨᠢ ᠬᠥᠬᠡᠬᠤᠲᠠ ︱ ᠪᠠᠶᠠᠨᠨᠠᠭᠤᠷ᠂ ᠪᠠᠶᠠᠨᠨᠠᠭᠤᠷ ︱ ᠪᠡᠭᠡᠵᠢᠩ ᠤᠨ ᠡᠭᠡᠯᠵᠢ ᠶᠢᠨ ᠨᠢᠰᠬᠡᠯ ᠤᠨ | ᠠᠶᠠᠯᠠᠯ ᠢ ᠰᠡᠷᠭᠦᠭᠡᠬᠦ ᠪᠠᠷ ᠪᠣᠢ᠃ ᠬᠥᠬᠡᠬᠤᠲᠠ ᠠᠴᠠ ᠪᠠᠶᠠᠨᠨᠠᠭᠤᠷ ᠬᠦᠷᠬᠦ ᠨᠢᠰᠬᠡᠯ ᠡᠳᠦᠷ ᠲᠤ ᠬᠤᠶᠠᠷ ᠡᠭᠡᠯᠵᠢ ᠲᠠᠢ | ᠂ ARJ21 ᠬᠡᠯᠪᠡᠷᠢ ᠶᠢᠨ ᠨᠢᠰᠬᠡᠯ︔ ᠪᠠᠶᠠᠨᠨᠠᠭᠤᠷ ᠠᠴᠠ ᠪᠡᠭᠡᠵᠢᠩ ᠬᠦᠷᠬᠦ ᠨᠢᠰᠬᠡᠯ ᠡᠳᠦᠷ ᠪᠦᠷᠢ ᠨᠢᠭᠡ ᠡᠭᠡᠯᠵᠢ | ᠲᠠᠢ᠂ ᠪᠤᠤᠶ᠋ᠢᠩ 737 ︱ 800 ᠬᠡᠯᠪᠡᠷᠢ ᠶᠢᠨ ᠪᠣᠯᠣᠨ᠎ᠠ᠃ | ᠪᠣᠳᠠᠲᠠᠢ ᠠᠶᠠᠯᠠᠯ ᠤᠨ ᠴᠠᠭ ᠨᠢ᠄ | 1. ᠬᠥᠬᠡᠬᠤᠲᠠ ᠠᠴᠠ ᠪᠠᠶᠠᠨᠨᠠᠭᠤᠷ ︵CA8173︶ ᠬᠦᠷᠬᠦ ᠨᠢᠰᠬᠡᠯ 08᠄ 40 ᠲᠤ ᠨᠢᠰᠴᠦ᠂ 09᠄ | 45 ᠲᠤ ᠪᠠᠭᠤᠨ᠎ᠠ︔ ᠪᠠᠶᠠᠨᠨᠠᠭᠤᠷ ᠠᠴᠠ ᠬᠥᠬᠡᠬᠤᠲᠠ ︵CA8174︶ ᠬᠦᠷᠬᠦ ᠨᠢᠰᠬᠡᠯ 10᠄ 45 ᠲᠤ | ᠨᠢᠰᠴᠦ᠂ 11᠄ 55 ᠲᠤ ᠪᠠᠭᠤᠨ᠎ᠠ᠃ | 2. ᠬᠥᠬᠡᠬᠤᠲᠠ ᠠᠴᠠ ᠪᠠᠶᠠᠨᠨᠠᠭᠤᠷ ︵CA8175︶ ᠬᠦᠷᠬᠦ ᠨᠢᠰᠬᠡᠯ 17᠄ 10 ᠲᠤ ᠨᠢᠰᠴᠦ᠂ 18᠄ | 15 ᠲᠤ ᠪᠠᠭᠤᠨ᠎ᠠ︔ ᠪᠠᠶᠠᠨᠨᠠᠭᠤᠷ ᠠᠴᠠ ᠬᠥᠬᠡᠬᠤᠲᠠ ︵CA8176︶ ᠬᠦᠷᠬᠦ ᠨᠢᠰᠬᠡᠯ 19᠄ 15 ᠲᠤ | ᠨᠢᠰᠴᠦ᠂ 20᠄ 25 ᠲᠤ ᠪᠠᠭᠤᠨ᠎ᠠ᠃ | 3. ᠪᠠᠶᠠᠨᠨᠠᠭᠤᠷ ᠠᠴᠠ ᠪᠡᠭᠡᠵᠢᠩ ︵CA1148︶ ᠬᠦᠷᠬᠦ ᠨᠢᠰᠬᠡᠯ 10᠄ 00 ᠲᠤ ᠨᠢᠰᠴᠦ᠂ 11᠄ | 40 ᠲᠤ ᠪᠠᠭᠤᠨ᠎ᠠ︔ ᠪᠡᠭᠡᠵᠢᠩᠡᠴᠡ ᠪᠠᠶᠠᠨᠨᠠᠭᠤᠷ ︵CA1147︶ ᠨᠢᠰᠬᠡᠯ 07:20 ᠲᠤ ᠨᠢᠰᠴᠦ᠂ 09: | 15 ᠲᠤ ᠪᠠᠭᠤᠨ᠎ᠠ᠃ | ᠨᠠᠩ ᠣᠯᠠᠨ ᠨᠠᠷᠢᠨ ᠪᠠᠶᠢᠳᠠᠯ ᠢ ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠶᠢᠨ ᠠᠯᠪᠠᠨ ᠰᠦᠯᠵᠢᠶ᠎ᠡ᠂ | ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠶᠢᠨ App᠂ ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠶᠢᠨ | ᠠᠯᠪᠠᠨ ᠤ ᠸᠢᠴᠠᠲ ᠪᠠ ᡁᠢ ᠹᠦ᠋ ᠪᠣᠣ ᠶᠢᠨ ᠫᠷᠣᠭ᠍ᠷᠠᠮ ᠢᠶᠠᠷ ᠪᠤᠶᠤ ᠤᠯᠤᠰ ᠤᠨ ᠠᠭᠠᠷ ᠤᠨ ᠠᠶᠠᠯᠠᠯ ᠤᠨ ᠺᠣᠮᠫᠠᠨᠢ ᠶᠢᠨ | ᠪᠣᠷᠤᠯᠠᠭᠤᠯᠭ᠎ᠠ ᠶᠢᠨ ᠦᠢᠯᠡᠴᠢᠯᠡᠭᠡᠨ ᠤ ᠤᠲᠠᠰᠤ 95583 ᠪᠠᠷ ᠬᠤᠯᠪᠤᠭ᠎ᠠ ᠠᠪᠴᠤ ᠣᠶᠢᠯᠠᠭᠠᠵᠤ ᠪᠣᠯᠣᠨ᠎ᠠ᠃ |