ᠲᠦᠷᠦᠭᠦᠦ 5 ᠰᠠᠷ᠎ᠠ ᠳᠤ ᠥᠪᠡᠷᠲᠡᠭᠡᠨ ᠵᠠᠰᠠᠬᠤ ᠣᠷᠣᠨ ᠤ ᠭᠠᠳᠠᠭᠠᠳᠤ ᠠᠷᠠᠯᠵᠢᠶ᠎ᠠ ᠶᠢᠨ ᠭᠠᠳᠠᠭᠠᠳᠤ ᠣᠷᠣᠭᠤᠯᠤᠯᠲᠠ ᠭᠠᠷᠭᠠᠯᠲᠠ ᠶᠢᠨ ᠶᠡᠷᠦᠩᠬᠡᠢ ᠥᠷᠲᠡᠭ 12.6% ᠪᠠᠷ ᠨᠡᠮᠡᠭᠳᠡᠪᠡ
ᠨᠡᠶᠢᠲᠡᠯᠡᠭᠰᠡᠨ ᠴᠠᠭ᠄
2022/6/15
     ᠬᠥᠬᠡᠬᠤᠲᠠ ᠶᠢᠨ ᠪᠣᠭᠤᠮᠲᠠ ᠠᠴᠠ ᠣᠶᠢᠯᠠᠭᠠᠭᠰᠠᠨ ᠢᠶᠠᠷ᠂ ᠲᠦᠷᠦᠭᠦᠦ 5 ᠰᠠᠷ᠎ᠠ ᠳᠤ᠂ ᠥᠪᠡᠷᠲᠡᠭᠡᠨ ᠵᠠᠰᠠᠬᠤ ᠣᠷᠣᠨ ᠤ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠭᠰᠠᠨ ᠶᠡᠷᠦᠩᠬᠡᠢ ᠥᠷᠲᠡᠭ 546 ᠳ᠋ᠦᠩᠰᠢᠭᠤᠷ ᠲᠥᠭᠦᠷᠢᠭ ᠲᠤ ᠬᠦᠷᠴᠦ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ ︵ᠳᠣᠣᠷ᠎ᠠ ᠴᠥᠮ ᠠᠳᠠᠯᠢ︶ 12.6% ᠪᠠᠷ ᠨᠡᠮᠡᠭᠳᠡᠨ᠂ ᠪᠥᠬᠦ ᠤᠯᠤᠰ ᠤᠨ ᠭᠠᠳᠠᠭᠠᠳᠤ ᠠᠷᠠᠯᠵᠢᠶᠠᠨ ᠤ ᠨᠡᠮᠡᠭᠳᠡᠯ ᠤᠨ ᠬᠤᠷᠳᠤᠴᠠ ᠠᠴᠠ 4.3 ᠵᠠᠭᠤᠨ ᠤ ᠴᠡᠭ ᠥᠨᠳᠥᠷ ᠪᠣᠯᠵᠠᠢ᠃ ᠡᠭᠦᠨ ᠤ ᠳᠣᠲᠣᠷ᠎ᠠ᠂ ᠭᠠᠳᠠᠭᠠᠳᠤ ᠳᠤ ᠭᠠᠷᠭᠠᠭᠰᠠᠨ ᠬᠡᠮᠵᠢᠶ᠎ᠡ 240.1 ᠳ᠋ᠦᠩᠰᠢᠭᠤᠷ ᠲᠥᠭᠦᠷᠢᠭ ᠲᠤ ᠬᠦᠷᠴᠦ᠂ 31.3% ᠪᠠᠷ ᠨᠡᠮᠡᠭᠳᠡᠪᠡ︔ ᠭᠠᠳᠠᠭᠠᠳᠤ ᠠᠴᠠ ᠣᠷᠣᠭᠤᠯᠤᠭᠰᠠᠨ ᠬᠡᠮᠵᠢᠶ᠎ᠡ 305.9 ᠳ᠋ᠦᠩᠰᠢᠭᠤᠷ ᠲᠥᠭᠦᠷᠢᠭ ᠲᠤ ᠬᠦᠷᠴᠦ᠂ 1.3% ᠪᠠᠷ ᠨᠡᠮᠡᠭᠳᠡᠪᠡ᠃      ᠠᠷᠠᠯᠵᠢᠶᠠᠨ ᠤ ᠠᠷᠭ᠎ᠠ ᠮᠠᠶ᠋ᠢᠭ ᠠᠴᠠ ᠠᠪᠴᠤ ᠦᠵᠡᠪᠡᠯ᠂ ᠡᠩ ᠤᠨ ᠠᠷᠠᠯᠵᠢᠶᠠᠨ ᠤ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠬᠠᠷᠢᠴᠠᠯ ᠠᠯᠬᠤᠮ ᠠᠯᠬᠤᠮ ᠢᠶᠠᠷ ᠨᠡᠮᠡᠭᠳᠡᠵᠦ᠂ ᠲᠦᠷᠦᠭᠦᠸ 5 ᠰᠠᠷ᠎ᠠ ᠳᠤ᠂ ᠡᠩ ᠤᠨ ᠠᠷᠠᠯᠵᠢᠶ᠎ᠠ ᠶᠢᠨ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠭᠰᠠᠨ ᠬᠡᠮᠵᠢᠶ᠎ᠡ 381.4 ᠳ᠋ᠦᠩᠰᠢᠭᠤᠷ ᠲᠥᠭᠦᠷᠢᠭ ᠲᠤ ᠬᠦᠷᠴᠦ᠂ 15.6% ᠪᠠᠷ ᠨᠡᠮᠡᠭᠳᠡᠨ᠂ ᠥᠪᠡᠷᠲᠡᠭᠡᠨ ᠵᠠᠰᠠᠬᠤ ᠣᠷᠣᠨ ᠤ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠶᠡᠷᠦᠩᠬᠡᠢ ᠥᠷᠲᠡᠭ ᠤᠨ 69.9% ᠶᠢ ᠡᠵᠡᠯᠡᠪᠡ᠃ ᠠᠷᠠᠯᠵᠢᠶᠠᠨ ᠤ ᠤᠯᠤᠰ ᠤᠨ ᠢᠯᠭᠠᠯ ᠠᠴᠠ ᠠᠪᠴᠤ ᠦᠵᠡᠪᠡᠯ᠂ ︽ᠨᠢᠭᠡ ᠪᠦᠰᠡ ᠨᠢᠭᠡ ᠵᠠᠮ︾ ᠳᠠᠭᠠᠤ ᠶᠢᠨ ᠤᠯᠤᠰ᠂ RCEP ᠶᠢᠨ ᠪᠦᠷᠢᠯᠳᠦᠭᠦᠨ ᠤᠯᠤᠰ᠂ ᠵᠡᠭᠦᠨ ᠡᠮᠦᠨᠡᠲᠦ ᠠᠽᠢᠶ᠎ᠠ ᠶᠢᠨ ᠤᠯᠤᠰ ᠤᠳ ᠤᠨ ᠬᠤᠯᠪᠣᠭ᠎ᠠ᠂ ᠡᠸᠦ᠋ᠷᠦᠫᠡ ᠲᠢᠪ ᠤᠨ ᠤᠯᠤᠰ ᠤᠳ ᠤᠨ ᠬᠤᠯᠪᠣᠭ᠎ᠠ ᠶᠢᠨ ᠭᠠᠳᠠᠭᠠᠳᠤ ᠣᠷᠣᠭᠤᠯᠤᠯᠲᠠ ᠭᠠᠷᠭᠠᠯᠲᠠ ᠲᠤᠰ ᠲᠤᠰ 311.4 ᠳ᠋ᠦᠩᠰᠢᠭᠤᠷ᠂ 154.9 ᠳ᠋ᠦᠩᠰᠢᠭᠤᠷ᠂ 61.5 ᠳ᠋ᠦᠩᠰᠢᠭᠤᠷ᠂ 37.8 ᠳ᠋ᠦᠩᠰᠢᠭᠤᠷ ᠲᠥᠭᠦᠷᠢᠭ ᠲᠤ ᠬᠦᠷᠴᠦ᠂ ᠲᠤᠰ ᠲᠤᠰ 11.8%᠂ 11%᠂ 41.3%᠂ 58% ᠪᠠᠷ ᠨᠡᠮᠡᠭᠳᠡᠵᠦ᠂ ᠨᠡᠮᠡᠭᠳᠡᠯ ᠤᠨ ᠬᠠᠨᠳᠤᠰᠢ ᠮᠠᠰᠢ ᠰᠠᠶᠢᠨ ᠪᠠᠶᠢᠨ᠎ᠠ᠃ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠭᠤᠣᠯ ᠬᠦᠴᠦᠨ ᠤ ᠦᠢᠯᠡᠳᠦᠯ ᠲᠠᠰᠤᠷᠠᠯᠲᠠ ᠦᠭᠡᠢ ᠲᠣᠪᠣᠶᠢᠮ᠎ᠠ ᠪᠣᠯᠪᠠ᠃ᠲᠦᠷᠦᠭᠦᠸ 5 ᠰᠠᠷ᠎ᠠ ᠳᠤ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠭᠠᠳᠠᠭᠠᠳᠤ ᠣᠷᠣᠭᠤᠯᠤᠯᠲᠠ ᠭᠠᠷᠭᠠᠯᠲᠠ 366.3 ᠳ᠋ᠦᠩᠰᠢᠭᠤᠷ ᠲᠥᠭᠦᠷᠢᠭ ᠲᠤ ᠬᠦᠷᠴᠦ᠂ 18.8% ᠪᠠᠷ ᠨᠡᠮᠡᠭᠳᠡᠨ᠂ ᠥᠪᠡᠷᠲᠡᠭᠡᠨ ᠵᠠᠰᠠᠬᠤ ᠣᠷᠣᠨ ᠤ ᠭᠠᠳᠠᠭᠠᠳᠤ ᠣᠷᠣᠭᠤᠯᠤᠯᠲᠠ ᠭᠠᠷᠭᠠᠯᠲᠠ ᠶᠢᠨ ᠶᠡᠷᠦᠩᠬᠡᠢ ᠥᠷᠲᠡᠭ ᠤᠨ 67.1% ᠶᠢ ᠡᠵᠡᠯᠡᠪᠡ᠃ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠭᠤᠣᠯ ᠪᠣᠯᠬᠤ ᠲᠠᠸᠠᠷ ᠤᠨ ᠨᠡᠮᠡᠭᠳᠡᠯ ᠤᠨ ᠬᠡᠮᠵᠢᠶ᠎ᠡ ᠢᠯᠡᠳᠲᠡ ᠪᠣᠯᠪᠠ᠃ ᠡᠭᠦᠨ ᠳᠤ᠂ ᠲᠦᠷᠦᠭᠦᠦ 5 ᠰᠠᠷ᠎ᠠ ᠳᠤ ᠭᠠᠳᠠᠭᠠᠳᠤ ᠳᠤ ᠭᠠᠷᠭᠠᠭᠰᠠᠨ ᠮᠠᠰᠢᠨ ᠴᠠᠬᠢᠯᠭᠠᠨ ᠤ ᠦᠢᠯᠡᠳᠬᠦᠨ 41.6 ᠳ᠋ᠦᠩᠰᠢᠭᠤᠷ ᠲᠥᠭᠦᠷᠢᠭ᠂ ᠲᠡᠮᠦᠷ ᠤᠨ ᠬᠠᠶᠢᠯᠤᠰᠢ 10.4 ᠳ᠋ᠦᠩᠰᠢᠭᠤᠷ ᠲᠥᠭᠦᠷᠢᠭ᠂ ᠬᠤᠪᠣᠷ ᠰᠢᠷᠣᠢ ᠵᠢᠴᠢ ᠲᠡᠭᠦᠨ ᠤ ᠦᠢᠯᠡᠳᠬᠦᠨ 9 ᠳ᠋ᠦᠩᠰᠢᠭᠤᠷ ᠲᠥᠭᠦᠷᠢᠭ᠂ ᠳᠠᠪᠲᠠᠨ ᠬᠡᠪᠰᠢᠭᠦᠯᠦᠭᠡᠳᠦᠢ ᠬᠥᠩᠭᠡᠨ ᠴᠠᠭᠠᠨ ᠵᠢᠴᠢ ᠬᠥᠩᠭᠡᠨ ᠴᠠᠭᠠᠨ ᠤ ᠮᠠᠲ᠋ᠧᠷᠢᠶᠠᠯ 8.5 ᠳ᠋ᠦᠩᠰᠢᠭᠤᠷ ᠲᠥᠭᠦᠷᠢᠭ ᠲᠤ ᠬᠦᠷᠴᠦ᠂ ᠲᠤᠰ ᠲᠤᠰ 69.1%᠂ 354.1%᠂ 121.2%᠂ 145.2% ᠢᠶᠠᠷ ᠨᠡᠮᠡᠭᠳᠡᠪᠡ︔ ᠠᠳᠠᠯᠢ ᠬᠤᠭᠤᠴᠠᠭᠠᠨ ᠳᠤ᠂ ᠭᠠᠳᠠᠭᠠᠳᠤ ᠠᠴᠠ ᠣᠷᠣᠭᠤᠯᠤᠭᠰᠠᠨ ᠨᠡᠭᠦᠷᠡᠰᠦ 53.5 ᠳ᠋ᠦᠩᠰᠢᠭᠤᠷ ᠲᠥᠭᠦᠷᠢᠭ᠂ ᠪᠣᠷᠳᠣᠭᠤᠷ 9.4 ᠳ᠋ᠦᠩᠰᠢᠭᠤᠷ ᠲᠥᠭᠦᠷᠢᠭ ᠲᠤ ᠬᠦᠷᠴᠦ᠂ ᠲᠣᠰ ᠲᠣᠰ 35.5%᠂ 52.5% ᠪᠠᠷ ᠨᠡᠮᠡᠭᠳᠡᠪᠡ᠃ ᠪᠥᠬᠦ ᠣᠷᠣᠨ ᠤ ᠡᠯ᠎ᠡ ᠠᠶᠢᠮᠠᠭ ᠬᠤᠲᠠ ᠶᠢᠨ ᠳᠣᠲᠣᠷ᠎ᠠ᠂ ᠪᠠᠶᠠᠨᠨᠠᠭᠤᠷ ᠬᠤᠲᠠ ᠶᠢᠨ ᠭᠠᠳᠠᠭᠠᠳᠤ ᠣᠷᠣᠭᠤᠯᠤᠯᠲᠠ ᠭᠠᠷᠭᠠᠯᠲᠠ ᠶᠢᠨ ᠥᠷᠲᠡᠭ 120.6 ᠳ᠋ᠦᠩᠰᠢᠭᠤᠷ ᠲᠥᠭᠦᠷᠢᠭ ᠲᠤ ᠬᠦᠷᠴᠦ᠂ ᠲᠡᠷᠢᠭᠦᠨ ᠳᠤ ᠪᠠᠶᠢᠷᠢᠯᠠᠪᠠ︔ ᠪᠤᠭᠤᠲᠤ᠂ ᠬᠥᠬᠡᠬᠤᠲᠠ᠂ ᠣᠷᠳᠣᠰ ᠭᠤᠷᠪᠠᠨ ᠬᠤᠲᠠ ᠳᠠᠷᠠᠭᠠᠯᠠᠵᠤ᠂ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠭᠰᠠᠨ ᠥᠷᠲᠡᠭ ᠨᠢ ᠲᠤᠰ ᠲᠤᠰ 91.9 ᠳ᠋ᠦᠩᠰᠢᠭᠤᠷ ᠲᠥᠭᠦᠷᠢᠭ᠂ 81.9 ᠳ᠋ᠦᠩᠰᠢᠭᠤᠷ ᠲᠥᠭᠦᠷᠢᠭ᠂ 62 ᠳ᠋ᠦᠩᠰᠢᠭᠤᠷ ᠲᠥᠭᠦᠷᠢᠭ ᠲᠤ ᠬᠦᠷᠪᠡ᠃      ᠬᠥᠬᠡᠬᠤᠲᠠ ᠶᠢᠨ ᠪᠣᠭᠤᠮᠲᠠ ᠶᠢᠨ ᠵᠠᠳᠠᠯᠤᠭᠰᠠᠨ ᠢᠶᠠᠷ᠂ ᠡᠨᠡ ᠵᠢᠯ ᠤᠨ 3 ︱ 5 ᠳ᠋ᠤᠭᠠᠷ ᠰᠠᠷ᠎ᠠ ᠳᠤ ᠥᠪᠡᠷᠲᠡᠭᠡᠨ ᠵᠠᠰᠠᠬᠤ ᠣᠷᠣᠨ ᠤ ᠭᠠᠳᠠᠭᠠᠳᠤ ᠠᠷᠠᠯᠵᠢᠶ᠎ᠠ ᠶᠢᠨ ᠭᠠᠳᠠᠭᠠᠳᠤ ᠣᠷᠣᠭᠤᠯᠤᠯᠲᠠ ᠭᠠᠷᠭᠠᠯᠲᠠ 3 ᠰᠠᠷ᠎ᠠ ᠳᠠᠷᠠᠭᠠᠯᠠᠨ ᠭᠠᠭᠴᠠ ᠰᠠᠷ᠎ᠠ ᠶᠢᠨ ᠨᠡᠮᠡᠭᠳᠡᠯ ᠢ ᠪᠡᠶᠡᠯᠡᠭᠦᠯᠵᠦ᠂ ᠢᠯᠠᠩᠭᠤᠶ᠎ᠠ 4 ᠳ᠋ᠦ᠋ᠭᠡᠷ ᠰᠠᠷ᠎ᠠ ᠪᠠ 5 ᠳ᠋ᠤᠭᠠᠷ ᠰᠠᠷ᠎ᠠ ᠳᠤ ᠭᠠᠳᠠᠭᠠᠳᠤ ᠠᠷᠠᠯᠵᠢᠶ᠎ᠠ ᠶᠢᠨ ᠭᠠᠳᠠᠭᠠᠳᠤ ᠣᠷᠣᠭᠤᠯᠤᠯᠲᠠ ᠭᠠᠷᠭᠠᠯᠲᠠ ᠠᠳᠠᠯᠢ ᠬᠤᠭᠤᠴᠠᠭᠠᠨ ᠤ ᠬᠢ ᠠᠴᠠ ᠲᠣᠰ ᠲᠣᠰ 34.2% ᠪᠠ 31.1% ᠪᠠᠷ ᠨᠡᠮᠡᠭᠳᠡᠵᠦ᠂ ᠪᠥᠬᠦ ᠵᠢᠯ ᠤᠨ ᠭᠠᠳᠠᠭᠠᠳᠤ ᠠᠷᠠᠯᠵᠢᠶ᠎ᠠ ᠶᠢᠨ ᠲᠣᠭᠲᠠᠭᠤᠨ ᠤ ᠳᠤᠮᠳᠠ ᠰᠠᠶᠢᠵᠢᠷᠠᠬᠤ ᠳᠤ ᠠᠰᠢᠭᠲᠠᠢ ᠰᠠᠭᠤᠷᠢ ᠶᠢ ᠲᠠᠯᠪᠢᠵᠤ ᠥᠭᠭᠦᠭᠰᠡᠨ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号