ᠬᠠᠳᠠ ᠬᠥᠨᠳᠡᠯᠡᠨ ᠭᠤᠣᠯ ᠤᠨ ᠬᠤᠳᠠᠯᠳᠤᠭᠠᠨ ᠤ ᠰᠣᠶᠣᠯ ᠵᠤᠭᠠᠴᠠᠯ ᠤᠨ ᠵᠡᠭᠡᠯᠢ ᠶᠢᠨ ᠲᠦᠷᠦᠯ ᠵᠦᠢᠯ ᠢ ᠵᠣᠯᠭᠠᠭᠤᠯᠬᠤ ᠬᠤᠷᠠᠯ ᠢ ᠡᠷᠬᠢᠯᠡᠨ ᠬᠤᠷᠠᠯᠳᠤᠭᠤᠯᠪᠠ
ᠨᠡᠶᠢᠲᠡᠯᠡᠭᠰᠡᠨ ᠴᠠᠭ᠄
2022/7/18
     7 ᠰᠠᠷ᠎ᠠ ᠶᠢᠨ 13 ᠤ ᠡᠳᠦᠷ᠂ ᠰᠢᠶᠠᠨ ᠤ ᠨᠠᠮ ᠤᠨ ᠬᠤᠷᠢᠶ᠎ᠠ ᠶᠢᠨ ᠳᠡᠳ᠋ ᠱᠦᠵᠢ᠂ ᠵᠠᠰᠠᠭ ᠤᠨ ᠣᠷᠳᠣᠨ ᠤ ᠰᠢᠶᠠᠨ ᠤ ᠳᠠᠷᠤᠭ᠎ᠠ ᠬᠠᠳᠠ ᠬᠥᠨᠳᠡᠯᠡᠨ ᠭᠤᠤᠯ ᠤᠨ ᠬᠤᠳᠠᠯᠳᠤᠭᠠᠨ ᠤ ᠰᠣᠶᠣᠯ ᠵᠢᠭᠤᠯᠴᠢᠯᠠᠯ ᠤᠨ ᠵᠡᠭᠡᠯᠢ ᠶᠢᠨ ᠲᠥᠷᠥᠯ ᠵᠦᠢᠯ ᠢ ᠵᠣᠯᠭᠠᠭᠤᠯᠬᠤ ᠬᠤᠷᠠᠯ ᠢ ᠡᠷᠭᠢᠯᠡᠨ ᠬᠤᠷᠠᠯᠳᠤᠭᠤᠯᠵᠤ᠂ ᠥᠪᠥᠷ ᠮᠣᠩᠭᠤᠯ ᠤᠨ ᠸᠧᠨ ᠽᠤ᠋ ᠬᠡᠷ ᠪᠠᠶᠢᠰᠢᠩ ᠭᠠᠵᠠᠷ ᠰᠢᠷᠣᠶ ᠶᠢᠨ ᠬᠥᠷᠥᠩᠭᠡ ᠶᠢᠨ ᠨᠡᠭᠡᠭᠡᠯᠲᠡ ᠶᠢᠨ ᠬᠢᠵᠠᠭᠠᠷᠲᠤ ᠺᠣᠮᠫᠠᠨᠢ ᠶᠢᠨ ᠶᠡᠷᠦᠩᠬᠡᠶ ᠳᠠᠭᠠᠭᠠᠮᠠᠯ ᠹᠦ᠋ ᠪᠥᠸᠧ ᠨᠡᠷ ᠲᠠᠢ ᠬᠥᠨᠳᠡᠯᠡᠨ ᠭᠤᠤᠯ ᠤᠨ ᠬᠤᠳᠠᠯᠳᠤᠭᠠᠨ ᠤ ᠰᠣᠶᠣᠯ ᠵᠢᠭᠤᠯᠴᠢᠯᠠᠯ ᠤᠨ ᠵᠡᠭᠡᠯᠢ ᠶᠢᠨ ᠲᠥᠷᠥᠯ ᠵᠦᠢᠯ ᠤᠨ ᠲᠤᠬᠠᠶ ᠰᠠᠨᠠᠯ ᠢᠶᠠᠨ ᠭᠦᠨᠵᠡᠭᠡᠶ ᠰᠣᠯᠢᠯᠴᠠᠪᠠ᠃      ᠬᠡᠯᠡᠯᠴᠡᠭᠡ ᠬᠢᠬᠦ ᠶᠠᠪᠤᠴᠠ ᠳᠤ ᠹᠦ᠋ ᠪᠥᠸᠧ ᠬᠦᠨᠳᠡᠯᠡᠨ ᠭᠤᠣᠯ ᠤᠨ ᠬᠤᠳᠠᠯᠳᠤᠭᠠᠨ ᠤ ᠰᠣᠶᠣᠯ ᠵᠢᠭᠤᠯᠴᠢᠯᠠᠯ ᠤᠨ ᠵᠡᠭᠡᠯᠢ ᠶᠢᠨ ᠵᠦᠢᠯᠡᠰ ᠤᠨ ᠲᠤᠬᠠᠶ ᠨᠠᠷᠢᠨ ᠲᠠᠨᠢᠯᠴᠠᠭᠤᠯᠪᠠ︔ ᠬᠤᠷᠠᠯ ᠳᠤ ᠣᠷᠣᠯᠴᠠᠭᠰᠠᠳ ᠲᠦᠷᠦᠯ ᠵᠦᠢᠯ ᠢ ᠵᠢᠷᠤᠵᠤ ᠲᠥᠯᠥᠪᠯᠡᠬᠦ᠂ ᠰᠢᠯᠢᠳᠡᠭᠵᠢᠭᠦᠯᠬᠦ ᠵᠡᠷᠭᠡ ᠲᠠᠯ᠎ᠠ ᠶᠢᠨ ᠲᠣᠭᠤᠷᠢᠨ ᠳᠤ ᠶᠠᠷᠢᠯᠴᠠᠪᠠ᠃      ᠬᠠᠳᠠ᠂ ᠳᠤᠰ ᠳᠦᠷᠦᠯ ᠵᠦᠢᠯ ᠨᠢ ᠦᠴᠤᠸᠠᠨ ᠰᠢᠶᠠᠨ ᠤ ᠲᠡᠦᠬᠡ ᠰᠣᠶᠣᠯ ᠤᠨ ᠣᠨᠴᠠᠯᠢᠭ ᠢ ᠭᠦᠢᠴᠡᠳ ᠢᠯᠡᠷᠡᠭᠦᠯᠵᠦ᠂ ᠤᠮᠠᠷᠠᠲᠤ ᠸᠧᠢ ᠤᠯᠤᠰ ᠤᠨ ᠲᠡᠦᠬᠡ ᠰᠣᠶᠣᠯ ᠢ ᠤᠯᠠᠮᠵᠢᠯᠠᠬᠤ ᠪᠠᠷ ᠭᠤᠣᠯ ᠪᠣᠯᠭᠠᠵᠤ᠂ ᠬᠤᠣᠰ ᠦᠬᠡᠢ ᠰᠣᠶᠣᠯ ᠵᠤᠭᠠᠴᠠᠯ ᠤᠨ ᠬᠤᠳᠠ ᠶᠢ ᠪᠠᠶᠢᠭᠤᠯᠬᠤ ᠶᠢ ᠬᠦᠰᠡᠵᠦ ᠪᠠᠶᠢᠨ᠎ᠠ︔ ᠬᠤᠶᠠᠷ ᠲᠠᠯ᠎ᠠ ᠪᠠᠷ ᠢᠶᠠᠨ ᠰᠣᠯᠢᠯᠴᠠᠭ᠎ᠠ ᠪᠠᠨ ᠤᠯᠠᠮ ᠴᠢᠨᠠᠭᠰᠢᠳᠠ ᠴᠢᠩᠭᠠᠳᠬᠠᠵᠤ᠂ ᠬᠠᠮᠲᠤᠪᠠᠷ ᠴᠢᠷᠮᠠᠶᠢᠵᠤ᠂ ᠲᠦᠷᠦᠯ ᠵᠦᠢᠯ ᠤᠨ ᠲᠥᠰᠦᠯ ᠢᠶᠠᠨ ᠲᠠᠰᠤᠷᠠᠯᠲᠠ ᠦᠭᠡᠢ ᠰᠢᠯᠢᠳᠡᠭᠵᠢᠭᠦᠯᠵᠦ᠂ ᠬᠤᠶᠠᠷ ᠲᠠᠯ᠎ᠠ ᠶᠢᠨ ᠡᠬᠢ ᠪᠠᠶᠠᠯᠢᠭ ᠢᠶᠠᠨ ᠨᠡᠶᠢᠳᠬᠡᠵᠦ᠂ ᠬᠠᠮᠲᠤᠪᠠᠷ ᠲᠠᠪᠴᠠᠩ ᠪᠠᠶᠢᠭᠤᠯᠵᠤ᠂ ᠲᠦᠷᠦᠯ ᠵᠦᠢᠯ ᠢ ᠡᠷᠲᠡᠬᠡᠨ ᠨᠠᠶᠢᠳᠠᠪᠤᠷᠢᠵᠢᠭᠤᠯᠬᠤ ᠶᠢ ᠠᠬᠢᠭᠤᠯᠵᠤ᠂ ᠦᠴᠤᠸᠠᠨ ᠤ ᠵᠤᠭᠠᠴᠠᠯ ᠤᠨ ᠰᠣᠶᠣᠯ ᠤᠨ ᠠᠵᠤ ᠠᠬᠤᠢ ᠶᠢᠨ ᠬᠥᠭᠵᠢᠯᠲᠡ ᠳᠤ ᠰᠢᠨ᠎ᠡ ᠠᠮᠢᠵᠢᠷᠠᠯ ᠤᠨ ᠬᠦᠴᠦᠨ ᠨᠡᠮᠡᠷᠢᠯᠡᠬᠦ ᠶᠢ ᠬᠦᠰᠡᠵᠦ ᠪᠠᠶᠢᠨ᠎ᠠ ᠭᠡᠵᠦ ᠵᠢᠭᠠᠵᠤ ᠭᠠᠷᠭᠠᠪᠠ᠃
 
ᠢᠷᠡᠯᠲᠡ᠄ ᠦᠴᠦᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号