ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠪᠠᠶᠢᠩᠭᠤ ᠶᠢᠨ ᠬᠤᠷᠢᠶ᠎ᠠ ᠬᠤᠷᠠᠯ ᠬᠤᠷᠠᠯᠳᠤᠭᠤᠯᠵᠤ ᠬᠡᠷᠡᠭ ᠵᠥᠪᠯᠡᠵᠦ ᠵᠣᠬᠢᠴᠠᠭᠤᠯᠬᠤ ᠪᠠᠶᠢᠭᠤᠯᠤᠮᠵᠢ ᠶᠢ ᠴᠡᠪᠡᠷᠯᠡᠨ ᠵᠢᠷᠤᠮᠵᠢᠭᠤᠯᠬᠤ ᠶᠠᠪᠤᠳᠠᠯ ᠢ ᠰᠤᠳᠤᠯᠪᠠ      ᠰᠦᠨ ᠱᠤᠤ ᠴᠧᠩ ᠬᠤᠷᠠᠯ ᠢ ᠡᠷᠬᠢᠯᠡᠵᠡᠢ
ᠨᠡᠶᠢᠲᠡᠯᠡᠭᠰᠡᠨ ᠴᠠᠭ᠄
2022/8/26
     8 ᠰᠠᠷ᠎ᠠ ᠶᠢᠨ 25 ᠤ ᠡᠳᠦᠷ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠪᠠᠶᠢᠩᠭᠤ ᠶᠢᠨ ᠬᠤᠷᠢᠶ᠎ᠠ ᠬᠤᠷᠠᠯ ᠬᠤᠷᠠᠯᠳᠤᠭᠤᠯᠵᠤ᠂ ᠥᠪᠡᠷᠲᠡᠭᠡᠨ ᠵᠠᠰᠠᠬᠤ ᠣᠷᠣᠨ ᠤ ᠬᠡᠷᠡᠭ ᠵᠥᠪᠯᠡᠵᠦ ᠵᠣᠬᠢᠴᠠᠭᠤᠯᠬᠤ ᠪᠠᠶᠢᠭᠤᠯᠤᠮᠵᠢ ᠶᠢ ᠴᠡᠪᠡᠷᠯᠡᠨ ᠵᠢᠷᠤᠮᠵᠢᠭᠤᠯᠤᠭᠰᠠᠨ ᠪᠠᠶᠢᠳᠠᠯ ᠤᠨ ᠬᠠᠷᠢᠭᠤ ᠮᠡᠳᠡᠭᠦᠯᠦᠯᠲᠡ ᠶᠢ ᠰᠣᠨᠣᠰᠴᠤ᠂ ︽ᠤᠯᠤᠰ ᠤᠨ ᠰᠣᠶᠣᠯ ᠤᠨ ᠲᠣᠭᠠᠴᠢᠯᠠᠯᠳᠠ ᠶᠢᠨ ᠪᠠᠶᠢᠯᠳᠤᠬᠤ ᠪᠣᠳᠣᠯᠭ᠎ᠠ ᠶᠢ ᠠᠬᠢᠭᠤᠯᠬᠤ ᠲᠤᠬᠠᠢ ᠬᠡᠷᠡᠭᠵᠢᠭᠦᠯᠬᠦ ᠲᠥᠰᠥᠯ︾ ᠢ ᠬᠢᠨᠠᠨ ᠵᠥᠪᠯᠡᠵᠦ᠂ ᠬᠤᠯᠪᠣᠭᠳᠠᠯ ᠪᠦᠬᠦᠢ ᠠᠵᠢᠯ ᠢ ᠲᠣᠬᠢᠷᠠᠭᠤᠯᠤᠨ ᠪᠠᠶᠢᠷᠢᠯᠠᠭᠤᠯᠪᠠ᠃ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠱᠦᠵᠢ ᠰᠦᠨ ᠱᠤᠤ ᠴᠧᠩ ᠬᠤᠷᠠᠯ ᠢ ᠡᠷᠬᠢᠯᠡᠵᠡᠢ᠃      ᠬᠤᠷᠠᠯ ᠠᠴᠠ᠂ ᠡᠨᠡ ᠤᠳᠠᠭ᠎ᠠ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠪᠠ ᠵᠠᠰᠠᠭ ᠤᠨ ᠣᠷᠳᠣᠨ ᠠᠴᠠ ᠬᠠᠰᠤᠵᠤ ᠪᠤᠯᠬᠤ ᠶᠢ ᠨᠢ ᠪᠦᠬᠦᠨ ᠢ ᠬᠠᠰᠤᠵᠤ᠂ ᠨᠡᠶᠢᠯᠡᠭᠦᠯᠵᠦ ᠪᠤᠯᠬᠤ ᠶᠢ ᠨᠢ ᠪᠦᠬᠦᠨ ᠢ ᠨᠡᠶᠢᠯᠡᠭᠦᠯᠬᠦ ᠵᠠᠷᠴᠢᠮ ᠢᠶᠠᠷ ᠬᠡᠷᠡᠭ ᠵᠥᠪᠯᠡᠵᠦ ᠵᠣᠬᠢᠴᠠᠭᠤᠯᠬᠤ ᠪᠠᠶᠢᠭᠤᠯᠤᠮᠵᠢ ᠶᠢ ᠶᠡᠭᠡ ᠪᠠᠷ ᠴᠡᠪᠡᠷᠯᠡᠨ ᠵᠢᠷᠤᠮᠵᠢᠭᠤᠯᠵᠤ᠂ ᠴᠣᠮᠬᠠᠳᠬᠠᠬᠤ ᠬᠡᠮᠵᠢᠶ᠎ᠡ ᠶᠢ 60% ᠠᠴᠠ ᠳᠡᠭᠡᠭᠰᠢ ᠳᠤ ᠬᠦᠷᠭᠡᠭᠰᠡᠨ ᠤ ᠮᠠᠰᠢ ᠴᠢᠬᠤᠯᠠ ᠨᠢᠭᠡ ᠵᠣᠷᠢᠯᠭ᠎ᠠ ᠪᠣᠯ ᠬᠤᠷᠠᠯ ᠢ ᠪᠠᠭᠠᠰᠬᠠᠵᠤ᠂ ᠤᠳᠤᠷᠢᠳᠬᠤ ᠺᠠᠳ᠋ᠷ ᠢ ᠪᠢᠴᠢᠭ ᠮᠠᠲ᠋ᠧᠷᠢᠶᠠᠯ ᠬᠤᠷᠠᠯ ᠤᠨ ᠲᠠᠯᠠᠢ ᠠᠴᠠ ᠴᠢᠯᠦᠭᠡᠯᠡᠵᠦ᠂ ᠨᠠᠶᠢᠳᠠᠪᠤᠷᠢᠵᠢᠭᠤᠯᠤᠯᠲᠠ ᠶᠢ ᠠᠳᠬᠤᠬᠤ ᠳᠡᠭᠡᠷ᠎ᠡ  ᠨᠡᠩ ᠤᠯᠠᠨ ᠤᠶᠤᠨ ᠴᠢᠳᠠᠯ ᠢᠶᠠᠨ ᠵᠠᠷᠤᠴᠠᠭᠤᠯᠵᠤ᠂ ᠵᠠᠰᠠᠭ ᠵᠠᠬᠢᠷᠭᠠᠨ ᠤ ᠦᠷ᠎ᠡ ᠪᠦᠲᠦᠮᠵᠢ ᠶᠢ ᠳᠡᠭᠡᠭᠰᠢᠯᠡᠭᠦᠯᠬᠦ ᠶᠢᠨ ᠲᠥᠯᠥᠭᠡ ᠶᠤᠮ᠃ ᠤᠳᠤ ᠵᠠᠷᠢᠮ ᠬᠡᠷᠡᠭ ᠵᠥᠪᠯᠡᠵᠦ ᠵᠣᠬᠢᠴᠠᠭᠤᠯᠬᠤ ᠪᠠᠶᠢᠭᠤᠯᠤᠮᠵᠢ ᠶᠢᠨ ᠬᠤᠷᠠᠯ ᠨᠢ ᠮᠥᠨ ᠴᠢᠨᠠᠷ ᠤᠨ ᠠᠭᠤᠯᠭ᠎ᠠ ᠳᠡᠮᠡᠢ ᠦᠭᠡᠢ ᠪᠠᠶᠢᠵᠤ᠂ ᠴᠠᠭ ᠪᠠ ᠤᠶᠤᠨ ᠴᠢᠳᠠᠯ ᠢᠶᠠᠨ ᠵᠠᠷᠤᠴᠠᠭᠤᠯᠬᠤ ᠮᠥᠷᠲᠡᠭᠡᠨ ᠬᠤᠷᠠᠯ ᠬᠢᠬᠦ ᠪᠠᠷ ᠨᠠᠶᠢᠳᠠᠪᠤᠷᠢᠵᠢᠭᠤᠯᠤᠯᠲᠠ ᠶᠢ ᠣᠷᠣᠯᠠᠭᠤᠯᠬᠤ ᠮᠠᠭᠤ ᠬᠡᠪ ᠰᠤᠷᠲᠠᠯ ᠢ ᠴᠤ ᠠᠮᠠᠷᠬᠠᠨ ᠪᠤᠢ ᠪᠣᠯᠭᠠᠵᠤ ᠪᠠᠶᠢᠨ᠎ᠠ᠃ ᠵᠠᠷᠢᠮ ᠴᠢᠬᠤᠯᠠ ᠠᠵᠢᠯ ᠢ ᠠᠬᠢᠭᠤᠯᠬᠤ ᠳᠤ ᠬᠡᠷᠡᠭ ᠵᠥᠪᠯᠡᠵᠦ ᠵᠣᠬᠢᠴᠠᠭᠤᠯᠬᠤ ᠪᠠᠶᠢᠭᠤᠯᠤᠮᠵᠢ ᠶᠢ ᠪᠠᠶᠢᠭᠤᠯᠬᠤ ᠴᠢᠬᠤᠯᠠᠲᠠᠢ᠂ ᠡᠨᠡ ᠬᠦ ᠪᠣᠷᠣ ᠲᠥᠯᠥᠪ ᠪᠠᠶᠢᠪᠠᠯ ᠰᠠᠶ᠋ᠢ ᠰᠠᠯᠠᠭ᠎ᠠ ᠮᠥᠴᠢᠷ ᠠᠯᠤᠰᠯᠠᠭᠰᠠᠨ᠂ ᠭᠠᠵᠠᠷ ᠣᠷᠣᠨ ᠠᠯᠤᠰᠯᠠᠭᠰᠠᠨ ᠠᠰᠠᠭᠤᠳᠠᠯ ᠢ ᠰᠠᠶᠢᠲᠤᠷ ᠰᠢᠢᠳᠪᠦᠷᠢᠯᠡᠵᠦ ᠴᠢᠳᠠᠨ᠎ᠠ᠂ ᠭᠡᠪᠡᠴᠦ ᠬᠡᠷᠡᠭ ᠵᠥᠪᠯᠡᠵᠦ ᠵᠣᠬᠢᠴᠠᠭᠤᠯᠬᠤ ᠪᠠᠶᠢᠭᠤᠯᠤᠮᠵᠢ ᠶᠢ ᠪᠠᠶᠢᠭᠤᠯᠬᠤ ᠳᠠᠭᠠᠨ ᠡᠷᠬᠡᠪᠰᠢ ᠤᠴᠢᠷ ᠶᠠᠪᠤᠳᠠᠯ ᠢ ᠦᠨᠳᠦᠰᠦᠯᠡᠨ ᠲᠣᠭᠲᠠᠭᠠᠵᠤ᠂ ᠵᠣᠬᠢᠰᠲᠠᠢ ᠪᠠᠶᠢᠯᠭᠠᠬᠤ ᠬᠡᠷᠡᠭᠲᠡᠢ᠃ ᠬᠤᠶᠢᠰᠢᠳᠠ ᠬᠢᠵᠠᠭᠠᠷᠯᠠᠯ ᠢ ᠡᠷᠡᠰ ᠴᠢᠩᠭ᠎ᠠ ᠰᠠᠬᠢᠵᠤ᠂ ᠬᠡᠷᠡᠭ ᠵᠥᠪᠯᠡᠵᠦ ᠵᠣᠬᠢᠴᠠᠭᠤᠯᠬᠤ ᠪᠠᠶᠢᠭᠤᠯᠤᠮᠵᠢ ᠶᠢ ᠳᠤᠷ᠎ᠠ ᠪᠠᠷ ᠢᠶᠠᠨ ᠰᠢᠨ᠎ᠡ ᠪᠠᠷ ᠨᠡᠮᠡᠭᠳᠡᠭᠦᠯᠵᠦ ᠪᠣᠯᠬᠤ ᠦᠭᠡᠢ᠂ ᠪᠠᠶᠢᠭᠤᠯᠬᠤ ᠴᠢᠬᠤᠯᠠ ᠲᠠᠢ ᠪᠣᠯ ᠡᠷᠬᠡᠪᠰᠢ ᠮᠡᠳᠡᠭᠦᠯᠦᠨ ᠵᠥᠪᠰᠢᠶᠡᠷᠡᠭᠦᠯᠬᠦ ᠳᠡᠰ ᠳᠠᠷᠠᠭᠠᠯᠠᠯ ᠢ ᠴᠢᠩᠭ᠎ᠠ ᠭᠦᠢᠴᠡᠳᠬᠡᠵᠦ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠪᠠᠷ ᠵᠥᠪᠰᠢᠶᠡᠷᠡᠭᠦᠯᠬᠦ ᠬᠡᠷᠡᠭᠲᠡᠢ᠃ ᠠᠵᠢᠯ ᠤᠨ ᠲᠤᠰᠬᠠᠢ ᠠᠩᠭᠢ ᠶᠢ ᠴᠤ ᠴᠢᠩᠭ᠎ᠠ ᠬᠢᠵᠠᠭᠠᠷᠯᠠᠵᠤ᠂ ᠪᠣᠯᠭᠤᠮᠵᠢᠲᠠᠢ ᠲᠣᠬᠢᠷᠠᠭᠤᠯᠬᠤ ᠬᠡᠷᠡᠭᠲᠡᠢ᠃ ᠬᠡᠷᠡᠭ ᠵᠥᠪᠯᠡᠵᠦ ᠵᠣᠬᠢᠴᠠᠭᠤᠯᠬᠤ ᠪᠠᠶᠢᠭᠤᠯᠤᠮᠵᠢ ᠶᠢᠨ ᠳᠦᠷᠢᠮ ᠲᠣᠭᠲᠠᠭᠠᠯ ᠳᠤ ᠵᠠᠰᠠᠪᠤᠷᠢ ᠣᠷᠣᠭᠤᠯᠤᠨ ᠲᠡᠭᠦᠯᠳᠡᠷᠵᠢᠭᠦᠯᠬᠦ ᠬᠡᠷᠡᠭᠲᠡᠢ᠂ ᠵᠢᠯ ᠪᠦᠷᠢ ᠶᠢᠨ ᠬᠤᠷᠠᠯ ᠬᠢᠬᠦ ᠲᠤᠭ᠎ᠠ ᠶᠢ ᠠᠯᠪᠠ ᠪᠠᠷ ᠲᠣᠭᠲᠠᠭᠠᠬᠤ ᠬᠡᠷᠡᠭ ᠦᠭᠡᠢ᠂ ᠦᠨᠡᠬᠡᠷ ᠴᠢᠬᠤᠯᠠᠲᠠᠢ ᠪᠣᠯ ᠬᠢᠵᠦ᠂ ᠴᠢᠬᠤᠯᠠ ᠦᠭᠡᠢ ᠪᠣᠯ ᠬᠢᠬᠦ ᠦᠭᠡᠢ ᠪᠠᠶᠢᠬᠤ ᠬᠡᠷᠡᠭᠲᠡᠢ᠃ ᠴᠠᠭ ᠪᠠ ᠤᠴᠢᠷ ᠶᠠᠪᠤᠳᠠᠯ ᠢ ᠦᠵᠡᠵᠦ ᠪᠠᠶᠢᠭᠠᠳ ᠬᠤᠷᠠᠯ ᠬᠢᠬᠦ ᠪᠠᠷᠢᠮᠵᠢᠶ᠎ᠠ ᠪᠣᠯᠣᠨ ᠠᠷᠭ᠎ᠠ ᠮᠠᠶ᠋ᠢᠭ ᠢᠶᠠᠨ ᠲᠣᠭᠲᠠᠭᠠᠬᠤ ᠬᠡᠷᠡᠭᠲᠡᠢ᠂ ᠠᠰᠠᠭᠤᠳᠠᠯ ᠢ ᠰᠢᠢᠳᠪᠦᠷᠢᠯᠡᠵᠦ ᠦᠷ᠎ᠡ ᠪᠦᠲᠦᠭᠡᠯ ᠢ ᠨᠡᠮᠡᠭᠳᠡᠭᠦᠯᠬᠦ ᠳᠤ ᠶᠠᠭᠠᠬᠢᠵᠤ ᠬᠢᠪᠡᠯ ᠠᠰᠢᠭᠲᠠᠢ ᠪᠣᠯ ᠳᠡᠭᠡᠵᠥ ᠬᠢᠬᠦ ᠬᠡᠷᠡᠭᠲᠡᠢ ᠭᠡᠵᠦ ᠵᠢᠭᠠᠵᠤ ᠭᠠᠷᠭᠠᠪᠠ᠃      ᠬᠤᠷᠠᠯ ᠠᠴᠠ᠂ ᠲᠣᠭᠠᠴᠢᠯᠠᠯᠲᠠ ᠪᠣᠯ ᠴᠠᠭ ᠦᠶ᠎ᠡ ᠶᠢᠨ ᠬᠥᠭᠵᠢᠯᠲᠡ ᠶᠢᠨ ᠤᠷᠤᠰᠬᠠᠯ᠂ ᠰᠣᠶᠣᠯ ᠤᠨ ᠲᠣᠭᠠᠴᠢᠯᠠᠯᠲᠠ ᠶᠢ ᠠᠬᠢᠭᠤᠯᠬᠤ ᠪᠣᠯ ᠶᠡᠭᠡ ᠬᠠᠨᠳᠤᠰᠢ ᠮᠥᠨ᠃ ᠡᠯ᠎ᠡ ᠭᠠᠵᠠᠷ ᠣᠷᠣᠨ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠢᠨ ᠲᠥᠪ ᠤᠨ ᠲᠣᠬᠢᠷᠠᠭᠤᠯᠤᠯᠲᠠ ᠪᠠᠶᠢᠷᠢᠯᠠᠭᠤᠯᠤᠯᠲᠠ ᠶᠣᠰᠣᠭᠠᠷ᠂ ᠤᠯᠤᠰ ᠤᠨ ᠰᠣᠶᠣᠯ ᠤᠨ ᠲᠤᠭᠠᠴᠢᠯᠠᠯᠳᠠ ᠶᠢᠨ ᠪᠠᠶᠢᠯᠳᠤᠬᠤ ᠪᠣᠳᠣᠯᠭ᠎ᠠ ᠶᠢ ᠭᠦᠨᠵᠡᠭᠡᠢ ᠨᠠᠶᠢᠳᠠᠪᠤᠷᠢᠵᠢᠭᠤᠯᠵᠤ᠂ ᠭᠤᠤᠯᠳᠠᠯᠭ ᠠ ᠲᠠᠢ ᠡᠭᠦᠷᠭᠡ ᠶᠢ ᠨᠢᠭᠡ ᠨᠢᠭᠡ ᠲᠥᠷᠥᠯ ᠢᠶᠠᠷ ᠡᠮᠬᠢᠯᠡᠨ ᠰᠤᠳᠤᠯᠬᠤ ᠪᠠ ᠠᠬᠢᠭᠤᠯᠤᠨ ᠨᠠᠶᠢᠳᠠᠪᠤᠷᠢᠵᠢᠭᠤᠯᠵᠤ᠂ ᠠᠵᠢᠯ ᠤᠨ ᠠᠷᠭ᠎ᠠ ᠬᠡᠮᠵᠢᠶ᠎ᠡ ᠪᠠᠨ ᠨᠠᠷᠢᠯᠢᠭᠵᠢᠭᠤᠯᠤᠨ᠂ ᠵᠣᠬᠢᠴᠠᠭᠤᠯᠤᠨ ᠬᠠᠮᠵᠢᠯᠴᠠᠬᠤ ᠪᠠᠨ ᠴᠢᠩᠭᠠᠳᠬᠠᠵᠤ᠂ ᠲᠣᠭᠠᠴᠢᠯᠠᠯᠳᠠ ᠶᠢᠨ ᠠᠷᠭ᠎ᠠ ᠪᠠᠷᠢᠯ ᠢ ᠭᠦᠢᠴᠡᠳ ᠠᠰᠢᠭᠯᠠᠨ ᠰᠣᠶᠣᠯ ᠤᠨ ᠡᠬᠢ ᠪᠠᠶᠠᠯᠢᠭ ᠢ ᠠᠮᠢᠳᠤᠯᠢᠭᠵᠢᠭᠤᠯᠤᠨ ᠰᠠᠶᠢᠲᠤᠷ ᠬᠡᠷᠡᠭᠯᠡᠵᠦ᠂ ᠣᠯᠠᠨ ᠲᠦᠮᠡᠨ ᠤ ᠬᠡᠷᠡᠭᠴᠡᠭᠡ ᠱᠠᠭᠠᠷᠳᠠᠯᠭ᠎ᠠ ᠶᠢ ᠨᠠᠩ ᠰᠠᠶᠢᠲᠤᠷ ᠬᠠᠩᠭᠠᠬᠤ ᠬᠡᠷᠡᠭᠲᠡᠢ᠃ ᠪᠡᠯᠡ ᠮᠥᠩᠭᠦ ᠶᠢᠨ ᠣᠷᠣᠭᠤᠯᠤᠯᠲᠠ ᠶᠢᠨ ᠡᠷᠴᠢᠮ ᠢᠶᠠᠨ ᠴᠢᠩᠭᠠᠷᠠᠭᠤᠯᠵᠤ᠂ ᠵᠠᠷᠤᠬᠤ ᠶᠣᠰᠣᠲᠠᠢ ᠵᠣᠭᠤᠰ ᠢ ᠬᠠᠶᠢᠷᠠᠯᠠᠯ ᠦᠭᠡᠢ ᠵᠠᠷᠤᠵᠤ᠂ ᠠᠷᠭ᠎ᠠ ᠪᠦᠬᠦᠨ ᠢ ᠰᠦᠪᠡᠭᠴᠢᠯᠡᠵᠦ ᠪᠠᠶᠢᠭᠠᠳ ᠪᠡᠯᠡ ᠮᠥᠩᠭᠦ ᠴᠤᠭᠯᠠᠭᠤᠯᠬᠤ ᠠᠷᠭ᠎ᠠ ᠵᠠᠮ ᠢ ᠥᠷᠭᠡᠳᠬᠡᠬᠦ ᠬᠡᠷᠡᠭᠲᠡᠢ᠃ ᠲᠦᠷᠦᠯ ᠵᠦᠢᠯ ᠢ ᠤᠬᠠᠭᠠᠯᠠᠨ ᠲᠥᠯᠥᠪᠯᠡᠬᠦ ᠪᠠ ᠵᠢᠷᠤᠵᠤ ᠲᠥᠯᠥᠪᠯᠡᠬᠦ ᠶᠢ ᠴᠢᠩᠭᠠᠳᠬᠠᠵᠤ᠂ ᠨᠢᠭᠡ ᠮᠥᠩᠭᠦ ᠵᠣᠭᠤᠰ ᠣᠷᠣᠭᠤᠯᠪᠠᠯ ᠨᠢᠭᠡ ᠮᠥᠩᠭᠦ ᠵᠣᠭᠤᠰ ᠤᠨ ᠦᠷ᠎ᠡ ᠪᠦᠲᠦᠮᠵᠢ ᠣᠯᠵᠤ᠂ ᠲᠠᠯᠠᠭᠠᠷ ᠪᠣᠯᠬᠤ ᠠᠴᠠ ᠰᠡᠷᠭᠡᠶᠢᠯᠡᠬᠦ ᠬᠡᠷᠡᠭᠲᠡᠢ ᠭᠡᠵᠦ ᠴᠢᠬᠤᠯᠠᠴᠢᠯᠠᠪᠠ᠃      ᠬᠤᠷᠠᠯ ᠠᠴᠠ ᠪᠠᠰᠠ ᠪᠤᠰᠤᠳ ᠵᠦᠢᠯ ᠢ ᠰᠤᠳᠤᠯᠵᠠᠢ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号