ᠴᠠᠭᠠᠨ ᠰᠠᠷ᠎ᠠ ᠶᠢᠨ ᠴᠡᠭᠡᠷ ᠶᠤᠰᠤᠨ
ᠨᠡᠶᠢᠲᠡᠯᠡᠭᠰᠡᠨ ᠴᠠᠭ᠄
2023/1/13
               ᠰᠢᠨ᠎ᠡ ᠶᠢᠨ ᠨᠢᠭᠡᠨ ᠳᠤ ᠭᠤᠤᠯ ᠭᠤᠷᠤᠬ᠎ᠠ᠂ ᠬᠤᠳᠳᠤᠭ᠂ ᠪᠣᠯᠠᠭ᠂ ᠱᠠᠩᠳᠠ ᠠᠴᠠ ᠤᠰᠤ ᠠᠪᠬᠤ  ᠶᠢ ᠴᠡᠭᠡᠷᠯᠡᠨ᠎ᠡ᠃ ᠬᠤᠪᠢᠩ ᠰᠠᠪᠠ ᠳᠦᠬᠦᠷᠡᠩ ᠤᠰᠤ ᠪᠠᠷ ᠪᠢᠯᠬᠠᠵᠤ ᠪᠠᠶᠢᠬᠤ ᠶᠠᠰᠤᠲᠠᠢ ᠭᠡᠳᠡᠭ᠃            ᠰᠢᠨ᠎ᠡ ᠶᠢᠨ ᠨᠢᠭᠡᠨ ᠳᠤ ᠬᠠᠭᠤᠴᠢᠨ ᠳᠡᠪᠡᠯ ᠬᠤᠪᠴᠠᠰᠤ ᠤᠶᠤᠬᠤ ᠶᠢ ᠴᠡᠭᠡᠷᠯᠡᠨ᠎ᠡ᠂ ᠰᠢᠨ᠎ᠡ ᠪᠠᠷ ᠡᠬᠢᠯᠡᠬᠦᠯᠳᠡᠭ᠃             ᠰᠢᠨ᠎ᠡ ᠶᠢᠨ ᠨᠢᠭᠡᠨ ᠳᠤ ᠪᠣᠰᠣᠳ ᠠᠴᠠ ᠡᠳ᠋ ᠶᠠᠭᠤᠮ᠎ᠠ ᠵᠢᠬᠡᠯᠡᠬᠦ᠂ ᠦᠭᠬᠦ᠂ ᠠᠪᠬᠤ ᠶᠢ ᠴᠡᠭᠡᠷᠯᠡᠨ᠎ᠡ             ᠰᠢᠨ᠎ᠡ ᠶᠢᠨ ᠨᠢᠭᠡᠨ ᠤ ᠦᠷᠯᠦᠭᠡ ᠡᠭᠡᠨᠡᠷ ᠨᠦᠬᠦᠷ ᠬᠤᠶᠠᠷ ᠬᠤᠭᠤᠷᠤᠨᠳᠤ ᠪᠠᠨ ᠵᠤᠯᠭᠠᠬᠤ ᠶᠢ ᠴᠡᠭᠡᠷᠯᠡᠨ᠎ᠡ᠃             ᠰᠢᠨ᠎ᠡ ᠶᠢᠨ ᠨᠢᠭᠡᠨ ᠳᠤ ᠦᠷᠯᠦᠭᠡ ᠡᠷᠲᠡ ᠪᠣᠰᠴᠤ᠂ ᠡᠳᠦᠷ ᠢᠶᠠᠷ ᠬᠡᠪᠲᠡᠬᠦ᠂ ᠤᠨᠲᠠᠬᠤ ᠶᠢ ᠴᠡᠭᠡᠷᠯᠡᠨ᠎ᠡ᠃ ᠡᠪᠡᠳᠴᠢᠨ ᠲᠠᠢ ᠬᠦᠮᠦᠨ ᠪᠣᠯᠪᠠᠴᠤ ᠤᠷᠤᠨ ᠠᠴᠠ ᠪᠠᠨ ᠪᠣᠰᠣᠨ ᠰᠠᠭᠤᠵᠤ᠂ ᠪᠦᠰᠡ ᠪᠠᠨ ᠪᠦᠰᠡᠯᠡᠵᠦ ᠬᠡᠶᠢᠴᠢᠨ ᠲᠠᠢ ᠵᠤᠯᠭᠠᠨ᠎ᠠ᠃             ᠰᠢᠨ᠎ᠡ ᠶᠢᠨ ᠨᠢᠭᠡᠨ ᠳᠤ ᠬᠡᠦᠬᠡᠳ ᠪᠠᠭᠠᠴᠤᠳ ᠢᠶᠠᠨ ᠬᠠᠷᠢᠶᠠᠵᠤ ᠵᠠᠩᠨᠠᠬᠤ ᠶᠢ ᠴᠡᠭᠡᠷᠯᠡᠨ᠎ᠡ᠂ ᠬᠡᠦᠬᠡᠳ ᠢᠶᠠᠨ ᠰᠣᠷᠭᠠᠵᠤ ᠳᠤᠳᠤᠮᠳᠠᠬᠤ ᠳᠤ ᠴᠤ ᠡᠶᠡᠷᠡᠬᠦᠯᠵᠦ ᠵᠦᠭᠡᠯᠡᠨ ᠦᠭᠡ ᠪᠠᠷ ᠬᠡᠯᠡᠨ᠎ᠡ᠃             ᠰᠢᠨ᠎ᠡ ᠶᠢᠨ ᠨᠢᠭᠡᠨ ᠳᠤ ᠠᠭᠤᠷᠯᠠᠬᠤ᠂ ᠬᠠᠷᠢᠶᠠᠬᠤ᠂ ᠬᠡᠷᠡᠯᠳᠦᠬᠦ᠂ ᠴᠤᠬᠢᠯᠳᠤᠬᠤ ᠶᠢ ᠴᠡᠭᠡᠷᠯᠡᠨ᠎ᠡ᠂ ᠭᠤᠨᠢᠭᠯᠠᠬᠤ᠂ ᠭᠠᠰᠠᠯᠬᠤ᠂ ᠤᠬᠢᠯᠠᠬᠤ ᠶᠢ ᠮᠠᠭᠤ ᠢᠷᠸ᠎ᠠ ᠭᠡᠳᠡᠭ᠃            ᠰᠢᠨ᠎ᠡ ᠶᠢᠨ ᠨᠢᠭᠡᠨ ᠳᠤ ᠠᠶᠢᠯ ᠳᠤ ᠬᠤᠨᠤᠬᠤ ᠶᠢ ᠴᠡᠭᠡᠷᠯᠡᠨ᠎ᠡ᠃             ᠰᠢᠨ᠎ᠡ ᠶᠢᠨ ᠨᠢᠭᠡᠨ ᠳᠤ ᠦᠨᠡᠰᠦ ᠬᠤᠭ ᠭᠠᠷᠭᠠᠬᠤ ᠶᠢ ᠴᠡᠭᠡᠷᠯᠡᠨ᠎ᠡ᠂ ᠦᠨᠡᠰᠦ ᠬᠤᠭ ᠢᠶᠠᠨ ᠰᠢᠨ᠎ᠡ  ᠶᠢᠨ ᠨᠢᠭᠡᠨ ᠠᠴᠠ ᠡᠮᠦᠨ᠎ᠡ ᠭᠠᠷᠭᠠᠵᠤ᠂ ᠭᠡᠷ ᠲᠡᠷᠬᠡ ᠪᠠᠨ ᠴᠡᠮᠴᠡᠶᠢᠲᠡᠯ᠎ᠡ ᠴᠡᠪᠡᠷᠯᠡᠨ᠎ᠡ᠃             ᠰᠢᠨ᠎ᠡ ᠶᠢᠨ ᠨᠢᠭᠡᠨ ᠳᠤ ᠠᠶᠠᠭ᠎ᠠ ᠫᠢᠯᠠ ᠬᠠᠭᠠᠯᠬᠤ ᠶᠢ ᠴᠡᠭᠡᠷᠯᠡᠨ᠎ᠡ᠃             ᠰᠢᠨ᠎ᠡ ᠶᠢᠨ ᠨᠢᠭᠡᠨ ᠳᠤ ᠡᠮ ᠤᠤᠭᠤᠬᠤ ᠶᠢ ᠴᠡᠭᠡᠷᠯᠡᠨ᠎ᠡ᠃             ᠰᠢᠨ᠎ᠡ ᠶᠢᠨ ᠨᠢᠭᠡᠨ ᠳᠤ ᠭᠭᠢᠷ ᠲᠠᠭ ᠲᠠᠢ᠂ ᠪᠤᠵᠠᠷ ᠮᠠᠭᠤᠬᠠᠢ᠂ ᠴᠤᠭᠤᠷᠬᠠᠢ ᠬᠤᠪᠴᠠᠰᠤ ᠡᠮᠦᠰᠬᠦ  ᠶᠢ ᠴᠡᠭᠡᠷᠯᠡᠨ᠎ᠡ᠃             ᠰᠢᠨ᠎ᠡ ᠶᠢᠨ ᠨᠢᠭᠡᠨ ᠳᠤ ᠠᠷᠢᠶᠠᠲᠠᠨ ᠠᠮᠢᠲᠠᠨ ᠤ ᠠᠮᠢ ᠲᠠᠰᠤᠯᠬᠤ ᠶᠢ ᠴᠡᠭᠡᠷᠯᠡᠨ᠎ᠡ᠂ ᠮᠠᠯ ᠤᠨᠤᠭ᠎ᠠ  ᠪᠠᠨ ᠠᠷᠠᠴᠢᠯᠠᠵᠤ ᠳᠣᠳᠣᠮᠳᠠᠬᠤ ᠳᠤ ᠪᠠᠨ ᠴᠦ ᠮᠠᠭᠤ ᠮᠠᠭᠤᠬᠠᠢ ᠦᠭᠡ ᠪᠠᠷ ᠬᠠᠷᠢᠶᠠᠵᠤ ᠵᠦᠭᠡᠬᠦ ᠶᠢ ᠴᠡᠭᠡᠷᠯᠡᠨ᠎ᠡ᠃             ᠰᠢᠨ᠎ᠡ ᠶᠢᠨ ᠨᠢᠭᠡᠨ ᠳᠤ ︽ᠦᠭᠡᠢ︾᠂ ︽ᠬᠤᠭᠤᠰᠤᠨ︾᠂ ︽ᠠᠯᠠᠭ᠎ᠠ︾᠂ ︽ᠪᠠᠶᠢᠬᠤ ᠦᠭᠡᠢ ︾ ᠭᠡᠬᠦ ᠪᠡᠯᠭᠡ ᠳᠡᠮᠪᠡᠷᠢᠯ ᠦᠭᠡᠢ ᠦᠭᠡ ᠬᠡᠯᠡᠬᠦ ᠶᠢ ᠴᠡᠭᠡᠷᠯᠡᠨ᠎ᠡ᠃             ᠰᠢᠨ᠎ᠡ ᠶᠢᠨ ᠨᠢᠭᠡᠨ ᠳᠤ ᠭᠡᠷ ᠲᠡᠷᠭᠡ᠂ ᠬᠦᠷᠢᠶ᠎ᠡ ᠬᠠᠰᠢᠶ᠎ᠠ ᠬᠤᠭ ᠨᠣᠪᠰᠢ ᠲᠠᠢ ᠪᠠᠶᠢᠬᠤ ᠶᠢ ᠴᠡᠭᠡᠷᠯᠡᠨ᠎ᠡ᠃             ᠰᠢᠨ᠎ᠡ ᠶᠢᠨ ᠨᠢᠭᠡᠨ ᠤ ᠦᠷᠯᠦᠭᠡ ᠵᠤᠯᠠ ᠶᠢᠨ ᠭᠤᠤᠯ ᠢ ᠰᠢᠨ᠎ᠡ ᠭᠠᠯ ᠢᠶᠠᠷ ᠠᠰᠠᠭᠠᠨ᠎ᠠ᠃             ᠰᠢᠨ᠎ᠡ ᠶᠢᠨ ᠨᠢᠭᠡᠨ ᠳᠤ ᠠᠷᠢᠬᠢ ᠤᠤᠭᠤᠵᠤ᠂ ᠠᠭᠰᠤᠨ ᠲᠠᠯᠪᠢᠵᠤ ᠬᠦᠯᠴᠦᠬᠦᠷᠡᠬᠦ ᠶᠢ ᠴᠡᠭᠡᠷᠯᠡᠨ᠎ᠡ᠃             ᠰᠢᠨ᠎ᠡ ᠶᠢᠨ ᠳᠤᠯᠤᠭᠠᠨ ᠳᠤ ᠠᠶᠢᠯ ᠳᠤ ᠣᠴᠢᠬᠤ ᠶᠢ ᠴᠡᠭᠡᠷᠯᠡᠨ᠎ᠡ᠃             ᠡᠴᠢᠭᠡ ᠡᠬᠡ ᠨᠢ ᠦᠩᠭᠡᠷᠡᠭᠰᠡᠨ ᠵᠢᠯ ᠳᠤ ᠨᠠᠰᠤ ᠪᠠᠷᠠᠭᠰᠠᠨ ᠪᠠᠶᠢᠪᠠᠯ ᠠᠶᠢᠯ ᠲᠤᠭᠤᠷᠢᠵᠤ ᠠᠷᠢᠬᠢ ᠳᠠᠷᠠᠰᠤ ᠤᠤᠭᠤᠵᠤ᠂ ᠳᠠᠭᠤᠯᠠᠯᠳᠤᠨ ᠬᠦᠬᠡᠷᠦᠯᠳᠦᠬᠦ ᠶᠢ ᠴᠡᠭᠡᠷᠯᠡᠨ᠎ᠡ᠂ ᠦᠰᠦ ᠭᠡᠵᠢᠭᠡ ᠪᠠᠨ ᠠᠪᠬᠤ ᠶᠢ ᠴᠡᠭᠡᠷᠯᠡᠨ᠎ᠡ ᠂ ᠪᠣᠰᠣᠳ ᠲᠠᠢ ᠰᠢᠨᠡᠯᠡᠵᠦ ᠵᠤᠯᠭᠠᠬᠤ ᠶᠢ ᠴᠡᠭᠡᠷᠯᠡᠨ᠎ᠡ᠃             ᠰᠢᠨ᠎ᠡ ᠤᠨ ᠳᠤ ᠠᠯᠢᠪᠠ ᠪᠦᠬᠦᠨ ᠰᠠᠶᠢᠨ ᠰᠠᠶᠢᠬᠠᠨ᠂ ᠰᠢᠨ᠎ᠡ ᠪᠠᠷ ᠡᠬᠢᠯᠡᠬᠦ ᠶᠢ ᠡᠷᠬᠢᠮᠯᠡᠳᠡᠭ ᠣᠴᠢᠷ ᠠᠴᠠ ᠦᠩᠭᠡ ᠵᠢᠪᠬᠤᠭ᠎ᠠ ᠲᠠᠢ ᠰᠢᠨᠡᠯᠡᠬᠦ ᠨᠢ ᠲᠡᠷᠡ ᠵᠢᠯ ᠳᠤ ᠪᠠᠨ ᠴᠤᠭ ᠵᠤᠯᠪᠣᠭ᠎ᠠ ᠲᠠᠢ ᠪᠠᠶᠢᠬᠤ ᠶᠢ ᠪᠡᠯᠭᠡᠳᠡᠳᠡᠭ᠃    
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号