ᠡᠨᠡ ᠵᠢᠯ ᠮᠠᠨ ᠤ ᠤᠯᠤᠰ ᠤᠨ ᠨᠠᠮᠤᠷ ᠤᠨ ᠠᠮᠤ ᠪᠤᠳᠠᠭ᠎ᠠ ᠶᠢᠨ ᠤᠨᠠᠯᠲᠠ ᠶᠡᠷᠦᠩᠬᠡᠢ ᠳᠡᠭᠡᠨ ᠨᠡᠮᠡᠭᠳᠡᠬᠦ ᠬᠠᠨᠳᠤᠰᠢ ᠲᠠᠢ ᠪᠠᠶᠢᠨ᠎ᠠ
ᠨᠡᠶᠢᠲᠡᠯᠡᠭᠰᠡᠨ ᠴᠠᠭ᠄
2023/10/26
     ᠡᠨᠡ ᠵᠢᠯ ᠮᠠᠨ ᠤ ᠤᠯᠤᠰ ᠤᠨ ᠨᠠᠮᠤᠷ ᠤᠨ ᠠᠮᠤ ᠪᠤᠳᠠᠭᠠᠨ ᠤ ᠲᠠᠯᠠᠪᠠᠶ ᠲᠣᠭᠲᠠᠭᠤᠨ ᠤ ᠳᠤᠮᠳᠠ ᠨᠡᠮᠡᠭᠳᠡᠯ  ᠲᠠᠢ ᠪᠠᠶᠢᠵᠤ᠂ ᠬᠡᠰᠡᠭ ᠭᠠᠵᠠᠷ ᠣᠷᠣᠨ ᠭᠠᠮᠰᠢᠭᠳᠠᠭᠰᠠᠨ ᠢ ᠭᠠᠷᠭᠠᠪᠠᠯ᠂ ᠶᠡᠬᠡᠩᠬᠢ ᠭᠠᠵᠠᠷ ᠣᠷᠣᠨ ᠤ ᠭᠡᠷᠡᠯ ᠳᠤᠯᠠᠭᠠᠨ ᠤᠰᠤᠨ ᠤ ᠲᠣᠬᠢᠷᠠᠭᠤᠯᠤᠯᠲᠠ ᠨᠡᠯᠢᠶᠡᠳ ᠰᠠᠶᠢᠨ ᠪᠠᠶᠢᠵᠤ᠂ ᠶᠡᠷᠦᠩᠬᠡᠢ ᠳᠡᠭᠡᠨ ᠤᠨᠠᠯᠲᠠ ᠨᠡᠮᠡᠭᠳᠡᠬᠦ ᠬᠠᠨᠳᠤᠰᠢ ᠲᠠᠢ ᠪᠠᠶᠢᠨ᠎ᠠ᠃ ᠪᠦᠭᠦ ᠵᠢᠯ ᠤᠨ ᠠᠮᠤ ᠪᠤᠳᠠᠭᠠᠨ ᠤ ᠤᠨᠠᠯᠲᠠ ᠳᠠᠬᠢᠨᠲᠠ ᠲᠡᠦᠬᠡ ᠶᠢᠨ ᠰᠢᠨ᠎ᠡ ᠲᠡᠮᠳᠡᠭᠯᠡᠯ ᠢ ᠡᠭᠦᠳᠴᠦ᠂ 9 ᠵᠢᠯ ᠳᠠᠷᠠᠭᠠᠯᠠᠨ 1.3 ᠲᠦᠮᠡᠨ ᠳ᠋ᠦᠩᠰᠢᠭᠤᠷ ᠵᠢᠩ ᠠᠴᠠ ᠳᠡᠭᠡᠭᠰᠢ ᠪᠠᠶᠢᠬᠤ ᠶᠢ ᠪᠠᠲᠤᠯᠠᠬᠤ ᠪᠣᠯᠣᠮᠵᠢ ᠲᠠᠢ᠃      ᠡᠨᠡ ᠪᠣᠯ ᠰᠤᠷᠪᠤᠯᠵᠢᠯᠠᠬᠴᠢ 23 ᠤ ᠡᠳᠦᠷ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠰᠣᠨᠢᠨ ᠮᠡᠳᠡᠭᠡᠨ ᠤ ᠠᠯᠪᠠᠨ ᠭᠡᠷ ᠤᠨ ᠡᠷᠭᠢᠯᠡᠭᠰᠡᠨ ᠰᠣᠨᠢᠨ ᠮᠡᠳᠡᠭᠡ ᠨᠡᠶᠢᠲᠡᠯᠡᠬᠦ ᠬᠤᠷᠠᠯ ᠠᠴᠠ ᠣᠶᠢᠯᠠᠭᠠᠭᠰᠠᠨ ᠮᠡᠳᠡᠭᠡ ᠪᠣᠯᠣᠨ᠎ᠠ᠃      ᠬᠥᠳᠡᠭᠡ ᠠᠵᠤ ᠠᠬᠤᠢ ᠬᠥᠳᠡᠭᠡ ᠲᠣᠰᠬᠤᠨ ᠤ ᠶᠠᠮᠤᠨ ᠤ ᠲᠠᠷᠢᠶᠠᠯᠠᠩ ᠤᠨ ᠪᠠᠶᠢᠳᠠᠯ ᠤᠨ ᠲᠣᠬᠢᠷᠠᠭᠤᠯᠤᠯᠲᠠ ᠶᠢ ᠦᠨᠳᠦᠰᠦᠯᠡᠪᠡᠯ᠂ 10 ᠰᠠᠷ᠎ᠠ ᠶᠢᠨ 22 ᠤᠨ ᠡᠳᠦᠷ ᠪᠤᠯᠲᠠᠯ᠎ᠠ᠂ ᠪᠦᠭᠦ ᠤᠯᠤᠰ ᠤᠨ ᠨᠠᠮᠤᠷ ᠤᠨ ᠠᠮᠤ ᠪᠤᠳᠠᠭ᠎ᠠ ᠶᠢᠨ 81.3% ᠶᠢ ᠨᠢᠭᠡᠨᠲᠡ ᠬᠤᠷᠢᠶᠠᠪᠠ᠃  ︽ᠲᠤᠰᠬᠠᠢ ᠮᠡᠷᠭᠡᠵᠢᠯᠲᠡᠨ ᠲᠠᠷᠢᠶᠠᠨ ᠭᠠᠵᠠᠷ ᠲᠤ ᠬᠦᠷᠴᠦ ᠤᠨᠠᠯᠲᠠ ᠶᠢ ᠬᠢᠨᠠᠨ ᠬᠡᠮᠵᠢᠭᠰᠡᠨ᠂ ᠡᠯ᠎ᠡ ᠭᠠᠵᠠᠷ ᠤᠨ ᠦᠨᠡᠨ ᠪᠣᠳᠠᠲᠠᠢ ᠪᠠᠷ ᠬᠤᠷᠢᠶᠠᠭᠰᠠᠨ ᠪᠠᠶᠢᠳᠠᠯ ᠠᠴᠠ ᠦᠵᠡᠪᠡᠯ᠂ ᠪᠦᠭᠦ ᠤᠯᠤᠰ ᠤᠨ ᠵᠣᠩᠬᠢᠯᠠᠬᠤ ᠤᠯᠠᠨ ᠲᠣᠭᠠᠨ ᠤ ᠮᠤᠵᠢ ᠣᠷᠣᠨ ᠤ ᠤᠨᠠᠯᠲᠠ ᠨᠡᠮᠡᠭᠳᠡᠭᠰᠡᠨ ᠶᠤᠮ᠂ ᠣᠨᠴᠠ ᠵᠠᠷᠢᠮ ᠮᠤᠵᠢ ᠣᠷᠣᠨ ᠭᠠᠮᠰᠢᠭ ᠠᠴᠠ ᠪᠣᠯᠵᠤ ᠤᠨᠠᠯᠲᠠ ᠨᠢ ᠬᠠᠰᠤᠭᠳᠠᠵᠠᠢ᠂ ᠨᠡᠮᠡᠭᠳᠡᠯ ᠲᠠᠢ ᠪᠥᠭᠡᠳ ᠬᠠᠰᠤᠭᠳᠠᠯ ᠲᠠᠢ ᠪᠠᠶᠢᠭᠰᠠᠨ ᠴᠦ᠂ ᠨᠡᠮᠡᠭᠳᠡᠭᠰᠡᠨ ᠨᠢ ᠬᠠᠰᠤᠭᠳᠠᠭᠰᠠᠨ ᠠᠴᠠ ᠢᠯᠡᠳᠲᠡ ᠣᠯᠠᠨ ᠪᠠᠶᠢᠵᠤ᠂ ᠶᠡᠷᠦᠩᠬᠡᠢ  ᠳᠡᠭᠡᠨ ᠡᠨᠡ ᠵᠢᠯ ᠪᠣᠯ ᠨᠠᠮᠤᠷ ᠤᠨ ᠠᠮᠤ ᠪᠤᠳᠠᠭᠠᠨ ᠤ ᠤᠨᠠᠯᠲᠠ ᠨᠡᠮᠡᠭᠳᠡᠭᠰᠡᠨ ᠵᠢᠯ ᠪᠣᠯᠣᠨ᠎ᠠ︾ ᠭᠡᠵᠦ ᠬᠥᠳᠡᠭᠡ ᠠᠵᠤ ᠠᠬᠤᠢ ᠬᠥᠳᠡᠭᠡ ᠲᠣᠰᠬᠤᠨ ᠤ ᠶᠠᠮᠤᠨ ᠤ ᠲᠠᠷᠢᠮᠠᠯ ᠤᠨ ᠦᠢᠯᠡᠰ ᠤᠨ ᠬᠠᠮᠢᠶᠠᠷᠤᠯᠲᠠ ᠶᠢᠨ ᠵᠤᠷᠭᠠᠨ ᠤ ᠳᠠᠷᠤᠭ᠎ᠠ ᠫᠠᠨ ᠸᠧᠨ ᠪᠦᠸᠧ ᠬᠡᠯᠡᠪᠡ᠃      ᠫᠠᠨ ᠸᠧᠨ ᠪᠦᠸᠧ ᠶᠢᠨ ᠲᠠᠨᠢᠯᠴᠠᠭᠤᠯᠤᠭᠰᠠᠨ ᠢᠶᠠᠷ᠂ ᠡᠨᠡ ᠵᠢᠯ ᠤᠨ ᠨᠠᠮᠤᠷ ᠤᠨ ᠠᠮᠤ ᠪᠤᠳᠠᠭᠠᠨ ᠤ ᠲᠠᠯᠠᠪᠠᠶ ᠨᠡᠮᠡᠭᠳᠡᠵᠦ᠂ ᠨᠠᠮᠤᠷ ᠤᠨ ᠠᠮᠤ ᠪᠤᠳᠠᠭᠠᠨ ᠤ ᠤᠨᠠᠯᠲᠠ ᠨᠡᠮᠡᠭᠳᠡᠬᠦ ᠰᠠᠭᠤᠷᠢ ᠶᠢ ᠲᠠᠯᠪᠢᠵᠠᠢ᠃ ᠵᠢᠱᠢᠯᠲᠡ ᠪᠠᠷ ᠡᠨᠡ ᠵᠢᠯ ᠤᠨ ᠨᠠᠮᠤᠷ ᠤᠨ ᠠᠮᠤ ᠪᠤᠳᠠᠭᠠᠨ ᠤ ᠲᠠᠯᠠᠪᠠᠶ 13.1 ᠳ᠋ᠦᠩᠰᠢᠭᠤᠷ ᠮᠦ ᠳᠤ ᠬᠦᠷᠴᠦ᠂ ᠲᠦᠷᠦᠭᠦᠦ ᠵᠢᠯ ᠤᠨ  ᠬᠢ ᠠᠴᠠ 700 ᠭᠠᠷᠤᠢ ᠲᠦᠮᠡᠨ ᠮᠦ ᠨᠡᠮᠡᠭᠳᠡᠪᠡ᠃ ᠡᠭᠦᠨ ᠤ ᠳᠣᠲᠣᠷ᠎ᠠ ᠵᠠᠷᠢᠮ ᠨᠢ ᠠᠵᠤ ᠠᠬᠤᠢ ᠶᠢᠨ ᠲᠠᠷᠢᠮᠠᠯ ᠢ ᠥᠭᠡᠷᠡᠴᠢᠯᠡᠵᠦ ᠠᠮᠤ ᠪᠤᠳᠠᠭ᠎ᠠ ᠲᠠᠷᠢᠵᠦ᠂ ᠵᠠᠷᠢᠮ ᠨᠢ ᠳᠠᠪᠬᠤᠷᠯᠠᠨ ᠲᠠᠷᠢᠵᠦ ᠲᠠᠭᠢᠨ ᠲᠠᠷᠢᠬᠤ ᠪᠠᠷ ᠳᠠᠮᠵᠢᠭᠤᠯᠤᠨ ᠳᠠᠭᠢᠨ ᠲᠠᠷᠢᠬᠤ ᠵᠢᠭᠠᠯᠲᠠ ᠲᠤᠭ᠎ᠠ ᠶᠢ ᠳᠡᠭᠡᠭᠰᠢᠯᠡᠭᠦᠯᠵᠦ᠂ ᠵᠠᠷᠢᠮ ᠨᠢ ᠴᠡᠭᠴᠡᠯᠡᠨ ᠥᠭᠡᠷᠡᠴᠢᠯᠡᠵᠦ ᠲᠠᠭᠢᠨ ᠲᠠᠷᠢᠵᠦ᠂ ᠵᠠᠷᠢᠮ ᠨᠢ ᠤᠰᠤ ᠶᠢ ᠨᠡᠮᠡᠭᠳᠡᠭᠦᠯᠦᠨ ᠭᠠᠵᠠᠷ ᠢ ᠨᠡᠮᠡᠭᠳᠡᠭᠦᠯᠦᠨ ᠠᠮᠤ ᠪᠤᠳᠠᠭ᠎ᠠ ᠳᠠᠷᠢᠵᠠᠢ᠃︽ᠡᠨᠡ ᠵᠢᠯ ᠤᠨ ᠥᠨᠳᠥᠷ ᠤᠨᠠᠯᠲᠠ ᠲᠠᠢ ᠲᠠᠷᠢᠮᠠᠯ ᠪᠤᠯᠬᠤ ᠡᠷᠳᠡᠨᠢ ᠰᠢᠰᠢ ᠶᠢᠨ ᠲᠠᠯᠠᠪᠠᠶ ᠴᠤ ᠨᠡᠯᠢᠶᠡᠳ ᠶᠡᠭᠡ ᠨᠡᠮᠡᠭᠳᠡᠵᠦ᠂ ᠵᠢᠱᠢᠯᠲᠡ ᠪᠠᠷ 1300 ᠭᠠᠷᠤᠢ ᠲᠦᠮᠡᠨ ᠮᠦ ᠨᠡᠮᠡᠭᠳᠡᠪᠡ᠂ ᠡᠭᠦᠨ ᠲᠠᠢ ᠬᠠᠷᠠᠭᠠᠯᠵᠠᠭᠰᠠᠨ ᠡᠯᠳᠡᠪ ᠠᠮᠤ ᠡᠯᠳᠡᠪ ᠪᠤᠷᠴᠠᠭ ᠵᠡᠷᠭᠡ ᠳᠣᠣᠷ᠎ᠠ ᠤᠨᠠᠯᠲᠠ ᠲᠠᠢ ᠲᠠᠷᠢᠮᠠᠯ ᠤᠨ ᠲᠠᠯᠠᠪᠠᠶ ᠪᠠᠭᠠᠰᠴᠠᠢ᠂ ᠡᠨᠡ ᠬᠤᠶᠠᠷ ᠲᠥᠷᠥᠯ ᠤᠨ ᠲᠠᠷᠢᠮᠠᠯ ᠤᠨ ᠮᠦ ᠪᠦᠷᠢ ᠶᠢᠨ ᠤᠨᠠᠯᠲᠠ ᠨᠢ 500 ᠵᠢᠩ ᠣᠷᠴᠢᠮ ᠵᠥᠷᠢᠨ᠎ᠡ︾ ᠭᠡᠪᠡ᠃      ᠡᠭᠦᠨ ᠤ ᠬᠠᠮᠲᠤ᠂ ᠶᠡᠭᠡ ᠬᠡᠪᠴᠢᠶᠡᠨ ᠤ ᠲᠠᠯᠠᠪᠠᠢ ᠨᠢᠭᠡᠴᠢ ᠶᠢᠨ ᠤᠨᠠᠯᠲᠠ ᠶᠢ ᠳᠡᠭᠡᠭᠰᠢᠯᠡᠭᠦᠯᠭᠦ ᠦᠷ᠎ᠡ ᠪᠦᠲᠦᠮᠵᠢ ᠠᠩᠬ᠎ᠠ ᠠᠯᠬᠤᠮ ᠢᠯᠡᠷᠡᠪᠡ᠃ ᠵᠢᠯ ᠤᠨ ᠡᠬᠢᠨ ᠳᠤ ᠬᠥᠳᠡᠭᠡ ᠠᠵᠤ ᠠᠬᠤᠢ ᠬᠥᠳᠡᠭᠡ ᠲᠣᠰᠬᠤᠨ ᠤ ᠶᠠᠮᠤᠨ ᠠᠮᠤ ᠲᠣᠰᠣ ᠵᠡᠷᠭᠡ ᠭᠤᠣᠯ ᠪᠤᠯᠬᠤ ᠲᠠᠷᠢᠮᠠᠯ ᠤᠨ ᠲᠠᠯᠠᠪᠠᠶ ᠨᠢᠭᠡᠴᠢ ᠶᠢᠨ ᠤᠨᠠᠯᠲᠠ ᠶᠢ ᠳᠡᠭᠡᠭᠰᠢᠯᠡᠭᠦᠯᠭᠦ ᠠᠵᠢᠯᠯᠠᠭ᠎ᠠ ᠶᠢ ᠡᠬᠢᠯᠡᠭᠦᠯᠪᠡ᠃ ᠡᠨᠡ ᠵᠢᠯ ᠭᠤᠣᠯᠳᠠᠭᠤ 200 ᠡᠷᠳᠡᠨᠢ ᠰᠢᠰᠢ ᠶᠢᠨ ᠲᠣᠮᠣ ᠰᠢᠶᠠᠨ᠂ 100 ᠰᠢᠷ᠎ᠠ ᠪᠤᠷᠴᠠᠭ ᠤᠨ ᠲᠣᠮᠣ ᠰᠢᠶᠠᠨ ᠳᠤ ᠲᠠᠯᠠᠪᠠᠶ ᠨᠢᠭᠡᠴᠢ ᠶᠢᠨ ᠤᠨᠠᠯᠲᠠ ᠶᠢ ᠳᠡᠭᠡᠭᠰᠢᠯᠡᠭᠦᠯᠭᠦ ᠶᠢ ᠠᠬᠢᠭᠤᠯᠵᠤ᠂ ᠳᠠᠷᠢᠬᠤ ᠬᠠᠮᠢᠶᠠᠷᠬᠤ ᠬᠤᠷᠢᠶᠠᠬᠤ᠂ ᠭᠠᠵᠠᠷ ᠲᠠᠷᠢᠶ᠎ᠠ ᠡᠮ ᠪᠣᠷᠳᠣᠭᠤᠷ ᠪᠦᠭᠦ ᠭᠤᠭᠴᠤᠭ᠎ᠠ ᠠᠴᠠ ᠵᠥᠷᠢᠶ᠎ᠡ ᠪᠠᠨ ᠡᠷᠢᠵᠦ᠂ ᠶᠡᠷᠦᠩᠬᠡᠶᠢᠯᠡᠭᠰᠡᠨ ᠴᠢᠨᠠᠷᠲᠠᠢ ᠰᠢᠢᠳᠪᠦᠷᠢᠯᠡᠬᠦ ᠲᠥᠰᠥᠯ ᠢ ᠬᠡᠷᠡᠭᠵᠢᠭᠦᠯᠪᠡ᠃      ᠲᠠᠨᠢᠯᠴᠠᠭᠤᠯᠤᠭᠰᠠᠨ ᠢᠶᠠᠷ᠂ ᠡᠯ᠎ᠡ ᠭᠠᠵᠠᠷ ᠤᠨ ᠬᠥᠳᠡᠭᠡ ᠠᠵᠤ ᠠᠬᠤᠢ ᠬᠥᠳᠡᠭᠡ ᠲᠣᠰᠬᠤᠨ ᠤ ᠰᠠᠯᠠᠭ᠎ᠠ ᠮᠥᠴᠢᠷ ᠤᠨ ᠬᠢᠨ ᠡᠷᠳᠡᠨᠢ ᠰᠢᠰᠢ ᠰᠢᠷ᠎ᠠ ᠪᠤᠷᠴᠠᠭ ᠳᠠᠷᠢᠬᠤ ᠨᠢᠭᠲᠠᠴᠠ ᠶᠢᠨ ᠠᠰᠠᠭᠤᠳᠠᠯ ᠢ ᠭᠤᠣᠯᠳᠠᠯᠭ᠎ᠠ ᠲᠠᠢ ᠰᠠᠶᠢᠲᠤᠷ ᠠᠳᠬᠤᠵᠤ᠂ ᠨᠢᠭᠲᠠ ᠲᠠᠷᠢᠬᠤ ᠳᠤ ᠳᠠᠭᠠᠭᠠᠮᠠᠭᠠᠢ ᠡᠭᠦᠯᠳᠡᠷ ᠢ ᠰᠣᠩᠭᠤᠨ ᠪᠣᠶᠢᠵᠢᠭᠤᠯᠵᠤ᠂ ᠥᠨᠳᠥᠷ ᠴᠢᠳᠠᠪᠬᠢᠲᠤ ᠳᠠᠷᠢᠬᠤ ᠮᠠᠰᠢᠨ ᠢ ᠢᠵᠢ ᠪᠦᠷᠢᠳᠦᠭᠦᠯᠦᠨ᠂ ᠤᠰᠤ ᠪᠣᠷᠳᠣᠭᠤᠷ ᠢ ᠣᠨᠣᠪᠴᠢᠲᠠᠶ ᠲᠣᠬᠢᠷᠠᠭᠤᠯᠤᠨ ᠡᠵᠡᠮᠳᠡᠵᠦ᠂ ᠡᠪᠡᠳᠴᠢᠨ ᠬᠤᠷᠣᠬᠠᠢ ᠶᠢ ᠴᠠᠭ ᠲᠤᠬᠠᠢ ᠳᠤᠨᠢ ᠰᠡᠷᠭᠡᠶᠢᠯᠡᠨ ᠡᠵᠡᠮᠳᠡᠵᠦ᠂ ᠡᠭᠦᠨ ᠤ ᠳᠡᠭᠡᠷ᠎ᠡ ᠳᠤᠮᠳᠠ ᠰᠡᠭᠦᠯᠴᠢ ᠶᠢᠨ ᠬᠤᠭᠤᠴᠠᠭᠠᠨ ᠳᠤ ᠨᠠᠮᠤᠷ ᠤᠨ ᠠᠮᠤ ᠪᠤᠳᠠᠭᠠᠨ ᠤ︽ᠤᠯᠠᠨ ᠵᠦᠢᠯ ᠤᠨ ᠡᠮ ᠪᠣᠷᠳᠣᠭᠤᠷ ᠢ ᠬᠤᠯᠢᠵᠤ ᠰᠦᠷᠴᠢᠬᠦ ᠪᠠᠷ ᠲᠠᠷᠢᠮᠠᠯ ᠤᠨ ᠤᠷᠭᠤᠯᠲᠠ ᠤᠨᠠᠯᠲᠠ ᠶᠢ ᠠᠬᠢᠭᠤᠯᠬᠤ︾ ᠶᠢ ᠶᠡᠭᠡ ᠬᠡᠪᠴᠢᠶ᠎ᠡ ᠪᠠᠷ ᠬᠡᠷᠡᠭᠵᠢᠭᠦᠯᠦᠭᠰᠡᠨ ᠠᠴᠠ ᠲᠠᠯᠠᠪᠠᠶ ᠨᠢᠭᠡᠴᠢ ᠶᠢᠨ ᠤᠨᠠᠯᠲᠠ ᠢᠯᠡᠳᠲᠡ ᠳᠡᠭᠡᠭᠰᠢᠯᠡᠭᠰᠡᠨ ᠪᠠᠶᠢᠨ᠎ᠠ᠃      ︽ᠲᠤᠰᠬᠠᠢ ᠮᠡᠷᠭᠡᠵᠢᠯᠲᠡᠨ ᠤ ᠵᠢᠱᠢᠨ ᠪᠤᠳᠤᠬᠰᠠᠨ ᠢᠶᠠᠷ᠂ 300 ᠭᠤᠣᠯᠳᠠᠯᠭ᠎ᠠ ᠲᠠᠢ ᠰᠢᠶᠠᠨ ᠤ ᠲᠠᠯᠠᠪᠠᠶ ᠨᠢᠭᠡᠴᠢ ᠶᠢᠨ ᠤᠨᠠᠯᠲᠠ ᠶᠢ ᠳᠡᠭᠡᠭᠰᠢᠯᠡᠭᠦᠯᠦᠭᠰᠡᠨ ᠠᠴᠠ ᠠᠮᠤ ᠪᠤᠳᠠᠭᠠᠨ ᠤ ᠡᠯᠪᠡᠭ ᠬᠤᠷᠢᠶᠠᠯᠲᠠ ᠣᠯᠬᠤ ᠳᠤ ᠦᠵᠡᠭᠦᠯᠦᠭᠰᠡᠨ ᠬᠤᠪᠢ ᠨᠡᠮᠡᠷᠢ ᠶᠢᠨ ᠨᠣᠷᠮ᠎ᠠ 73% ᠳᠤ ᠬᠦᠷᠴᠡᠢ᠂ ᠡᠨᠡ ᠨᠢ ᠦᠶᠡᠷ ᠤᠰᠤᠲᠤᠯ᠂ ᠭᠠᠩ ᠬᠠᠭᠰᠠᠷᠠᠭᠠᠨ ᠵᠡᠷᠭᠡ ᠭᠠᠮᠰᠢᠭ ᠤᠨ ᠠᠮᠤ ᠪᠤᠳᠠᠭᠠᠨ ᠤ ᠦᠢᠯᠡᠳᠪᠦᠷᠢᠯᠡᠯ ᠳᠤ ᠦᠵᠡᠭᠦᠯᠦᠭᠰᠡᠨ ᠨᠥᠯᠥᠭᠡ ᠶᠢ ᠪᠦᠲᠦᠮᠵᠢᠲᠡᠶ ᠠᠷᠢᠯᠭᠠᠪᠠ︾᠃ ᠫᠠᠨ ᠸᠧᠨ ᠪᠦᠸᠧ᠂ ᠡᠨᠡ ᠵᠢᠯ ᠤᠨ ᠠᠭᠤᠷ ᠠᠮᠢᠰᠬᠤᠯ ᠶᠡᠷᠦᠩᠬᠡᠢ ᠳᠡᠭᠡᠨ ᠰᠠᠶᠢᠨ ᠪᠠᠶᠢᠯ᠎ᠠ᠂ ᠬᠡᠳᠦᠶᠢᠪᠡᠷ ᠬᠡᠰᠡᠭ ᠭᠠᠵᠠᠷ ᠤᠨ ᠭᠠᠮᠰᠢᠭ ᠨᠡᠯᠢᠶᠡᠳ ᠬᠦᠨᠳᠦ ᠪᠤᠯᠪᠠᠴᠤ ᠣᠯᠠᠩᠬᠢ ᠭᠤᠣᠯ ᠤᠨᠠᠯᠲᠠ ᠶᠢᠨ ᠣᠷᠣᠨ ᠳᠤ ᠪᠣᠷᠣᠭᠠᠨ ᠬᠤᠷ᠎ᠠ ᠲᠡᠭᠰᠢ᠂ ᠭᠡᠷᠡᠯ ᠢᠯᠴᠢ ᠭᠦᠢᠴᠡᠳ ᠪᠠᠶᠢᠵᠤ᠂ ᠲᠠᠷᠢᠮᠠᠯ ᠤᠨ ᠤᠷᠭᠤᠯᠲᠠ ᠪᠤᠶᠢᠵᠢᠯᠲᠠ ᠪᠠ ᠤᠨᠠᠯᠲᠠ ᠶᠢᠨ ᠬᠡᠮᠵᠢᠶ᠎ᠡ ᠶᠢᠨ ᠪᠦᠷᠢᠯᠳᠦᠬᠦ ᠳᠤ ᠠᠰᠢᠭᠲᠠᠢ ᠭᠡᠵᠦ ᠬᠡᠯᠡᠪᠡ᠃      ᠣᠳᠣᠬᠠᠨ ᠳᠤ᠂ ᠤᠮᠠᠷᠠᠲᠤ ᠣᠷᠣᠨ ᠤ ᠨᠠᠮᠤᠷ ᠤᠨ ᠬᠤᠷᠢᠶᠠᠯᠲᠠ ᠰᠡᠭᠦᠯ ᠰᠢᠪᠲᠤᠷᠠᠬᠤ ᠱᠠᠲᠤᠨ ᠳᠤ ᠣᠷᠣᠵᠤ᠂ ᠡᠮᠦᠨᠡᠲᠦ ᠣᠷᠣᠨ ᠤ ᠣᠷᠣᠢ ᠶᠢᠨ ᠲᠤᠲᠤᠷᠭ᠎ᠠ᠂ ᠨᠠᠮᠤᠷ ᠤᠨ ᠰᠡᠭᠦᠯᠴᠢ ᠶᠢᠨ ᠲᠠᠷᠢᠮᠠᠯ ᠢ ᠪᠠᠰᠠ ᠶᠡᠭᠡ ᠬᠡᠪᠴᠢᠶ᠎ᠡ ᠪᠠᠷ ᠬᠤᠷᠢᠶᠠᠭᠠᠳᠤᠢ ᠪᠠᠶᠢᠨ᠎ᠠ᠃ ᠬᠥᠳᠡᠭᠡ ᠠᠵᠤ ᠠᠬᠤᠢ ᠬᠥᠳᠡᠭᠡ ᠲᠣᠰᠬᠤᠨ ᠤ ᠶᠠᠮᠤᠨ ᠠᠴᠠ ᠡᠯ᠎ᠡ ᠭᠠᠵᠠᠷ ᠤᠨ ᠬᠢᠨ ᠤ ᠲᠠᠷᠢᠮᠠᠯ ᠤᠨ ᠪᠣᠯᠪᠠᠰᠤᠷᠠᠭᠰᠠᠨ ᠴᠠᠭ ᠢ ᠦᠨᠳᠦᠰᠦᠯᠡᠨ ᠮᠠᠰᠢᠨ ᠪᠠᠭᠠᠵᠢ ᠪᠠᠨ ᠰᠠᠶᠢᠲᠤᠷ ᠲᠣᠬᠢᠷᠠᠭᠤᠯᠵᠤ᠂ ᠴᠠᠭ ᠢ ᠠᠮᠵᠢᠭᠤᠯᠤᠨ ᠲᠤᠩᠭᠠᠯᠠᠭ ᠡᠳᠦᠷ ᠢ ᠠᠮᠵᠢᠭᠤᠯᠤᠨ ᠬᠤᠷᠢᠶᠠᠵᠤ᠂ ᠴᠠᠭ ᠲᠤᠬᠠᠢ ᠳᠤᠨᠢ ᠳᠡᠯᠭᠡᠨ ᠬᠠᠳᠠᠭᠠᠵᠤ᠂ ᠮᠥᠬᠦᠯᠢᠭ ᠠᠮᠤ ᠶᠢ ᠬᠥᠮᠥᠷᠭᠡ ᠳᠤ ᠣᠷᠣᠭᠤᠯᠬᠤ ᠶᠢ ᠦᠨᠡᠨ ᠬᠦ ᠪᠠᠲᠤᠯᠠᠬᠤ ᠶᠢ ᠵᠢᠭᠠᠨ ᠵᠢᠯᠤᠭᠤᠳᠬᠤ ᠪᠣᠯᠣᠨ᠎ᠠ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号