1. ᠭᠠᠭᠴᠠᠭᠠᠷ ᠢᠶᠠᠨ ᠪᠠᠶᠢᠵᠦ ᠰᠣᠷᠬᠤ᠃ ᠭᠠᠭᠴᠠᠭᠠᠷ ᠪᠠᠶᠢᠬᠤ ᠪᠣᠯ ᠨᠢᠭᠡ ᠵᠦᠢᠯ ᠤᠨ ᠴᠢᠳᠠᠪᠤᠷᠢ ᠮᠥᠨ᠃ | ᠨᠢᠭᠡ ᠬᠥᠮᠥᠨ ᠤ ᠶᠢᠷᠲᠢᠨᠴᠦ ᠳᠤ᠂ ᠥᠪᠡᠷ ᠢ ᠪᠠᠨ ᠰᠠᠶᠢᠲᠤᠷ ᠳᠣᠬᠢᠷᠠᠭᠤᠯᠵᠦ᠂ ᠳᠣᠲᠣᠭᠠᠳᠤ ᠰᠡᠳᠬᠢᠯ ᠢᠶᠠᠨ | ᠮᠡᠳᠡᠷᠡᠨ᠂ ᠡᠷᠬᠡ ᠴᠢᠯᠦᠭᠡ ᠲᠠᠢ ᠪᠠᠷ ᠥᠪᠡᠷ ᠤᠨ ᠰᠠᠨᠠᠬᠰᠠᠨ ᠵᠦᠢᠯ ᠢᠶᠠᠨ ᠢᠯᠡᠷᠡᠭᠦᠯᠵᠦ᠂ ᠰᠡᠳᠬᠢᠯ ᠤᠨ | ᠳᠣᠲᠣᠭᠠᠳᠤ ᠬᠦᠴᠦᠨ ᠴᠢᠳᠠᠯ ᠢᠶᠠᠨ ᠠᠭᠤᠳᠠᠯᠯᠠᠵᠦ ᠠᠮᠢᠳᠣᠷᠠᠬᠤ ᠳᠤ ᠭᠠᠭᠴᠠᠭᠠᠷ ᠪᠠᠶᠢᠬᠤ ᠦᠶ᠎ᠡ ᠳᠣᠰᠠᠯᠠᠳᠠᠭ᠃ | | 2. ᠦᠬᠡᠳᠡᠷᠬᠡᠭ ᠪᠠᠶᠢᠵᠦ ᠰᠣᠷᠬᠤ᠃ ᠠᠮᠢᠳᠤᠷᠠᠯ ᠪᠣᠯ ᠦᠪᠡᠷ ᠢ ᠪᠠᠨ ᠳᠣᠯᠢᠳᠠᠬᠤ ᠲᠣᠯᠢ ᠮᠥᠨ᠃ ᠴᠢᠮᠠᠶᠢ | ᠪᠠᠶᠠᠷᠳᠠᠢ ᠦᠶ᠎ᠡ ᠳᠤ ᠲᠡᠷᠡ ᠥᠭᠡᠳᠡ ᠠᠴᠠ ᠴᠢᠨᠢ ᠮᠦᠰᠢᠶᠡᠵᠦ ᠪᠠᠶᠢᠳᠠᠭ᠃ ᠭᠤᠨᠢᠬᠯᠠᠪᠠᠯ ᠮᠦᠨ ᠳᠠᠭᠠᠭᠠᠳ | ᠭᠤᠨᠢᠬᠳᠠᠢ ᠬᠠᠷᠠᠭᠳᠠᠳᠠᠭ᠃ ᠡᠶᠢᠮᠦ ᠠᠴᠠ ᠦᠩᠭᠡᠷᠡᠭᠰᠡᠨ ᠢ ᠮᠠᠷᠳᠠᠵᠦ᠂ ᠣᠷᠣᠬᠰᠢ ᠪᠠᠨ ᠬᠠᠷᠠᠵᠦ᠂ ᠦᠭᠡᠳᠡᠷᠭᠡᠭ | ᠠᠮᠢᠳᠣᠷᠠᠬᠤ ᠶᠤᠰᠤᠳᠠᠢ᠃ | | 3. ᠦᠪᠡᠷ ᠤᠨ ᠬᠢ ᠪᠠᠷ ᠢᠶᠠᠨ ᠰᠡᠳᠬᠢᠵᠦ ᠰᠣᠷᠬᠤ᠃ ᠨᠠᠷᠢᠨ ᠪᠤᠳᠤᠯᠢᠶᠠᠨᠲᠠᠢ ᠭᠡᠷᠡᠭ ᠶᠠᠪᠤᠳᠠᠯ ᠤᠨ ᠡᠮᠦᠨ᠎ᠡ᠂ | ᠬᠡᠷᠪᠡ ᠪᠡᠶ᠎ᠡ ᠪᠠᠨ ᠳᠠᠭᠠᠭᠠᠵᠤ ᠦᠪᠡᠷ ᠤᠨ ᠬᠢ ᠪᠠᠷ ᠢᠶᠠᠨ ᠰᠡᠳᠬᠢᠬᠦ ᠴᠢᠳᠠᠪᠤᠷᠢ ᠦᠭᠡᠢ ᠪᠣᠯ ᠣᠶᠤᠨᠴᠢ | ᠮᠠᠭᠠᠳᠯᠠᠯᠲᠠ ᠪᠠᠨ ᠠᠯᠳᠠᠬᠤ ᠳᠤ ᠬᠦᠷᠦᠨ᠎ᠡ᠃ ᠰᠢᠢᠳᠪᠦᠷᠢ ᠭᠠᠷᠭᠠᠬᠤ ᠠᠴᠠ ᠪᠠᠨ ᠡᠮᠦᠨ᠎ᠡ᠂ ᠥᠪᠡᠷ ᠤᠨ ᠪᠡᠶ᠎ᠡ | ᠳᠡᠭᠡᠨ ᠢᠯᠡᠭᠦᠬᠡᠨ ᠰᠡᠳᠬᠢᠬᠦ ᠴᠠᠭ ᠥᠭᠴᠦ᠂ ᠦᠷᠭᠦᠯᠵᠢ ᠰᠡᠳᠬᠢᠪᠡᠯ ᠰᠠᠶ᠋ᠢ ᠠᠯᠬᠤᠮ ᠳᠠᠪᠰᠢᠵᠤ ᠲᠠᠶᠢᠯᠤᠨ᠎ᠠ᠃ | ᠪᠤᠰᠤᠳ ᠢ ᠰᠣᠬᠤᠷ ᠪᠠᠯᠠᠢ ᠪᠠᠷ ᠳᠠᠭᠠᠬᠤ ᠭᠡᠷᠡᠭ ᠦᠬᠡᠢ᠃ | | 4. ᠰᠤᠷᠤᠯᠴᠠᠬᠤ ᠶᠢ ᠪᠠᠷᠢᠮᠳᠠᠯᠠᠬᠤ᠃ ᠡᠳᠦᠷ ᠪᠦᠷᠢ ᠵᠣᠬᠢᠬᠤ ᠴᠠᠭ ᠭᠠᠷᠭᠠᠨ ᠰᠤᠷᠤᠯᠴᠠᠵᠤ᠂ ᠮᠡᠳᠡᠯᠬᠡ ᠪᠠᠨ | ᠥᠷᠭᠡᠳᠬᠡᠨ᠂ ᠪᠤᠯᠪᠠᠰᠣᠷᠠᠯ ᠢᠶᠠᠨ ᠳᠡᠭᠡᠭᠰᠢᠯᠡᠭᠦᠯᠪᠡᠯ ᠰᠠᠶ᠋ᠢ ᠠᠮᠢᠳᠤᠷᠠᠯ ᠢ ᠠᠷᠭᠠᠴᠠᠭᠠᠬᠤ ᠢᠳᠡᠬᠡᠯ ᠬᠦᠴᠦᠨ ᠲᠠᠢ | ᠪᠣᠯᠵᠤ ᠴᠢᠳᠠᠨ᠎ᠠ᠃ ᠤᠳᠬ᠎ᠠ ᠠᠭᠤᠯᠭ᠎ᠠ ᠲᠠᠢ ᠶᠠᠪᠤᠳᠠᠯ ᠳᠡᠭᠡᠷ᠎ᠡ ᠢᠯᠡᠬᠦᠦ ᠴᠠᠭ ᠬᠤᠭᠤᠴᠠᠭ᠎ᠠ ᠵᠠᠷᠤᠴᠠᠭᠤᠯᠵᠤ᠂ | ᠰᠢᠨᠲᠠᠷᠠᠰᠢ ᠦᠭᠡᠢ ᠪᠠᠷᠢᠮᠲᠠᠯᠠᠨ᠂ ᠰᠠᠶᠢᠨ ᠢ ᠬᠥᠭᠡᠭᠡᠴᠡᠯᠳᠦᠪᠡᠯ ᠰᠠᠶ᠋ᠢ ᠥᠪᠡᠷ ᠤᠨ ᠬᠦᠰᠡᠵᠦ ᠰᠠᠨᠠᠭᠰᠠᠨ ᠠᠮᠢᠳᠤᠷᠠᠯ ᠢ | ᠡᠳ᠋ᠯᠡᠵᠦ ᠴᠢᠳᠠᠨ᠎ᠠ᠃ |