ᠢᠩᠭᠢᠪᠡᠯ ᠲᠠ ᠤᠯᠠᠮ ᠰᠢᠯᠢᠳᠡᠭ ᠪᠣᠯᠣᠨ᠎ᠠ
ᠨᠡᠶᠢᠲᠡᠯᠡᠭᠰᠡᠨ ᠴᠠᠭ᠄
2023/11/23
     ᠰᠣᠨᠢᠭᠤᠴᠢ ᠵᠠᠩ ᠢᠶᠠᠨ ᠪᠢᠲᠡᠭᠡᠢ ᠬᠠᠶᠠᠭᠠᠷᠠᠢ᠃ ᠤᠷᠴᠢᠯᠠᠩ ᠤᠨ ᠶᠠᠪᠤᠳᠠᠯ ᠤᠷᠪᠠᠭᠠᠨ ᠬᠥᠷᠪᠡᠭᠡᠨ ᠲᠠᠢ᠂ ᠣᠯᠠᠨ ᠳᠠᠯ᠎ᠠ ᠲᠠᠢ ᠪᠠᠶᠢᠳᠠᠭ᠂ ᠨᠢᠭᠡ ᠬᠥᠮᠥᠨ ᠬᠡᠷᠪᠡ ᠰᠣᠨᠢᠭᠤᠴᠢ ᠵᠠᠩ ᠢᠶᠠᠨ ᠠᠯᠳᠠᠪᠠᠯ᠂ ᠰᠢᠨ᠎ᠠ ᠵᠣᠶᠢᠯ ᠢ ᠤᠯᠵᠦ ᠬᠠᠷᠠᠬᠤ ᠡᠰᠡᠬᠦᠯ᠎ᠡ ᠦᠪᠡᠷ ᠢ ᠪᠠᠨ ᠬᠦᠭᠵᠢᠬᠦᠯᠵᠦ ᠴᠢᠳᠠᠬᠤ ᠦᠬᠡᠢ ᠪᠠᠶᠢᠳᠠᠭ᠃ ᠡᠨᠡ ᠳᠣᠮᠳᠠ ᠨᠠᠰᠦ ᠪᠤᠯ ᠵᠦᠭᠡᠷ ᠯᠠ ᠳᠤᠭ᠎ᠠ᠃ ᠬᠡᠳᠦᠢ ᠬᠦᠷᠴᠦ ᠪᠠᠶᠢᠬᠰᠠᠨ ᠴᠦ ᠰᠣᠨᠢᠭᠤᠴᠢ ᠵᠠᠩ ᠢᠶᠠᠨ ᠪᠢᠳᠡᠬᠡᠢ ᠬᠠᠶᠠ᠃      ᠥᠪᠡᠷ ᠤᠨ ᠬᠢᠭᠰᠡᠨ ᠳᠡᠭᠡᠨ ᠬᠠᠷᠢᠭᠤᠴᠠᠬᠤ ᠭᠡᠷᠡᠭᠳᠡᠢ᠃ ︽ᠨᠠᠶᠢᠳᠠᠪᠤᠷᠢᠲᠠᠢ︾ ᠪᠠᠶᠢᠬᠤ ᠬᠡᠳᠡᠭ ᠪᠣᠯ ᠬᠥᠮᠥᠨ ᠤ ᠵᠢᠩᠬᠢᠨᠢ ᠦᠰᠦᠨ ᠪᠤᠶᠢᠵᠢᠯᠲᠠ ᠶᠢᠨ ᠪᠡᠯᠭᠡ ᠲᠡᠮᠳᠡᠭ ᠮᠥᠨ᠂ ᠨᠢᠭᠡ ᠬᠥᠮᠥᠨ ᠤ ᠨᠠᠶᠢᠳᠠᠪᠤᠷᠢᠲᠠᠢ ᠡᠰᠡᠬᠦ  ᠨᠢ ᠲᠡᠷᠡ ᠬᠦᠮᠦᠨ ᠥᠪᠡᠷ ᠤᠨ ᠦᠶᠯᠡ ᠠᠵᠢᠯᠯᠠᠭ᠎ᠠ ᠳᠠᠭᠠᠨ ᠬᠠᠷᠢᠭᠤᠴᠠᠬᠤ ᠡᠰᠡᠬᠦ ᠪᠠᠷ ᠰᠢᠯᠳᠠᠭᠠᠯᠠᠨ᠎ᠠ᠃ ᠬᠠᠷᠢᠭᠤᠴᠠᠯᠭ᠎ᠠ ᠠᠴᠠ ᠵᠠᠶᠢᠯᠠᠬᠤ᠂ ᠠᠯᠳᠠᠭ᠎ᠠ ᠪᠤᠷᠤᠭᠤ ᠪᠠᠨ ᠪᠤᠯᠢᠬᠠᠶᠢᠯᠠᠬᠤ ᠨᠢ ᠥᠪᠡᠷ ᠢ ᠪᠠᠨ ᠠᠰᠠᠭᠤᠳᠠᠯ ᠠᠴᠠ ᠵᠠᠶᠢᠯᠠᠭᠤᠯᠵᠦ ᠪᠤᠯᠬᠤ ᠴᠦ ᠨᠦᠬᠦᠬᠡ ᠳᠠᠯ᠎ᠠ ᠪᠠᠷ ᠢᠳᠡᠬᠡᠯ ᠦᠨᠡᠮᠰᠢᠯ ᠢ ᠴᠢᠨᠢ ᠠᠯᠳᠠᠭᠤᠯᠵᠦ᠂ ᠠᠶᠤᠮᠠᠬᠠᠢ ᠬᠤᠯᠴᠢᠭᠠᠷ ᠢ ᠴᠢᠨᠢ ᠢᠯᠡᠷᠡᠬᠦᠯᠬᠦ ᠪᠤᠯᠤᠨ᠎ᠠ᠃ ᠡᠶᠢᠮᠦ ᠠᠴᠠ ᠬᠢᠭᠰᠡᠨ ᠶᠠᠭᠤᠮᠠᠨ ᠳᠠᠭᠠᠨ ᠬᠠᠷᠢᠭᠤᠴᠠᠵᠦ ᠰᠣᠷᠬᠤ ᠨᠢ ᠴᠢᠬᠤᠯᠠ ᠶᠤᠮ᠃      ᠪᠡᠶ᠎ᠡ ᠪᠠᠨ ᠳᠠᠭᠠᠭᠠᠵᠤ ᠰᠡᠳᠬᠢᠬᠦ ᠰᠣᠷᠬᠤ ᠭᠡᠷᠡᠭᠳᠡᠢ᠃ ᠨᠢᠭᠡ ᠬᠥᠮᠥᠨ ᠳᠤ ᠠᠪᠴᠤ ᠬᠡᠯᠡᠪᠡᠯ᠂ ᠪᠡᠶ᠎ᠡ ᠪᠠᠨ ᠳᠠᠭᠠᠭᠠᠵᠤ ᠰᠡᠳᠬᠢᠬᠦ ᠴᠢᠳᠠᠪᠤᠷᠢ ᠦᠭᠡᠢ ᠪᠠᠶᠢᠬᠤ ᠨᠢ ᠡᠨᠡ ᠬᠥᠮᠥᠨ ᠤ ᠳᠣᠲᠣᠭᠠᠳᠤ ᠰᠡᠳᠬᠢᠯ ᠨᠢ ᠬᠡᠢ ᠬᠤᠭᠤᠰᠤᠨ᠂ ᠬᠦᠴᠦᠨ ᠴᠢᠳᠠᠯ ᠦᠭᠡᠢ ᠢ ᠢᠯᠡᠳᠬᠡᠵᠦ ᠪᠠᠶᠢᠨ᠎ᠠ᠂ ᠡᠶᠢᠮᠦ ᠬᠥᠮᠥᠨ ᠤᠴᠢᠷ ᠶᠠᠪᠤᠳᠠᠯ ᠲᠣᠬᠢᠶᠠᠯᠳᠤᠪᠠᠯ ᠶᠠᠮᠠᠷ ᠴᠤ ᠪᠣᠳᠣᠯ ᠦᠭᠡᠢ ᠰᠣᠬᠤᠷ ᠪᠠᠯᠠᠢ ᠪᠠᠷ ᠰᠢᠭᠤᠳ ᠪᠤᠰᠤᠳ ᠢ ᠳᠠᠭᠤᠷᠢᠶᠠᠨ ᠰᠢᠢᠳᠴᠦ ᠪᠠᠶᠢᠳᠠᠭ᠃ ᠪᠡᠶ᠎ᠡ ᠪᠠᠨ ᠳᠠᠭᠠᠭᠠᠵᠤ ᠰᠡᠳᠬᠢᠪᠡᠯ ᠦᠪᠡᠷᠳᠡᠬᠡᠨ ᠳᠣᠬᠢᠷᠠᠬᠰᠠᠨ ᠠᠰᠠᠭᠤᠳᠠᠯ ᠳᠤ ᠬᠠᠨᠳᠣᠬᠤ ᠠᠷᠭ᠎ᠠ ᠮᠠᠶ᠋ᠢᠭ ᠢ ᠣᠯᠵᠦ ᠴᠢᠳᠠᠳᠠᠭ      ᠬᠦᠴᠦᠷᠬᠡᠭ ᠬᠦᠮᠦᠨ ᠲᠠᠢ ᠢᠯᠡᠭᠦᠬᠡᠨ ᠣᠶᠢᠷᠠᠲᠤᠭᠠᠷᠠᠢ᠃ ᠲᠦᠷᠭᠡᠨ ᠳᠣᠮᠣᠭᠠᠵᠢᠬᠤ ᠳᠤ ᠪᠡᠶ᠎ᠡ ᠠᠴᠠ ᠪᠠᠨ ᠬᠦᠴᠦᠷᠬᠡᠭ ᠬᠥᠮᠥᠨ ᠲᠠᠢ ᠢᠯᠡᠭᠦᠬᠡᠨ ᠣᠶᠢᠷᠠᠳᠬᠤ ᠨᠢ ᠰᠠᠶᠢᠨ ᠠᠷᠭ᠎ᠠ ᠪᠠᠶᠢᠵᠦ ᠮᠡᠳᠡᠨ᠎ᠡ᠃ ᠶᠡᠷᠦ ᠶᠢᠨ ᠦᠭᠡᠨ ᠳᠤ ᠄ ︽ᠰᠦ ᠲᠠᠢ ᠣᠶᠢᠷᠠᠳᠣᠪᠠᠯ ᠴᠠᠶᠢᠷᠠᠵᠦ᠂ ᠬᠦ᠋ ᠲᠠᠢ ᠣᠶᠢᠷᠠᠳᠣᠪᠠᠯ ᠬᠠᠷᠠᠯᠠᠨ᠎ᠠ︾ ᠭᠡᠳᠡᠭ᠃ ᠬᠦᠴᠦᠷᠬᠡᠭ ᠬᠥᠮᠥᠨ ᠲᠠᠢ ᠬᠠᠷᠢᠯᠴᠠᠬᠤ ᠳᠠᠭᠠᠨ ᠪᠡᠶ᠎ᠡ ᠪᠠᠨ ᠭᠤᠯᠣᠵᠤ ᠭᠤᠳᠤᠷᠠᠬᠰᠠᠨ ᠤ ᠭᠡᠷᠡᠭ ᠦᠭᠡᠢ᠂ ᠨᠡᠩ ᠴᠤ ᠵᠣᠷᠢᠭᠤᠳᠠ ᠵᠠᠢ ᠪᠠᠨ ᠪᠠᠷᠢᠵᠦ ᠬᠤᠯᠠᠳᠠᠬᠤ ᠨᠢ ᠳᠡᠮᠡᠢ᠂ ᠬᠠᠷᠢᠨ ᠲᠡᠳᠡᠨ ᠲᠠᠢ ᠢᠯᠡᠭᠦᠬᠡᠨ ᠣᠶᠢᠷᠠᠲᠤᠬᠤ ᠬᠡᠷᠡᠭᠲᠡᠢ᠃ ᠨᠡᠩ ᠰᠠᠶᠢᠨ ᠬᠥᠮᠥᠨ ᠲᠠᠢ ᠬᠠᠮᠲᠤ ᠪᠠᠶᠢᠮᠠᠨᠵᠢᠨ ᠰᠠᠶ᠋ᠢ ᠦᠪᠡᠷ ᠢ ᠪᠠᠨ ᠨᠡᠩ ᠰᠠᠶᠢᠨ ᠢᠶᠠᠷ ᠴᠡᠨᠡᠭᠯᠡᠬᠦ ᠪᠤᠯᠤᠮᠵᠢ ᠲᠠᠢ ᠶᠤᠮ᠃      ᠤᠷᠲᠤ ᠬᠤᠭᠤᠴᠠᠭᠠᠨ ᠤ ᠦᠵᠡᠯᠲᠡ ᠲᠠᠢ ᠪᠠᠶᠢᠬᠤ ᠬᠡᠷᠡᠭᠲᠡᠢ᠃ ᠬᠤᠯᠠ ᠶᠢᠨ ᠬᠠᠷᠠᠴᠠ ᠦᠭᠡᠢ ᠬᠥᠮᠥᠨ ᠨᠢᠳᠦᠨ ᠡᠮᠦᠨᠡᠬᠢ ᠠᠰᠢᠭ ᠲᠤᠰᠠ ᠳᠠᠭᠠᠨ ᠬᠡᠲᠦᠷᠬᠡᠢ ᠰᠢᠨᠤᠭᠠᠳ ᠥᠪᠡᠷ ᠤᠨ ᠪᠡᠶ᠎ᠡ ᠳᠡᠭᠡᠨ ᠪᠡᠯᠡ ᠣᠷᠣᠭᠤᠯᠬᠤ ᠶᠢ ᠣᠮᠲᠣᠭᠠᠶᠢᠯᠠᠳᠠᠭ ᠶᠤᠮ᠃ ᠤᠷᠲᠤ ᠬᠤᠭᠤᠴᠠᠭᠠᠨ ᠤ ᠳᠣᠬᠳᠠᠮᠠᠯ ᠦᠵᠡᠯ ᠢᠶᠠᠨ ᠪᠠᠷᠢᠮᠳᠠᠯᠠᠵᠦ ᠰᠤᠷᠬᠤ ᠨᠢ ᠬᠥᠮᠥᠨ ᠢ ᠨᠡᠩ ᠲᠣᠳᠣᠷᠬᠠᠢ ᠠᠯᠤᠰ ᠤᠨ ᠬᠠᠷᠠᠭ᠎ᠠ ᠲᠠᠢ ᠪᠤᠯᠭᠠᠳᠠᠭ ᠶᠤᠮ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号