ᠮᠣᠩᠭᠤᠯ ᠭᠡᠷ ᠤᠨ ᠲᠤᠬᠠᠢ
ᠨᠡᠶᠢᠲᠡᠯᠡᠭᠰᠡᠨ ᠴᠠᠭ᠄
2023/11/6
    ᠮᠣᠩᠭᠤᠯ ᠤᠨ ᠠᠷᠬᠢᠲ᠋ᠧᠺᠲ᠋ᠣᠷ ︵ᠪᠠᠷᠢᠯᠭ᠎ᠠ ᠶᠢᠨ ᠵᠢᠷᠤᠭ ᠵᠦᠢᠴᠢ︶ ᠶᠢᠨ ᠮᠣᠩᠭᠤᠯᠴᠤᠳ ᠤᠨ ᠦᠨᠳᠦᠰᠦᠨ ᠤ ᠭᠡᠷ ᠠᠰᠤᠷᠤ ᠶᠡᠭᠡ ᠡᠭᠦᠷᠭᠡ ᠭᠦᠢᠴᠡᠳᠬᠡᠵᠡᠢ᠃ ᠡᠨᠡ ᠨᠢ ᠮᠣᠩᠭᠤᠯ ᠭᠡᠷ ᠤᠨ ᠥᠪᠡᠷ ᠤᠨ ᠨᠥᠯᠥᠭᠡ ᠶᠢ ᠮᠣᠩᠭᠤᠯ ᠤᠨ ᠠᠷᠬᠢᠲ᠋ᠧᠺᠲ᠋ᠣᠷ ᠲᠤ ᠠᠯᠢ ᠬᠢᠷᠢ ᠲᠤᠰᠬᠠᠭᠳᠠᠭᠰᠠᠨ ᠢᠶᠠᠷ ᠬᠡᠮᠵᠢᠭᠳᠡᠨ᠎ᠡ᠃      ᠮᠣᠩᠭᠤᠯ ᠤᠨ ᠨᠤᠲᠤᠭ ᠳᠡᠪᠢᠰᠬᠡᠷ ᠲᠤ ᠨᠤᠲᠤᠭᠯᠠᠵᠤ ᠪᠠᠶᠢᠭᠰᠠᠨ ᠡᠷᠲᠡᠨ ᠤ ᠣᠪᠣᠭ ᠠᠶᠢᠮᠠᠭ ᠤᠳ ᠤᠨ ᠣᠷᠣᠨ ᠰᠠᠭᠤᠴᠠ ᠪᠣᠯᠬᠤ ᠢᠰᠡᠭᠡᠢ ᠭᠡᠷ ᠤᠨ ᠲᠡᠦᠬᠡ ᠪᠣᠯ ᠮᠠᠨ ᠤ ᠣᠨ ᠲᠣᠭᠠᠯᠠᠯ ᠠᠴᠠ 500 ᠵᠢᠯ ᠤᠨ ᠲᠡᠷᠲᠡᠭᠡ ᠪᠤᠶᠤ ᠢᠰᠡᠭᠡᠢ ᠬᠢᠵᠦ ᠭᠡᠷ ᠢᠶᠠᠨ ᠪᠦᠷᠢᠳᠡᠭ ᠪᠣᠯᠤᠭᠰᠠᠨ ᠴᠠᠭ ᠠᠴᠠ ᠡᠬᠢᠯᠡᠬᠦ ᠶᠤᠮ᠃ ᠡᠶᠢᠮᠦ ᠳᠤ ᠮᠣᠩᠭᠤᠯ ᠭᠡᠷ  ᠤᠨ ᠬᠥᠭᠵᠢᠯ ᠨᠢ 2500-3000 ᠵᠢᠯ ᠤᠨ ᠲᠡᠦᠬᠡ ᠲᠠᠢ᠃ ᠠᠷᠪᠠᠨ ᠭᠤᠷᠪᠠᠳᠤᠭᠠᠷ ᠵᠠᠭᠤᠨ ᠤ ᠮᠣᠩᠭᠤᠯ ᠭᠡᠷ᠂ ᠣᠷᠴᠢᠨ ᠦᠶ᠎ᠡ ᠶᠢᠨ ᠮᠣᠩᠭᠤᠯ ᠭᠡᠷ ᠲᠠᠢ ᠨᠡᠯᠢᠶᠡᠳ ᠲᠥᠰᠲᠡᠢ ᠪᠠᠶᠢᠭᠰᠠᠨ ᠪᠠᠶᠢᠨ᠎ᠠ᠃ ᠬᠠᠭᠤᠴᠢᠨ ᠨᠡᠶᠢᠭᠡᠮ ᠤᠨ ᠦᠶ᠎ᠡ ᠳᠤ ᠨᠣᠶᠠᠳ ᠠᠷᠠᠳ ᠣᠯᠠᠨ ᠢ ᠵᠠᠬᠢᠷᠬᠤ᠂ ᠡᠷᠬᠡ ᠮᠠᠲᠠᠯ ᠢᠶᠠᠨ ᠪᠠᠲᠤᠳᠬᠠᠬᠤ ᠦᠵᠡᠯ ᠰᠠᠨᠠᠭ᠎ᠠ ᠶᠢ ᠢᠯᠡᠷᠬᠡᠶᠢᠯᠡᠬᠦ ᠶᠢᠨ ᠲᠤᠯᠠᠳᠠ ᠭᠡᠷ ᠤᠨ ᠭᠠᠳᠠᠭᠠᠳᠤ ᠪᠠᠶᠢᠳᠠᠯ ᠢ ᠬᠦᠷᠲᠡᠯ᠎ᠡ ᠡᠩ ᠤᠨ ᠠᠷᠠᠳ ᠤᠨ ᠬᠢ ᠠᠴᠠ ᠥᠭᠡᠷ᠎ᠡ ᠪᠣᠯᠭᠠᠵᠤ᠂ ᠤᠯᠠᠭᠠᠨ ᠢᠶᠠᠷ ᠬᠠᠯᠵᠠᠯᠠᠭᠠᠳ ᠥᠷᠭᠦᠭᠡ ᠭᠡᠵᠦ ᠨᠡᠷᠡᠯᠡᠬᠦ ᠪᠣᠯᠵᠠᠢ᠃      ᠨᠡᠭᠦᠳᠡᠯ ᠤᠨ ᠠᠮᠢᠳᠤᠷᠠᠯ ᠲᠠᠢ ᠠᠶᠢᠯ ᠤᠳ ᠤᠨ ᠭᠡᠷ ᠨᠢ ᠠᠴᠢᠵᠤ ᠨᠡᠭᠦᠬᠦ ᠳᠤ ᠠᠯᠢ ᠪᠣᠯᠬᠤ ᠪᠠᠷ ᠬᠥᠩᠭᠡᠨ᠂ ᠪᠠᠷᠢᠬᠤ ᠳᠤ ᠬᠢᠯᠪᠠᠷ ᠪᠠᠶᠢᠳᠠᠯ ᠢ ᠬᠠᠷᠠᠭᠠᠯᠵᠠᠭᠰᠠᠨ ᠪᠠᠶᠢᠳᠠᠭ ᠪᠣᠯ ᠬᠤᠲᠠ ᠰᠠᠭᠤᠷᠢᠨ ᠠᠶᠢᠯ ᠤᠨ ᠭᠡᠷ ᠨᠢ ᠲᠣᠬᠢᠯᠢᠭ᠋᠂ ᠭᠤᠶᠣᠮᠰᠤᠭ ᠪᠠᠶᠢᠳᠠᠯ ᠢ ᠡᠷᠬᠢᠮᠯᠡᠳᠡᠭ ᠤᠴᠢᠷ ᠠᠴᠠ ᠭᠡᠷ ᠤᠨ ᠬᠢᠴᠡ ᠬᠡᠰᠡᠭ ᠦᠦᠨ ᠮᠠᠰᠢ ᠨᠠᠷᠢᠨ ᠠᠵᠢᠯᠯᠠᠭ᠎ᠠ ᠲᠠᠢ ᠪᠣᠯᠵᠠᠢ᠃ ᠬᠤᠲᠠ ᠰᠠᠭᠤᠷᠢᠨ ᠭᠠᠵᠠᠷ ᠤᠨ ᠬᠥᠮᠥᠰ ᠭᠡᠷ ᠢ ᠪᠣᠷᠤᠭ᠎ᠠ᠂ ᠴᠠᠰᠤᠨ ᠠᠴᠠ ᠬᠠᠮᠠᠭᠠᠯᠠᠵᠤ ᠰᠠᠷᠠᠪᠴᠢ ᠪᠠᠷᠢᠬᠤ᠂ ᠱᠠᠯᠠᠨ ᠳᠡᠭᠡᠷ᠎ᠡ ᠪᠠᠷᠢᠬᠤ᠂ ᠮᠥᠨ ᠬᠠᠲᠠᠪᠴᠢᠨ ᠳᠤ ᠭᠡᠭᠡᠪᠴᠢ ᠬᠢᠬᠦ ᠵᠡᠷᠭᠡ ᠪᠠᠷ ᠭᠡᠷ ᠤᠨ ᠬᠢᠴᠡ ᠶᠢᠨ ᠬᠡᠰᠡᠭ ᠦᠦᠨ ᠢ ᠥᠭᠡᠷᠡᠴᠢᠯᠡᠵᠦ ᠢᠷᠡᠵᠡᠢ᠃ ᠡᠷᠲᠡ ᠳᠡᠭᠡᠷ᠎ᠡ ᠦᠶ᠎ᠡ ᠳᠤ ᠢᠰᠡᠭᠡᠢ ᠭᠡᠷ ᠢ ᠮᠣᠩᠭᠤᠯ ᠪᠠ ᠲᠥᠷᠥᠭ ᠤᠨ ᠭᠡᠵᠦ ᠢᠯᠭᠠᠳᠠᠭ ᠪᠠᠶᠢᠭᠰᠠᠨ ᠪᠠᠶᠢᠨ᠎ᠠ᠃ ᠮᠣᠩᠭᠤᠯ ᠭᠡᠷ ᠪᠣᠯ ᠲᠥᠷᠥᠭ ᠦᠨᠳᠦᠰᠦᠲᠡᠨ ᠤ ᠭᠡᠷ ᠠᠴᠠ ᠬᠢᠯᠪᠠᠷ ᠪᠠ ᠬᠢᠴᠡ ᠪᠠᠷ ᠢᠶᠠᠨ ᠢᠯᠭᠠᠭᠳᠠᠨ᠎ᠠ᠃ ᠲᠥᠷᠥᠭ ᠭᠡᠷ ᠨᠢ ᠪᠦᠩᠬᠦᠭᠡᠷ ᠪᠥᠭᠡᠳ ᠵᠢᠵᠢᠭᠬᠡᠨ ᠲᠣᠭᠤᠨᠣ ᠲᠠᠢ᠂ ᠣᠨᠢ ᠨᠢ ᠤᠷᠲᠤ᠂ ᠰᠠᠭᠠᠯᠳᠤᠷᠭ᠎ᠠ ᠲᠠᠢ ᠲᠠᠯ᠎ᠠ ᠨᠢ ᠲᠠᠬᠢᠷ᠂ ᠬᠠᠨ᠎ᠠ ᠨᠢ ᠨᠠᠮᠬᠠᠨ ᠪᠠᠶᠢᠳᠠᠭ ᠪᠣᠯ ᠮᠣᠩᠭᠤᠯ ᠭᠡᠷ ᠨᠢ ᠲᠣᠮᠣ ᠲᠣᠭᠤᠨᠣ ᠲᠠᠢ᠂ ᠪᠣᠭᠤᠨᠢᠬᠠᠨ ᠰᠢᠯᠤᠭᠤᠨ ᠣᠨᠢ ᠲᠠᠢ᠂ ᠬᠠᠨ᠎ᠠ ᠨᠢ ᠥᠨᠳᠥᠷᠳᠡᠭᠦᠦ ᠪᠠᠶᠢᠳᠠᠭ᠃      ᠮᠣᠩᠭᠤᠯ ᠭᠡᠷ ᠨᠢ ᠬᠢᠭᠰᠡᠨ ᠮᠠᠲ᠋ᠧᠷᠢᠶᠠᠯ᠂ ᠭᠤᠶᠣᠯ ᠴᠢᠮᠡᠭᠯᠡᠯ ᠵᠠᠷᠢᠮ ᠬᠢᠴᠡ ᠬᠡᠰᠡᠭ ᠤᠨ ᠬᠤᠪᠢ ᠳᠤ ᠬᠠᠷᠢᠯᠴᠠᠨ ᠠᠳᠠᠯᠢ ᠦᠭᠡᠢ ᠪᠠᠶᠢᠭᠰᠠᠨ ᠠᠴᠠ ︽ᠮᠣᠩᠭᠤᠯ ᠤᠨ ᠨᠢᠭᠤᠴᠠ ᠲᠣᠪᠴᠢᠶᠠᠨ ᠪᠠ ᠪᠤᠰᠤᠳ ᠨᠣᠮ ᠵᠣᠬᠢᠶᠠᠯ ᠳᠤ ᠶᠠᠩᠵᠤ ᠪᠦᠷᠢ ᠶᠢᠨ ᠨᠡᠷ᠎ᠡ ᠪᠠᠷ ᠨᠡᠷᠡᠯᠡᠭᠳᠡᠨ ᠢᠷᠡᠵᠡᠢ᠃ ᠵᠢᠰᠢᠷ᠎ᠡ ᠨᠢ᠂ ᠬᠠᠷᠠᠴᠤ ᠶᠢᠨ ᠭᠡᠷ᠂ ᠴᠣᠷᠬᠠᠨ᠂ ᠲᠠᠷᠮ᠎ᠠ᠂ ᠰᠣᠶᠣᠳᠠ ᠭᠡᠷ ᠭᠡᠬᠦ ᠮᠡᠲᠦ᠃ ᠭᠡᠷ ᠢ ᠲᠠᠷᠬᠠᠯᠲᠠ ᠶᠢᠨ ᠪᠠᠶᠢᠳᠠᠯ ᠢᠶᠠᠷ ᠨᠢ ᠦᠵᠡᠪᠡᠯ ᠠᠷᠤ᠂ ᠥᠪᠥᠷ ᠮᠣᠩᠭᠤᠯ᠂ ᠪᠤᠷᠢᠶᠠᠳ᠂ ᠬᠠᠯᠢᠮᠠᠭ᠂ ᠠᠯᠲᠠᠶᠢᠴᠤᠳ᠂ ᠬᠠᠰᠠᠭ᠂ ᠺᠢᠷᠭᠢᠽᠤᠳ ᠤᠨ ᠳᠤᠮᠳᠠ ᠳᠡᠯᠭᠡᠷᠡᠵᠡᠢ᠃      ᠭᠡᠷ ᠤᠨ ᠬᠤᠶᠢᠮᠤᠷ ᠢᠶᠠᠷ ᠬᠡ ᠤᠭᠠᠯᠵᠠ ᠪᠦᠬᠦᠢ ᠰᠢᠷᠢᠮᠡᠯ ᠰᠢᠷᠲᠡᠭ᠂ ᠢᠰᠡᠭᠡᠢ ᠳᠡᠪᠢᠰᠬᠡᠷ᠂ ᠬᠡᠪᠢᠰ ᠳᠡᠪᠢᠰᠦᠨ᠎ᠡ᠃ ᠪᠠᠰᠠ ᠬᠦᠨᠳᠦᠲᠦ ᠵᠣᠴᠢᠨ ᠳᠤ ᠣᠯᠪᠣᠭ ᠳᠡᠪᠢᠰᠳᠡᠭ ᠵᠠᠩᠰᠢᠯ ᠲᠠᠢ ᠪᠠᠶᠢᠪᠠ᠃ ᠪᠤᠳᠳᡁᠠ ᠶᠢᠨ ᠱᠠᠰᠢᠨ ᠳᠡᠯᠭᠡᠷᠡᠭᠰᠡᠨ ᠠᠴᠠ ᠬᠤᠶᠢᠰᠢ ᠭᠡᠷ ᠤᠨ ᠬᠤᠶᠢᠮᠤᠷ ᠲᠤ ᠡᠷᠦᠬᠡ ᠶᠢᠨ ᠲᠡᠷᠢᠭᠦᠯᠡᠭᠴᠢ ᠰᠠᠭᠤᠳᠠᠭ ᠭᠠᠵᠠᠷ ᠲᠤ ᠭᠦᠩᠭᠠᠷᠠᠸ᠎ᠠ ᠲᠠᠢ ᠪᠤᠷᠬᠠᠨ ᠪᠠ ᠲᠠᠬᠢᠯ ᠤᠨ ᠬᠡᠷᠡᠭᠯᠡᠯ ᠲᠠᠯᠪᠢᠬᠤ ᠪᠣᠯᠵᠠᠢ᠃ ᠭᠡᠷ ᠪᠦᠯᠢ ᠶᠢᠨ ᠬᠥᠮᠥᠰ ᠨᠢ ᠭᠡᠷ ᠤᠨ ᠵᠡᠭᠦᠨ ᠲᠠᠯ᠎ᠠ ᠪᠠᠷ ᠰᠠᠭᠤᠵᠠᠭᠠᠵᠤ᠂ ᠪᠠᠷᠠᠭᠤᠨ ᠲᠠᠯ᠎ᠠ ᠳᠤ ᠨᠢ ᠵᠣᠴᠢᠳ ᠰᠠᠭᠤᠳᠠᠭ ᠪᠠ ᠬᠠᠮᠤᠭ ᠤᠨ ᠬᠦᠨᠳᠦ ᠲᠠᠢ ᠵᠣᠴᠢᠨ ᠨᠢ ᠪᠠᠷᠠᠭᠤᠨ ᠬᠤᠶᠢᠲᠤ ᠲᠠᠯ᠎ᠠ ᠳᠤ ᠪᠤᠷᠬᠠᠨ ᠤ ᠣᠶᠢᠷᠠᠯᠴᠠᠭ᠎ᠠ ᠰᠠᠭᠤᠳᠠᠭ ᠪᠣᠯᠵᠠᠢ᠃ ᠡᠷᠲᠡᠨ ᠤ ᠮᠣᠩᠭᠤᠯ ᠤᠨ ᠵᠠᠩᠰᠢᠯ ᠢᠶᠠᠷ ᠶᠠᠮᠠᠷ ᠨᠢᠭᠡᠨ ᠬᠥᠮᠥᠨ ᠤᠷᠢᠯᠭ᠎ᠠ ᠦᠭᠡᠢ ᠪᠠᠷ ᠬᠤᠶᠢᠮᠤᠷ ᠲᠤ ᠰᠠᠭᠤᠬᠤ ᠶᠢ ᠡᠶᠡᠯᠳᠡᠭ ᠪᠤᠰᠤ ᠵᠠᠩ ᠭᠡᠵᠦ ᠦᠵᠡᠳᠡᠭ ᠪᠠᠶᠢᠨ᠎ᠠ᠃      ᠮᠣᠩᠭᠤᠯ ᠭᠡᠷ ᠳᠤᠭᠤᠢ ᠬᠡᠯᠪᠡᠷᠢ ᠲᠠᠢ ᠪᠠᠶᠢᠳᠠᠭ ᠨᠢ ᠰᠠᠭᠤᠴᠠᠨ ᠤ ᠲᠠᠯᠠᠪᠠᠢ ᠶᠢ ᠪᠦᠷᠢᠨ ᠡᠵᠡᠮᠰᠢᠬᠦ ᠳᠤ ᠠᠰᠢᠭᠲᠠᠢ᠂ ᠨᠠᠮᠬᠠᠨ ᠪᠠᠶᠢᠳᠠᠭ ᠨᠢ ᠰᠠᠯᠬᠢᠨ ᠳᠤ ᠲᠣᠭᠲᠠᠪᠤᠷᠢᠲᠠᠢ᠂ ᠢᠰᠡᠭᠡᠢ ᠪᠠᠷ ᠪᠦᠷᠢᠳᠡᠭ ᠨᠢ ᠳᠤᠯᠠᠭᠠᠨ᠂ ᠲᠣᠭᠤᠨᠣᠨ ᠤ ᠨᠦᠬᠡ ᠨᠢ ᠰᠠᠯᠬᠢ ᠣᠷᠣᠭᠤᠯᠬᠤ᠂ ᠭᠡᠷᠡᠯᠲᠦᠭᠦᠯᠬᠦ ᠲᠠᠯ᠎ᠠ ᠲᠠᠢ᠃      ᠮᠣᠩᠭᠤᠯ ᠳᠤ ᠵᠢᠯ ᠤᠨ 300 ᠣᠷᠴᠢᠮ ᠡᠳᠦᠷ ᠨᠢ ᠨᠠᠷᠠ ᠲᠠᠢ ᠪᠠᠶᠢᠳᠠᠭ ᠠᠴᠠ ᠨᠠᠮᠤᠷ᠂ ᠡᠪᠦᠯ᠂ ᠬᠠᠪᠤᠷ ᠤᠨ ᠬᠦᠢᠲᠡᠨ ᠤᠯᠠᠷᠢᠯ ᠳᠤ ᠲᠣᠭᠤᠨᠣ ᠪᠠᠷ ᠣᠷᠣᠵᠤ ᠪᠠᠶᠢᠭ᠎ᠠ ᠨᠠᠷᠠᠨ ᠢᠯᠴᠢ ᠨᠢ ᠭᠡᠷ ᠳᠤᠯᠠᠭᠠᠴᠠᠭᠤᠯᠤᠨ᠎ᠠ᠃ ᠮᠣᠩᠭᠤᠯᠴᠤᠳ ᠡᠷᠲᠡ ᠦᠶ᠎ᠡ ᠠᠴᠠ ᠲᠣᠭᠤᠨᠣ ᠪᠠᠷ ᠳᠤᠰᠤᠭᠰᠠᠨ ᠨᠠᠷᠠᠨ ᠤ ᠪᠠᠶᠢᠳᠠᠯ ᠢᠶᠠᠷ ᠡᠳᠦᠷ ᠤᠨ ᠴᠠᠭ ᠢ ᠲᠣᠳᠣᠷᠬᠠᠶᠢᠯᠠᠳᠠᠭ ᠪᠠᠶᠢᠵᠠᠢ᠃ ᠵᠢᠱᠢᠶ᠎ᠡ ᠨᠢ᠂ ᠥᠷᠯᠥᠭᠡᠨ ᠨᠠᠷᠠ ᠬᠠᠨᠠᠨ ᠤ ᠲᠣᠯᠣᠭᠠᠢ ᠳᠤ ᠲᠤᠰᠬᠤ ᠲᠤᠯᠠ ᠦᠳᠡ ᠠᠴᠠ ᠡᠮᠦᠨ᠎ᠡ ᠴᠠᠭ ᠮᠥᠴᠡ ᠶᠢ ᠬᠠᠨᠠᠨ ᠤ ᠲᠣᠯᠣᠭᠠᠢ ᠪᠠᠷ ᠲᠣᠭᠠᠯᠠᠵᠤ ᠭᠠᠷᠭᠠᠳᠠᠭ ᠪᠥᠭᠡᠳ ᠦᠳᠡ ᠠᠴᠠ ᠬᠤᠶᠢᠰᠢ ᠭᠡᠷ ᠤᠨ ᠵᠡᠭᠦᠨ ᠬᠤᠶᠢᠮᠤᠷ ᠳᠡᠪᠢᠰᠦᠭᠰᠡᠨ ᠰᠢᠷᠢᠮᠡᠯ ᠰᠢᠷᠲᠡᠭ ᠳᠡᠭᠡᠷ᠎ᠡ ᠳᠤᠰᠤᠭᠰᠠᠨ ᠪᠠᠶᠢᠷᠢᠯᠠᠯ ᠢᠶᠠᠷ ᠦᠳᠡᠰᠢ ᠬᠦᠷᠲᠡᠯᠡᠬᠢ ᠴᠠᠭ ᠢ ᠪᠠᠷᠢᠮᠵᠢᠶ᠎ᠠ ᠪᠠᠷ ᠭᠠᠷᠭᠠᠳᠠᠭ᠃ ᠮᠥᠨ ᠡᠭᠦᠨ ᠲᠠᠢ ᠬᠤᠯᠪᠣᠭᠳᠠᠭᠤᠯᠤᠨ ᠳᠤᠷᠠᠳᠬᠤ ᠳᠤ ᠰᠠᠶᠢᠨ ᠨᠣᠶᠠᠨ ᠬᠠᠨ ᠠᠶᠢᠮᠠᠭ ᠤᠨ ᠳᠠᠯᠠᠢ ᠴᠦᠢᠩᠬᠤᠷ ᠸᠠᠩ ᠤᠨ ᠵᠠᠷᠢᠮ ᠤᠷᠠᠴᠤᠳ ᠬᠤᠶᠢᠮᠤᠷ ᠤᠨ ᠲᠠᠯ᠎ᠠ ᠳᠤᠭᠤᠢ ᠰᠢᠷᠢᠮᠡᠯ ᠰᠢᠷᠲᠡᠭ ᠢ ᠨᠠᠷᠠᠨ ᠤ ᠴᠠᠭ ᠤᠨ ᠬᠤᠪᠢᠶᠠᠷᠢ ᠪᠠᠷ ᠰᠢᠷᠢᠵᠦ ᠪᠠᠶᠢᠭᠰᠠᠨ ᠭᠡᠳᠡᠭ᠃      ᠮᠣᠩᠭᠤᠯ ᠳᠤ ᠭᠡᠷ ᠤᠨ ᠪᠠᠭᠲᠠᠭᠠᠮᠵᠢ ᠶᠢ ᠬᠠᠨ᠎ᠠ ᠶᠢᠨ ᠲᠤᠭ᠎ᠠ ᠪᠠᠷ ᠲᠣᠭᠲᠠᠭᠠᠳᠠᠭ᠃ ᠳᠡᠭᠡᠷ᠎ᠡ ᠦᠶ᠎ᠡ ᠳᠤ ᠭᠡᠷ  ᠤᠨ ᠬᠠᠨ᠎ᠠ ᠶᠢ ᠰᠣᠨᠳᠣᠭᠤᠢ ᠲᠤᠭ᠎ᠠ ᠪᠠᠷ ᠲᠣᠭᠲᠠᠭᠠᠳᠠᠭ ᠪᠠᠶᠢᠭᠰᠠᠨ ᠪᠣᠯ ᠰᠡᠭᠦᠯ ᠤᠨ ᠦᠶ᠎ᠡ ᠳᠤ ᠲᠡᠭᠰᠢ ᠲᠤᠭ᠎ᠠ ᠲᠠᠢ ᠬᠢᠳᠡᠭ ᠪᠣᠯᠵᠠᠢ᠃ ᠵᠢᠱᠢᠶ᠎ᠡ ᠨᠢ᠂ ᠤᠲᠦ ᠶᠢᠨ ᠮᠣᠩᠭᠤᠯ ᠭᠡᠷ ᠤᠨ ᠪᠠᠭᠲᠠᠭᠠᠮᠵᠢ ᠨᠢ 4᠂ 6᠂ 8᠂ 12 ᠬᠠᠨ᠎ᠠ ᠲᠠᠢ ᠪᠠᠶᠢᠳᠠᠭ᠃ ᠬᠠᠮᠤᠭ ᠤᠨ ᠲᠣᠮᠣ ᠭᠡᠷ ᠲᠤ ᠬᠠᠨ᠎ᠠ ᠲᠤᠲᠤᠮ ᠨᠢᠭᠡ ᠬᠥᠮᠥᠨ ᠣᠷᠣ ᠬᠤᠭᠰᠢᠯ ᠲᠠᠢ ᠪᠠᠨ ᠪᠠᠭᠲᠠᠳᠠᠭ ᠭᠡᠵᠦ ᠦᠵᠡᠳᠡᠭ ᠪᠥᠭᠡᠳ ᠡᠭᠦᠪᠡᠷ ᠪᠣᠳᠣᠬᠤ ᠳᠤ ᠬᠠᠮᠤᠭ ᠲᠣᠮᠣ ᠭᠡᠷ ᠲᠤ 12 ᠬᠥᠮᠥᠨ ᠣᠷᠣ ᠳᠡᠪᠢᠰᠬᠡᠷ᠂ ᠡᠳ᠋ ᠬᠤᠭᠰᠢᠯ ᠲᠠᠢ ᠪᠠᠨ ᠪᠠᠭᠲᠠᠬᠤ ᠶᠤᠮ᠃      ᠮᠣᠩᠭᠤᠯ ᠭᠡᠷ ᠨᠢ ᠥᠪᠡᠷ ᠤᠨ ᠬᠥᠭᠵᠢᠯ ᠤᠨ ᠡᠴᠦᠰ ᠲᠤ ᠭᠤᠣᠯᠯᠠᠬᠤ ᠬᠢᠴᠡ ᠬᠡᠰᠡᠭ ᠦᠦᠨ ᠢᠶᠠᠷ ᠠᠮᠠᠷᠬᠠᠨ ᠨᠡᠶᠢᠯᠡᠵᠦ ᠰᠠᠯᠭᠠᠬᠤ ᠪᠣᠯᠣᠮᠵᠢ ᠲᠠᠢ ᠪᠥᠭᠡᠳ ᠵᠥᠭᠡᠭᠡᠬᠦ᠂ ᠪᠠᠷᠢᠬᠤ᠂ ᠪᠠᠭᠤᠯᠭᠠᠬᠤ ᠳᠤ ᠬᠠᠮᠤᠭ ᠤᠨ ᠬᠢᠯᠪᠠᠷ ᠪᠣᠯᠵᠠᠢ᠃ ᠵᠢᠯ ᠤᠨ ᠳᠥᠷᠪᠡᠨ ᠤᠯᠠᠷᠢᠯ ᠳᠤ ᠪᠣᠷᠤᠭ᠎ᠠ᠂ ᠴᠠᠰᠤ᠂ ᠰᠠᠯᠬᠢ ᠰᠢᠭᠤᠷᠭᠠᠨ ᠠᠴᠠ ᠬᠠᠮᠠᠭᠠᠯᠠᠬᠤ᠂ ᠭᠡᠷ ᠤᠨ ᠭᠡᠷᠡᠯᠲᠦᠭᠦᠯᠭᠡ ᠶᠢ ᠲᠣᠬᠢᠷᠠᠭᠤᠯᠬᠤ ᠵᠣᠷᠢᠯᠭ᠎ᠠ ᠪᠠᠷ ᠲᠣᠭᠤᠨᠣ ᠶᠢ ᠪᠦᠲᠡᠭᠡᠬᠦ ᠡᠷᠦᠬᠡ ᠲᠠᠢ ᠪᠣᠯᠭᠠᠵᠠᠢ᠃ ᠳᠡᠭᠡᠷ᠎ᠡ ᠦᠶ᠎ᠡ ᠶᠢᠨ ᠵᠠᠷᠢᠮ ᠮᠣᠩᠭᠤᠯᠴᠤᠳ ᠥᠪᠡᠷ ᠤᠨ ᠭᠡᠷ ᠤᠨ ᠢᠰᠡᠭᠡᠢ ᠪᠦᠷᠢᠶᠡᠰᠦ ᠶᠢ ᠬᠡ ᠤᠭᠠᠯᠵᠠ ᠪᠠᠷ ᠴᠢᠮᠡᠭᠯᠡᠳᠡᠭ ᠪᠠᠶᠢᠭᠰᠠᠨ ᠪᠣᠯ ᠡᠳᠦᠭᠡ ᠭᠡᠷ ᠢ ᠭᠤᠣᠯᠳᠠᠭᠤ ᠴᠠᠭᠠᠨ ᠳᠠᠪᠤᠤ ᠪᠠᠷ ᠪᠦᠷᠢᠵᠦ᠂ ᠮᠥᠨ ᠬᠡ ᠤᠭᠠᠯᠵᠠ ᠪᠠᠷ ᠵᠡᠭᠡᠭᠯᠡᠳᠡᠭ ᠪᠣᠯᠵᠠᠢ᠃      ᠮᠣᠩᠭᠤᠯ ᠭᠡᠷ ᠢ ᠪᠠᠷᠢᠬᠤ᠂ ᠪᠠᠭᠤᠯᠭᠠᠬᠤ ᠨᠢ ᠨᠠᠷᠢᠨ ᠳᠡᠰ ᠳᠠᠷᠠᠭᠠᠯᠠᠯ ᠲᠠᠢ ᠪᠠᠶᠢᠳᠠᠭ᠃ ᠡᠶᠢᠮᠦ ᠳᠤ ᠭᠡᠷ ᠢ ᠪᠠᠷᠢᠬᠤ ᠳᠤ᠄ 1 ᠱᠠᠯᠠ ᠲᠠᠯᠪᠢᠬᠤ᠂ 2 ᠬᠠᠭᠠᠯᠭ᠎ᠠ ᠪᠣᠰᠬᠠᠬᠤ᠂ 3 ᠬᠠᠨ᠎ᠠ ᠳᠤᠭᠤᠶᠢᠯᠠᠬᠤ᠂ 4 ᠪᠦᠰᠡᠯᠡᠭᠦᠷ ᠲᠠᠲᠠᠬᠤ᠂ 5 ᠲᠣᠭᠤᠨᠣ ᠪᠠ ᠪᠠᠭᠠᠨ᠎ᠠ ᠪᠣᠰᠬᠠᠬᠤ᠂ 6 ᠣᠨᠢ ᠬᠠᠳᠬᠤᠬᠤ᠂ 7 ᠳᠣᠲᠣᠭᠤᠷ ᠪᠦᠷᠢᠶᠡᠰᠦ ᠲᠠᠯᠪᠢᠬᠤ᠂ 8 ᠲᠤᠭᠤᠷᠭ᠎ᠠ ᠨᠥᠮᠥᠷᠭᠡᠬᠦ᠂ 9 ᠴᠠᠪᠤᠭ ᠲᠠᠯᠪᠢᠬᠤ᠂ 10 ᠳᠡᠭᠡᠪᠦᠷ ᠲᠠᠯᠪᠢᠬᠤ᠂ 11 ᠭᠠᠳᠠᠭᠤᠷ ᠪᠦᠷᠢᠶᠡᠰᠦ ᠨᠥᠮᠥᠷᠭᠡᠬᠦ 12 ᠡᠷᠦᠬᠡ ᠲᠠᠯᠪᠢᠬᠤ᠂ 13 ᠬᠠᠶᠠᠭᠠᠪᠴᠢ ᠲᠠᠲᠠᠬᠤ᠂ 14 ᠣᠭᠤᠰᠣᠷ ᠤᠳ ᠢ ᠪᠠᠬᠢᠯᠡᠬᠦ ᠵᠡᠷᠭᠡ ᠳᠠᠷᠠᠭᠠᠯᠠᠯ ᠲᠠᠢ ᠪᠠᠶᠢᠳᠠᠭ ᠪᠠᠶᠢᠨ᠎ᠠ᠃
 
ᠢᠷᠡᠯᠲᠡ᠄ ︽ᠮᠣᠩᠭᠤᠯ ᠠᠮᠢᠳᠤᠷᠠᠯ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号