ᠮᠠᠨ ᠤ ᠣᠷᠣᠨ ᠤ ᠲᠠᠮᠢᠷᠴᠢᠳ ᠠᠷᠪᠠᠨ ᠳᠥᠷᠪᠡᠳᠦᠭᠡᠷ ᠬᠤᠭᠤᠴᠠᠭᠠᠨ ᠤ ᠪᠦᠭᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠲᠦᠷᠭᠡᠨ ᠲᠡᠰᠢᠯᠲᠡ ᠶᠢᠨ ᠬᠢᠷᠢ ᠭᠡᠮ ᠤᠨ ᠤᠷᠤᠯᠳᠤᠭᠠᠨ ᠤ ᠲᠦᠷᠦᠭᠦᠦ ᠦᠷᠳᠡᠭᠡ ᠶᠢᠨ ᠤᠷᠤᠯᠳᠤᠭᠠᠨ ᠳᠤ ᠬᠤᠶᠠᠷ ᠠᠯᠲᠠᠨ ᠮᠧᠳᠠᠯ ᠣᠯᠪᠠ
ᠨᠡᠶᠢᠲᠡᠯᠡᠭᠰᠡᠨ ᠴᠠᠭ᠄
2023/11/8
     11 ᠰᠠᠷ᠎ᠠ ᠶᠢᠨ 3 ᠤ ᠡᠳᠦᠷ᠂ 2023 - 2024 ᠣᠨ ᠤ ᠤᠷᠤᠯᠳᠤᠭᠠᠨ ᠤ ᠤᠯᠠᠷᠢᠯ ᠤᠨ ᠳᠤᠮᠳᠠᠳᠤ ᠤᠯᠤᠰ ᠬᠤᠨᠳᠠᠭᠠᠲᠤ ᠲᠦᠷᠭᠡᠨ ᠲᠡᠰᠢᠯᠲᠡ ᠶᠢᠨ ᠰᠣᠳᠣᠴᠤᠤᠯ ᠤᠨ ᠬᠤᠯᠪᠣᠭᠠᠲᠤ ᠤᠷᠤᠯᠳᠤᠭᠠᠨ︵ᠬᠥᠯᠥᠨ ᠪᠤᠶᠢᠷ ᠦᠷᠳᠡᠭᠡ︶ᠵᠢᠴᠢ ᠠᠷᠪᠠᠨ ᠳᠥᠷᠪᠡᠳᠦᠭᠡᠷ ᠬᠤᠭᠤᠴᠠᠭᠠᠨ ᠤ ᠪᠦᠭᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠬᠢᠷᠢ ᠭᠡᠮ ᠤᠨ ᠤᠷᠤᠯᠳᠤᠭᠠᠨ ᠥᠪᠥᠷ ᠮᠣᠩᠭᠤᠯ ᠤᠨ ᠮᠥᠰᠥᠨ ᠳᠡᠭᠡᠷᠡᠬᠢ ᠲᠠᠮᠢᠷ ᠤᠨ ᠬᠥᠳᠡᠯᠭᠡᠭᠡᠨ ᠤ ᠪᠣᠯᠪᠠᠰᠤᠷᠠᠯ ᠤᠨ ᠲᠥᠪ ᠤᠨ ᠲᠦᠷᠭᠡᠨ ᠲᠡᠰᠢᠯᠲᠡ ᠶᠢᠨ ᠣᠷᠳᠣᠨ ᠳᠤ ᠥᠨᠳᠥᠷᠯᠡᠪᠡ᠃      ᠮᠠᠨ ᠤ ᠣᠷᠣᠨ ᠤ ᠲᠠᠮᠢᠷᠴᠢᠳ 3 ᠡᠳᠦᠷ ᠤᠨ ᠰᠢᠷᠦᠭᠦᠨ ᠤᠷᠤᠯᠳᠤᠭᠠᠨ ᠢᠶᠠᠷ ᠳᠡᠮᠵᠢᠨ ᠨᠡᠶᠢᠲᠡ ᠬᠤᠶᠠᠷ ᠠᠯᠲᠠᠨ ᠮᠧᠳᠠᠯ ᠣᠯᠵᠤ᠂ ᠬᠠᠨ ᠮᠧᠶ ᠴᠢᠯᠦᠭᠡᠲᠡᠢ ᠣᠷᠤᠯᠴᠠᠬᠤ ᠳᠤᠭᠤᠶᠢᠯᠠᠩ ᠤᠨ ᠡᠮᠡᠭᠲᠡᠢ ᠶᠢᠨ 1000 ᠮᠧᠲᠷ ᠤᠨ ᠤᠷᠤᠯᠳᠤᠭᠠᠨ ᠤ ᠠᠯᠲᠠᠨ ᠮᠧᠳᠠᠯ ᠢ ᠣᠯᠵᠤ᠂ ᠴᠧᠨ ᠯᠧᠢ ᠴᠢᠯᠦᠭᠡᠲᠡᠢ ᠣᠷᠤᠯᠴᠠᠬᠤ  ᠳᠤᠭᠤᠶᠢᠯᠠᠩ ᠤᠨ ᠡᠷᠡᠭᠲᠡᠢ ᠶᠢᠨ 1500 ᠮᠧᠲᠷ ᠤᠨ ᠤᠷᠤᠯᠳᠤᠭᠠᠨ ᠤ ᠠᠯᠲᠠᠨ ᠮᠧᠳᠠᠯ ᠢ ᠣᠯᠵᠠᠢ᠃      ᠳᠤᠮᠳᠠᠳᠤ ᠤᠯᠤᠰ ᠬᠤᠨᠳᠠᠭᠠᠲᠤ ᠲᠦᠷᠭᠡᠨ ᠲᠡᠰᠢᠯᠲᠡ ᠶᠢᠨ ᠰᠣᠳᠣᠴᠤᠤᠯ ᠤᠨ ᠬᠤᠯᠪᠣᠭᠠᠲᠤ ᠤᠷᠤᠯᠳᠤᠭᠠᠨ ᠪᠣᠯ ᠤᠯᠤᠰ ᠤᠨ ᠳᠣᠲᠣᠭᠠᠳᠤ ᠶᠢᠨ ᠳᠡᠰ ᠢᠶᠠᠷ ᠬᠠᠮᠤᠭ ᠤᠨ ᠥᠨᠳᠥᠷ᠂ ᠬᠡᠪᠴᠢᠶ᠎ᠡ ᠪᠠᠷ ᠬᠠᠮᠤᠭ ᠤᠨ ᠶᠡᠭᠡ ᠲᠦᠷᠭᠡᠨ ᠲᠡᠰᠢᠯᠲᠡ ᠶᠢᠨ ᠬᠤᠯᠪᠣᠭᠠᠲᠤ ᠤᠷᠤᠯᠳᠤᠭᠠᠨ ᠪᠣᠯᠣᠨ᠎ᠠ᠃ ᠬᠥᠯᠥᠨ ᠪᠤᠶᠢᠷ ᠦᠷᠳᠡᠭᠡ ᠪᠣᠯ ᠲᠦᠷᠦᠭᠦᠦ ᠦᠷᠳᠡᠭᠡ ᠪᠣᠯᠣᠨ᠎ᠠ᠂ ᠴᠢᠯᠦᠭᠡᠲᠡᠢ ᠣᠷᠤᠯᠴᠠᠬᠤ  ᠳᠤᠭᠤᠶᠢᠯᠠᠩ ᠪᠣᠯᠣᠨ ᠵᠠᠯᠠᠭᠤᠴᠤᠳ ᠤᠨ ᠳᠤᠭᠤᠶᠢᠯᠠᠩ ᠭᠡᠬᠦ ᠬᠤᠶᠠᠷ ᠳᠤᠭᠤᠶᠢᠯᠠᠩ ᠬᠤᠪᠢᠶᠠᠵᠤ᠂ ᠡᠷᠡᠭᠲᠡᠢ ᠡᠮᠡᠭᠲᠡᠢ ᠶᠢᠨ 500 ᠮᠸᠲᠷ᠂ 1000 ᠮᠸᠲᠷ᠂ 1500 ᠮᠸᠲᠷ ᠵᠡᠷᠭᠡ ᠲᠦᠷᠦᠯ ᠵᠦᠢᠯ ᠢ ᠪᠠᠭᠲᠠᠭᠠᠵᠤ᠂ ᠪᠦᠭᠦ ᠤᠯᠤᠰ ᠤᠨ 29 ᠨᠢᠭᠡᠴᠢ ᠶᠢᠨ 500 ᠭᠠᠷᠤᠢ ᠲᠠᠮᠢᠷᠴᠢᠨ ᠤᠷᠤᠯᠳᠤᠭᠠᠨ ᠳᠤ ᠣᠷᠣᠯᠴᠠᠵᠤ᠂ ᠲᠤᠰ ᠤᠳᠠᠭ᠎ᠠ ᠶᠢᠨ ᠤᠷᠤᠯᠳᠤᠭᠠᠨ ᠳᠤ ᠣᠷᠣᠯᠴᠠᠬᠰᠠᠨ ᠬᠥᠮᠥᠨ ᠤ ᠲᠤᠭ᠎ᠠ ᠲᠡᠦᠬᠡ ᠶᠢᠨ ᠰᠢᠨ᠎ᠡ ᠲᠡᠮᠳᠡᠭᠯᠡᠯ ᠢ ᠡᠭᠦᠳᠴᠡᠢ᠃      ᠣᠶᠢᠯᠠᠭᠠᠭᠰᠠᠨ ᠢᠶᠠᠷ᠂ ᠲᠣᠰ ᠤᠷᠤᠯᠳᠤᠭᠠᠨ ᠤ ᠤᠯᠠᠷᠢᠯ ᠳᠤ ᠨᠡᠶᠢᠲᠡ 4 ᠥᠷᠲᠡᠭᠡ ᠲᠣᠬᠢᠷᠠᠭᠤᠯᠵᠠᠢ᠂ ᠴᠥᠮ ᠠᠷᠪᠠᠨ ᠳᠥᠷᠪᠡᠳᠦᠭᠡᠷ ᠬᠤᠭᠤᠴᠠᠭᠠᠨ ᠤ ᠪᠦᠭᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠬᠢᠷᠢ ᠭᠡᠮ ᠤᠨ ᠤᠷᠤᠯᠳᠤᠭᠠᠨ ᠪᠣᠯᠣᠨ᠎ᠠ᠃ ᠲᠤᠰ ᠤᠷᠤᠯᠳᠤᠭᠠᠨ ᠤ ᠦᠯᠡᠳᠡᠭᠰᠡᠨ 3 ᠥᠷᠲᠡᠭᠡ ᠨᠢ ᠲᠤᠰ ᠲᠤᠰ 11 ᠰᠠᠷ᠎ᠠ ᠶᠢᠨ 10 ᠤ ᠡᠳᠦᠷ᠂ 12 ᠰᠠᠷ᠎ᠠ ᠶᠢᠨ 1 ᠤ ᠡᠳᠦᠷ᠂ 12 ᠰᠠᠷ᠎ᠠ ᠶᠢᠨ 8 ᠤ ᠡᠳᠦᠷ ᠤᠷᠤᠯᠳᠤᠭᠠᠨ ᠡᠬᠢᠯᠡᠨ᠎ᠡ᠂ ᠤᠷᠤᠯᠳᠤᠭᠠᠨ ᠤ ᠶᠠᠪᠤᠴᠠ ᠨᠢ ᠴᠥᠮ 3 ᠡᠳᠦᠷ᠂ ᠡᠭᠦᠨ ᠳᠤ ᠬᠤᠶᠠᠳᠤᠭᠠᠷ ᠥᠷᠲᠡᠭᠡ ᠨᠢ ᠬᠠᠷᠪᠢᠨ ᠳᠤ ᠶᠠᠪᠤᠭᠳᠠᠵᠤ᠂ ᠬᠠᠮᠤᠭ ᠤᠨ ᠰᠡᠭᠦᠯᠴᠢ ᠶᠢᠨ ᠬᠤᠶᠠᠷ ᠥᠷᠲᠡᠭᠡ ᠨᠢ ᠴᠥᠮ ᠴᠠᠩᠴᠦ᠋ᠨ ᠳᠤ ᠶᠠᠪᠤᠭᠳᠠᠨ᠎ᠠ᠃ ᠲᠠᠮᠢᠷᠴᠢᠳ ᠤᠨ ᠤᠷᠤᠯᠳᠤᠭᠠᠨ ᠤ ᠬᠢᠷᠢ ᠪᠦᠲᠦᠮᠵᠢ ᠶᠢ ᠦᠨᠳᠦᠰᠦᠯᠡᠵᠦ ᠠᠷᠪᠠᠨ ᠳᠥᠷᠪᠡᠳᠦᠭᠡᠷ ᠬᠤᠭᠤᠴᠠᠭᠠᠨ ᠤ ᠪᠦᠭᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠰᠢᠢᠳᠪᠦᠷᠢᠲᠦ ᠤᠷᠤᠯᠳᠤᠭᠠᠨ ᠤ ᠱᠠᠲᠤᠨ ᠤ ᠬᠢᠷᠢ ᠭᠡᠮ ᠢ ᠲᠣᠭᠲᠠᠭᠠᠬᠤ ᠪᠣᠯᠣᠨ᠎ᠠ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号