ᠨᠤᠲᠤᠭ ᠡᠷᠢᠭᠳᠡᠬᠦ ᠬᠠᠪᠤᠷ ᠢᠶᠠᠷ ᠰᠡᠳᠬᠢᠯ ᠭᠡᠭᠡᠯᠵᠡᠨ᠎ᠡ
ᠨᠡᠶᠢᠲᠡᠯᠡᠭᠰᠡᠨ ᠴᠠᠭ᠄
2023/4/20
     ᠦᠷ᠎ᠡ ᠰᠣᠶᠣᠭᠠᠯᠠᠨ ᠬᠥᠷᠥᠰᠥ ᠪᠠᠨ ᠥᠨᠳᠡᠶᠢᠯᠭᠡᠵᠦ᠂ ᠬᠠᠪᠤᠷ ᠬᠠᠪᠤᠷ ᠪᠣᠯᠵᠤᠭ᠎ᠠ ᠶᠣᠰᠣᠭᠠᠷ ᠢᠶᠠᠨ ᠠᠷᠤ ᠭᠠᠵᠠᠷ ᠰᠠᠭᠠᠲᠠᠨ᠎ᠠ᠃      ᠬᠤᠳᠠ ᠶᠢᠨ ᠲᠡᠭᠦᠷᠭᠡ ᠶᠢᠨ ᠨᠠᠮ ᠲᠣᠭᠲᠠᠭᠤᠨ ᠭᠤᠣᠯ ᠤᠨ ᠬᠥᠪᠡᠭᠡᠨ ᠳᠤ ᠠᠯᠬᠤᠯᠠᠨ᠂ ᠨᠠᠭᠤᠷ ᠲᠠᠭᠠᠨ  ᠪᠤᠴᠠᠭᠰᠠᠨ ᠰᠢᠪᠠᠭᠤᠳ ᠤᠨ ᠨᠤᠷᠭᠢᠶᠠᠨ ᠢ ᠪᠠᠭ᠋ᠠᠷᠬᠠᠵᠤ᠂ ᠨᠢᠭᠡᠨ ᠳᠠᠭᠤᠤ ᠳᠤ ᠰᠣᠭᠲᠣᠭᠤᠷᠠᠬᠤ ᠳᠤ ᠨᠤᠲᠤᠭ ᠤᠨ  ᠢᠶᠠᠨ ᠬᠠᠪᠤᠷ ᠢ ᠡᠷᠬᠡ ᠦᠭᠡᠢ ᠮᠥᠷᠥᠭᠡᠳᠦᠨᠡᠮ᠃      ︽ᠡᠬᠡ ᠨᠤᠲᠤᠭ ᠤᠨ ᠮᠢᠨᠢ ᠬᠠᠪᠤᠷ ᠠ᠋ ᠭᠡᠵᠦ᠂ ᠡᠵᠢ ᠶᠢᠨ ᠮᠢᠨᠢ ᠰᠡᠳᠬᠢᠯ ᠰᠢᠭ ᠤᠶᠠᠬᠠᠨ ᠴᠠᠭ᠂ ᠡᠩᠭᠡᠷ ᠤᠨ ᠴᠠᠰᠤ ᠰᠡᠮᠡᠷᠡᠨ ᠬᠠᠭᠵᠠᠷᠠᠵᠤ᠂ ᠡᠮᠵᠡᠭᠬᠡᠨ ᠢᠷᠭᠤᠢ ᠳᠡᠯᠭᠡᠷᠡᠳᠡᠭ ᠴᠠᠭ ᠠ᠋ ᠁︾ ᠡᠬᠡ ᠨᠤᠲᠤᠭ ᠤᠨ ᠢᠶᠠᠨ ᠬᠠᠪᠤᠷ ᠢ ᠪᠢ ᠥᠭᠡᠷ᠎ᠡ ᠬᠠᠮᠢᠭ᠎ᠠ ᠠᠴᠠ ᠴᠦ ᠣᠯᠤᠭ᠎ᠠ ᠦᠭᠡᠢ᠃ ᠲᠡᠷᠡ ᠰᠠᠶᠢᠬᠠᠨ ᠭᠠᠵᠠᠷ ᠤᠰᠤ ᠲᠠᠢ ᠪᠠᠨ ᠭᠦᠢ  ᠶᠢᠨ ᠬᠤᠯᠪᠤᠭ᠎ᠠ ᠲᠠᠢ ᠪᠣᠯᠬᠤᠷ᠂ ᠲᠡᠨᠳᠡ ᠨᠢᠯᠬ᠎ᠠ ᠪᠠᠭ᠎ᠠ ᠶᠢᠨ ᠮᠢᠨᠢ ᠳᠤᠷᠠᠳᠬᠠᠯ ᠮᠥᠩᠬᠡᠷᠡᠭᠡ ᠪᠣᠯᠬᠤᠷ᠂ ᠲᠡᠨᠳᠡ ᠰᠡᠳᠬᠢᠯ ᠤᠨ ᠬᠠᠶᠢᠷᠠᠲᠠᠢ ᠰᠠᠳᠤᠨ ᠲᠦᠷᠦᠯ ᠮᠢᠨᠢ ᠪᠠᠶᠢᠭ᠎ᠠ ᠪᠣᠯᠬᠤᠷ᠂ ᠮᠥᠷᠥᠭᠡᠳᠦᠯ ᠤᠨ ᠡᠷᠬᠡᠨ ᠳᠤ ᠶᠠᠭᠤ ᠪᠣᠯᠭᠠᠨ  ᠨᠢ ᠲᠡᠶᠢᠮᠦ ᠯᠡ ᠳᠣᠲᠣᠨᠣᠬᠠᠨ᠂ ᠲᠡᠶᠢᠮᠦ ᠯᠡ ᠬᠠᠶᠢᠷᠠᠯᠠᠯᠲᠠᠢ᠃      ᠬᠠᠪᠤᠷ ᠴᠠᠭ ᠢ ᠬᠥᠮᠥᠰ ᠲᠥᠯᠵᠢᠬᠦ ᠬᠠᠪᠤᠷ᠂ ᠠᠮᠢᠯᠠᠯ ᠤᠨ ᠡᠷᠢᠨ ᠭᠡᠵᠦ ᠵᠦᠢᠷᠯᠡᠳᠡᠭ᠂ ᠬᠠᠪᠤᠷ ᠴᠠᠭ ᠢ ᠬᠥᠮᠥᠰ ᠬᠠᠶᠢᠯ ᠤᠨ ᠤᠰᠤᠨ ᠤ ᠭᠡᠰᠬᠦ ᠠᠴᠠ ᠡᠬᠢᠯᠡᠨ ᠶᠠᠷᠢᠳᠠᠭ᠂ ᠬᠠᠪᠤᠷ ᠴᠠᠭ ᠢ ᠬᠥᠮᠥᠰ ᠲᠥᠯ ᠤᠨ ᠮᠠᠶᠢᠯᠠᠭᠠᠨ᠂ ᠰᠢᠪᠠᠭᠤᠳ ᠤᠨ ᠲᠠᠭᠤᠨ ᠢᠶᠠᠷ ᠵᠢᠷᠤᠭᠯᠠᠨ᠂ ᠡᠪᠦᠯ ᠤᠨ ᠬᠦᠢᠲᠡᠨ ᠳᠤ ᠲᠠᠭᠠᠷᠠᠬᠰᠠᠨ ᠰᠡᠳᠬᠢᠯ ᠢᠶᠠᠨ ᠳᠤᠯᠠᠭᠠᠴᠠᠭᠤᠯᠳᠠᠭ᠃ ᠮᠢᠨᠤ ᠤᠢ ᠲᠤᠶᠢᠨ ᠳᠠᠬᠢ ᠬᠠᠪᠤᠷ ᠨᠢ ᠡᠭᠡᠭᠡ ᠯᠡ ᠨᠠᠳᠠᠳᠤ ᠲᠦᠷᠦᠭᠰᠡᠨ ᠨᠤᠲᠤᠭ ᠤᠨ ᠢᠶᠠᠨ ᠶᠠᠭᠤ ᠪᠦᠭᠦᠨ ᠢ ᠰᠠᠨᠠᠨ ᠮᠥᠷᠥᠭᠡᠳᠦᠭᠡᠷᠡᠢ ᠭᠡᠵᠦ ᠬᠤᠪᠢᠳᠠᠵᠤ ᠥᠭᠭᠦᠭᠰᠡᠨ ᠤᠯᠠᠷᠢᠯ ᠰᠢᠭ᠋᠂ ᠬᠠᠮᠢᠭ᠎ᠠ ᠶᠠᠪᠤᠭᠰᠠᠨ ᠴᠤ ᠨᠤᠲᠤᠭ ᠲᠠᠭᠠᠨ ᠪᠠᠶᠢᠭᠰᠠᠨ ᠦᠶ᠎ᠡ᠂ ᠦᠢᠯᠡ ᠤᠴᠠᠷᠠᠯ᠂ ᠵᠣᠭᠤᠭ ᠪᠠᠶᠠᠰᠤᠯ ᠶᠠᠭᠤ ᠪᠦᠭᠦᠨ ᠪᠤᠳᠤᠬᠳᠠᠭᠠᠳ ᠪᠠᠶᠢᠬᠤ  ᠶᠢ ᠶᠠᠭᠠᠬᠢᠶ᠎ᠠ᠃ ᠬᠠᠪᠤᠷ ᠬᠠᠪᠤᠷ ᠢᠶᠠᠷ ᠡᠵᠢ ᠮᠢᠨᠢ ᠭᠤᠯᠣᠩᠬᠠᠢ ᠠᠪᠤᠭᠤᠯᠬᠤ ᠭᠡᠵᠦ ᠲᠣᠶᠢᠭ ᠤᠨ ᠳᠠᠭᠤᠤ ᠪᠠᠨ ᠠᠶᠠᠯᠳᠠᠭ᠂ ᠠᠪᠤ ᠮᠢᠨᠢ ᠠᠳᠤᠭᠤ ᠪᠠᠨ ᠳᠡᠯᠯᠡᠬᠦ ᠭᠡᠵᠦ ᠤᠷᠭ᠎ᠠ ᠪᠠᠨ ᠵᠠᠰᠠᠭᠠᠳ ᠬᠥᠭᠡᠷᠳᠡᠭ᠂ ᠥᠬᠢᠨ ᠳᠡᠭᠦᠦ ᠲᠠᠢ ᠪᠠᠨ ᠪᠢᠳᠠ ᠬᠤᠶᠠᠭᠤᠯᠠ ᠬᠤᠷᠠᠭ᠎ᠠ ᠤᠭᠵᠢᠬᠤ ᠭᠡᠵᠦ ᠪᠤᠯᠢᠶᠠᠯᠳᠤᠳᠠᠭ᠃ ᠡᠪᠡᠰᠦᠨ ᠣᠪᠣᠭᠠᠨ ᠠᠴᠠ ᠡᠳᠦᠷᠵᠢᠨ ᠲᠠᠬᠢᠶᠠᠨ ᠥᠨᠳᠡᠭᠡ ᠡᠷᠢᠵᠦ᠂ ᠵᠠᠷᠢᠮ ᠳᠠᠭᠠᠨ ᠬᠤᠷᠢ ᠭᠤᠴᠢᠭᠠᠳ ᠥᠨᠳᠡᠭᠡ ᠣᠯᠣᠭᠠᠳ ᠬᠠᠭ᠎ᠠ ᠪᠠᠶᠠᠷᠯᠠᠵᠤ᠂ ᠭᠡᠷ ᠲᠡᠭᠡᠨ ᠠᠪᠤᠭᠠᠳ ᠢᠷᠡᠪᠡᠯ ᠬᠠᠭᠠᠰ ᠨᠢ ᠥᠷᠯᠥᠭᠡ ᠦᠳᠡᠰᠢ ᠶᠢᠨ ᠬᠦᠢᠲᠡᠨ ᠳᠤ ᠬᠥᠯᠳᠡᠴᠢᠬᠡᠭᠰᠡᠨ ᠪᠠᠶᠢᠳᠠᠭ᠃ ᠮᠠᠨ ᠤ ᠰᠠᠷᠠᠪᠴᠢᠨ ᠳᠤ ᠬᠡᠭᠡᠷ᠎ᠡ ᠶᠢᠨ ᠲᠠᠬᠳᠠᠭ᠎ᠠ ᠡᠭᠦᠷᠯᠡᠭᠡᠳ ᠵᠢᠯ ᠪᠣᠯᠭᠠᠨ ᠤ ᠬᠠᠪᠤᠷ ᠤᠨ ᠡᠬᠢ ᠪᠠᠷ ᠳᠡᠭᠳᠡᠭᠡᠬᠡᠢ ᠪᠠᠨ ᠨᠡᠪᠴᠢᠭᠦᠯᠬᠦ ᠦᠶ᠎ᠡ ᠳᠤ ᠥᠬᠢᠨ ᠳᠡᠭᠦᠦ ᠪᠢᠳᠠ ᠬᠤᠶᠠᠭᠤᠯᠠ ᠡᠳᠦᠷᠵᠢᠨ ᠳᠡᠭᠳᠡᠭᠡᠬᠡᠢ ᠶᠢᠨ ᠬᠢᠨᠢ ᠪᠤᠶᠢᠵᠢᠯᠳᠡ ᠶᠢ ᠬᠠᠷᠠᠵᠤ ᠰᠠᠭᠤᠳᠠᠭ᠃ ᠳᠤᠯᠠᠭᠠᠨ ᠡᠳᠦᠷ ᠭᠠᠷᠪᠠᠯ ᠬᠡᠳᠦᠨ ᠨᠠᠶᠢᠵᠢ ᠲᠠᠢ ᠪᠠᠨ ᠠᠭᠤᠯᠠᠨ ᠳᠤ ᠭᠠᠷᠴᠤ ᠬᠠᠭᠤᠷᠠᠢ ᠲᠦᠯᠡᠭᠡ ᠲᠡᠭᠦᠨ᠂ ᠬᠠᠶᠠ ᠳᠡᠯᠭᠡᠷᠡᠭᠰᠡᠨ ᠴᠡᠩᠬᠡᠷ ᠢᠷᠭᠤᠢ ᠶᠢ ᠪᠠᠭ᠋ᠠᠷᠬᠠᠨ᠂ ᠬᠡᠳᠦᠨ ᠠᠷᠤᠭ ᠠᠷᠭᠠᠯ ᠣᠪᠣᠭᠠᠯᠠᠨ ᠠᠪᠤ ᠡᠵᠢ ᠳᠡᠭᠡᠨ ᠵᠢᠭᠠᠯᠬᠠᠨ ᠲᠤᠰᠠ ᠪᠣᠯᠵᠤ ᠪᠠᠶᠢᠭᠰᠠᠨ ᠳᠠᠭᠠᠨ ᠥᠪᠡᠷ ᠢ ᠪᠠᠨ ᠲᠣᠮᠣ ᠬᠥᠮᠥᠨ ᠪᠣᠯᠴᠢᠬᠠᠵᠠᠢ ᠭᠡᠵᠦ ᠣᠮᠣᠷᠬᠠᠨ ᠪᠠᠷᠳᠠᠮᠨᠠᠳᠠᠭ ᠪᠠᠶᠢᠭᠰᠠᠨ᠃ ᠬᠥᠮᠥᠨ ᠤ ᠵᠡᠷᠭᠡ ᠳᠤ ᠬᠦᠷᠬᠦ ᠶᠢ ᠶᠠᠭᠠᠷᠠᠵᠤ ᠪᠠᠶᠢᠭᠰᠠᠨ ᠬᠡᠦᠬᠡᠳ ᠨᠠᠰᠤ ᠮᠢᠨᠢ ᠶᠠᠭᠠᠬᠢᠭᠰᠠᠨ ᠴᠦ ᠬᠥᠭᠡᠷᠦᠬᠦᠨ ᠪᠢᠯᠡ︕ ᠬᠡᠦᠬᠡᠳ ᠨᠠᠰᠤ ᠶᠢ ᠠᠪᠴᠤ ᠬᠤᠴᠣᠷᠤᠭᠰᠠᠨ ᠪᠣᠯᠬᠤᠷ ᠬᠥᠳᠡᠭᠡ ᠨᠤᠲᠤᠭ ᠤᠨ ᠮᠢᠨᠢ ᠬᠠᠪᠤᠷ ᠬᠡᠵᠢᠶᠡᠳᠡ ᠵᠢᠷᠦᠬᠡ ᠰᠡᠳᠬᠢᠯ ᠳᠤ ᠬᠤᠨᠣᠭᠰᠢᠨ᠂ ᠮᠥᠷᠥᠭᠡᠳᠦᠯ ᠤᠨ ᠤᠶᠠᠩᠭ᠎ᠠ ᠪᠠᠷ ᠨᠠᠮᠠᠶᠢ ᠪᠦᠪᠡᠶᠢᠯᠡᠭᠰᠡᠭᠡᠷ᠃      ᠬᠡᠦᠬᠡᠨ ᠢᠶᠠᠨ ᠡᠷᠭᠢᠵᠦ ᠦᠵᠡᠬᠦ ᠪᠠᠷ ᠬᠤᠳᠠ ᠳᠤ ᠢᠷᠡᠭᠡᠳ ᠭᠡᠳᠦ ᠬᠤᠨᠣᠭᠰᠠᠨ ᠠᠪᠤ ᠮᠢᠨᠢ ᠠᠵᠢᠯ ᠶᠠᠭᠠᠷᠠᠤ  ᠪᠠᠷ ᠰᠢᠯᠲᠠᠭᠯᠠᠨ ᠠᠷᠤ ᠭᠡᠷ ᠲᠡᠭᠡᠨ ᠬᠠᠷᠢᠬᠤ ᠪᠠᠷ ᠪᠣᠯᠣᠯ᠎ᠠ᠃ ᠰᠠᠯᠵᠤ ᠶᠠᠳᠠᠭᠰᠠᠨ ᠴᠦ ᠶᠠᠭᠠᠬᠢᠬᠤ ᠪᠤᠢ᠂ ᠪᠢ ᠠᠪᠤ  ᠪᠠᠨ ᠭᠠᠯᠲᠤ ᠲᠡᠷᠭᠡᠨ ᠳᠤ ᠭᠠᠷᠭᠠᠬᠤ ᠪᠠᠷ ᠮᠥᠷᠯᠡᠨ ᠵᠣᠭᠰᠣᠵᠤ ᠪᠠᠶᠢᠭᠰᠠᠭᠠᠷ ᠭᠡᠨᠡᠳᠲᠡ ᠶᠠᠭ ᠯᠡ ᠴᠠᠭ ᠣᠷᠣᠨ ᠵᠠᠢ ᠠᠯᠤᠰᠯᠠᠭᠠᠳ ᠰᠤᠷᠤᠬᠴᠢ ᠪᠠᠶᠢᠬᠤ ᠦᠶ᠎ᠡ ᠳᠡᠭᠡᠨ ᠨᠤᠲᠤᠭ ᠲᠠᠭᠠᠨ ᠬᠠᠷᠢᠬᠤ ᠭᠡᠵᠦ ᠬᠡᠶᠢᠷᠬᠡᠨ ᠳᠣᠭᠳᠣᠯᠵᠤ ᠪᠠᠶᠢᠬᠤ ᠰᠢᠭ᠋ ᠪᠣᠯᠣᠯ᠎ᠠ᠃ ᠨᠢᠭᠡ ᠪᠤᠳᠤᠪᠠᠯ ᠬᠥᠮᠥᠨ ᠭᠡᠵᠦ ᠬᠡᠵᠢᠶᠡᠳᠡ ᠯᠡ ᠨᠤᠲᠤᠭ ᠵᠦᠭ ᠢᠶᠠᠨ ᠲᠡᠮᠡᠦᠯᠳᠡᠭ ᠨᠡᠭᠦᠳᠡᠯᠴᠢᠨ ᠪᠠᠶᠢᠵᠠᠢ ᠳ᠋ᠠ᠂ ᠬᠥᠭᠡᠷᠦᠬᠦᠢ᠃ ᠪᠢ ᠠᠪᠤ ᠪᠠᠨ᠂ ᠮᠥᠷᠥᠭᠡᠳᠦᠯ ᠲᠠᠢ ᠪᠠᠨ ᠬᠠᠮᠲᠤ ᠨᠤᠲᠤᠭ ᠲᠠᠭᠠᠨ ᠪᠤᠴᠠᠬᠤ ᠭᠠᠯᠲᠤ ᠲᠡᠷᠭᠡᠨ ᠳᠡᠭᠡᠷ᠎ᠡ ᠭᠠᠷᠭᠠᠴᠢᠬᠠᠭᠠᠳ᠂ ᠤᠯᠠᠨ ᠤ ᠤᠷᠤᠰᠬᠠᠯ ᠳᠤᠮᠳᠠᠭᠤᠷ ᠭᠡᠶᠦᠷᠡᠨ᠂ ᠨᠤᠲᠤᠭ ᠤᠨ ᠢᠶᠠᠨ ᠬᠠᠪᠤᠷ ᠢ ᠮᠥᠷᠥᠭᠡᠳᠦᠨ ᠮᠥᠷᠥᠭᠡᠳᠦᠨ ᠠᠯᠬᠤᠯ᠎ᠠ᠃ ᠵᠠᠮ ᠤᠨ ᠬᠠᠵᠠᠭᠤ ᠶᠢᠨ ᠤᠨᠵᠢᠭᠢᠷ ᠤᠳᠠ ᠭᠥᠯᠥᠭᠡᠯᠡᠴᠢᠬᠡᠯ᠎ᠡ᠃ ᠭᠦᠢᠯᠡᠰᠦᠨ ᠬᠤᠸᠠᠷ ᠴᠦ ᠳᠡᠯᠭᠡᠷᠡᠭᠡᠳ᠂ ᠪᠤᠯᠪᠠᠷᠠᠢ ᠶᠠᠭᠠᠨ ᠲᠡᠯᠪᠢ ᠨᠢ ᠨᠠᠷᠠᠨ ᠤ ᠭᠡᠷᠡᠯ ᠳᠤ ᠵᠢᠭᠠᠯ ᠬᠡᠦᠬᠡᠨ ᠤ ᠬᠠᠴᠠᠷ ᠰᠢᠭ᠋ ᠳᠤᠯᠠᠯᠵᠠᠨ᠎ᠠ᠃      ᠰᠡᠳᠬᠢᠯ᠂ ᠨᠢᠳᠦ ᠰᠢᠭ ᠵᠠᠶᠢᠷᠲᠤᠪᠠ᠃ ᠮᠢᠨᠤ ᠨᠤᠲᠤᠭ ᠤᠨ ︽ᠲᠦᠷᠪᠡᠨ ᠴᠠᠭ︾ ᠳᠠᠭᠤᠤ ᠠᠶ᠎ᠠ ᠡᠭᠡᠰᠢᠭ ᠲᠠᠢ  ᠪᠠᠨ ᠰᠡᠳᠬᠢᠯ ᠠᠴᠠ ᠮᠢᠨᠢ ᠤᠨᠳᠤᠷᠤᠭᠠᠳ᠂ ᠵᠢᠷᠦᠬᠡ ᠶᠢ ᠮᠢᠨᠢ ᠪᠦᠪᠡᠶᠢᠯᠡᠭᠡᠳ ᠬᠤᠯᠠ ᠶᠢᠨ ᠬᠤᠯᠠᠬᠢ ᠨᠤᠲᠤᠭ ᠤᠨ ᠮᠢᠨᠢ ᠬᠠᠪᠤᠷ ᠤᠨ ᠰᠠᠯᠬᠢᠨ ᠲᠠᠢ ᠨᠢ ᠬᠠᠮᠲᠤ ᠪᠠᠶᠠᠰᠤᠨ ᠪᠥᠵᠢᠵᠦ ᠪᠠᠶᠢᠨᠠᠮ᠃      ᠬᠠᠪᠤᠷ ᠤᠨ ᠴᠠᠭ ᠨᠢ ᠪᠣᠯᠣᠭᠠᠳ ᠢᠷᠡᠪᠡᠯ      ᠬᠠᠭᠳᠠ ᠨᠣᠭᠤᠭ᠎ᠠ ᠨᠢ ᠬᠥᠬᠡᠷᠡᠭᠡᠳ      ᠬᠠᠪᠤᠷᠵᠢᠶᠠᠨ ᠳᠠᠭᠠᠨ ᠰᠠᠭᠤᠶ᠎ᠠ ᠭᠡᠬᠦᠯᠡᠷ      ᠨᠤᠲᠤᠭ ᠮᠢᠨᠢ ᠲᠠᠷᠠᠤ      ᠭᠠᠵᠠᠷ ᠮᠢᠨᠢ ᠬᠤᠯᠠ ᠪᠠᠶᠢᠨ᠎ᠠ ᠳ᠋ᠠ      ᠭᠠᠯᠭᠢᠭᠤᠯᠵᠠᠭᠠᠶ᠎ᠠ ᠪᠢᠳᠠ ᠁
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号