ᠰᠢᠯᠢᠳᠡᠭ ᠬᠥᠮᠥᠰ ᠤᠨ ᠪᠠᠷᠢᠮᠲᠠᠯᠠᠳᠠᠭ 5 ᠳᠠᠳᠬᠠᠯ︕
ᠨᠡᠶᠢᠲᠡᠯᠡᠭᠰᠡᠨ ᠴᠠᠭ᠄
2023/7/11
     ᠨᠢᠬᠡ᠂ ᠬᠠᠷᠢᠭᠤᠴᠠᠬᠰᠠᠨ ᠠᠵᠢᠯ ᠳᠠᠭᠠᠨ ᠬᠢᠨᠠᠮᠠᠭᠠᠢ ᠪᠠᠶᠢᠬᠤ ᠬᠡᠷᠡᠭᠲᠡᠢ᠃ ᠨᠢᠮᠪᠠᠢ ᠵᠠᠩ ᠠᠮᠢᠳᠣᠷᠠᠯ ᠢ ᠴᠢᠨᠢ ᠦᠬᠡᠳᠡ ᠳᠠᠳᠠᠵᠦ ᠪᠠᠶᠢᠳᠠᠭ᠃ ᠬᠥᠮᠥᠨ ᠤ ᠳᠣᠲᠣᠭᠠᠳᠤ ᠰᠡᠳᠬᠢᠯ ᠤᠨ ᠪᠠᠭᠲᠠᠭᠠᠮᠵᠢ ᠨᠢ ᠬᠢᠵᠠᠭᠠᠷ ᠲᠠᠢ ᠪᠠᠶᠢᠳᠠᠭ᠂ ᠵᠠᠷᠢᠮ ᠴᠢᠬᠤᠯᠠ ᠪᠤᠰᠤ ᠶᠠᠪᠤᠳᠠᠯ ᠳᠤ ᠳᠡᠩᠳᠡᠭᠦᠦ ᠨᠢᠮᠪᠠᠢ ᠬᠠᠨᠳᠣᠪᠠᠯ ᠬᠠᠷᠢᠨ ᠵᠢᠩᠬᠢᠨᠢ ᠴᠢᠬᠤᠯᠠ ᠶᠠᠪᠤᠳᠠᠯ ᠢᠶᠠᠨ ᠤᠮᠳᠣᠭᠠᠶᠢᠯᠠᠵᠦ ᠮᠡᠳᠡᠨ᠎ᠡ᠃ ᠶᠠᠮᠠᠷ ᠨᠢᠭᠡᠨ ᠵᠦᠢᠯ ᠳᠤ ᠰᠣᠩᠭᠤᠯᠲᠠ ᠲᠠᠢ ᠪᠠᠶᠢᠵᠤ᠂ ᠶᠠᠭᠠᠷᠠᠵᠤ ᠪᠠᠴᠢᠮᠳᠠᠬᠤ ᠦᠭᠡᠢ ᠶᠠᠩᠪᠠᠯᠠᠵᠦ ᠮᠠᠶ᠋ᠢᠬᠯᠠᠬᠤ ᠦᠭᠡᠢ ᠪᠠᠷ ᠨᠠᠷᠢᠨ ᠬᠢᠨᠠᠮᠠᠭᠠᠢ ᠯᠠᠪᠳᠠᠭᠤᠨ ᠪᠠᠲᠤᠲᠠᠢ ᠴᠢᠷᠮᠠᠶᠢᠪᠠᠯ ᠠᠮᠵᠢᠯᠳᠠ ᠲᠠᠨ ᠤ ᠬᠢ ᠪᠤᠯᠬᠤ ᠨᠢ ᠭᠠᠷᠴᠠᠭ᠎ᠠ ᠦᠬᠡᠢ᠃      ᠬᠤᠶᠠᠷ᠂ ᠠᠭᠠᠰᠢ ᠵᠠᠩ ᠢᠶᠠᠨ ᠳᠠᠷᠤᠵᠤ ᠪᠠᠶᠢᠬᠤ ᠭᠡᠷᠡᠭᠳᠡᠢ᠃ ᠬᠥᠮᠥᠨ ᠪᠣᠯᠭᠠᠨ ᠳᠤ ᠦᠪᠡᠷ ᠦᠪᠡᠷ ᠤᠨ ᠬᠢᠨᠢ ᠵᠠᠩ ᠠᠭᠠᠰᠢ ᠪᠤᠢ᠂ ᠠᠭᠤᠷᠯᠠᠬᠤ ᠤᠮᠤᠭ ᠲᠥᠷᠥᠯᠬᠢ ᠶᠢᠨ ᠬᠢ ᠪᠠᠶᠢᠵᠦ ᠮᠡᠳᠡᠨ᠎ᠡ᠂ ᠬᠠᠷᠢᠨ ᠡᠬᠦᠨ ᠢ ᠪᠠᠨ ᠳᠠᠷᠣᠵᠦ ᠶᠠᠪᠤᠬᠤ ᠨᠢ ᠲᠠᠨ ᠤ ᠠᠪᠢᠶᠠᠰ ᠶᠤᠮ᠃ ᠠᠭᠤᠷ ᠪᠤᠬᠢᠨᠢᠳᠣᠯ ᠶᠠᠮᠠᠷ ᠴᠤ ᠠᠰᠠᠭᠤᠳᠠᠯ ᠢ ᠰᠢᠢᠳᠪᠦᠷᠢᠯᠡᠵᠦ ᠴᠢᠳᠠᠬᠤ ᠦᠭᠡᠢ᠂ ᠵᠥᠪᠬᠡᠨ ᠪᠠᠶᠢᠳᠠᠯ ᠢ ᠬᠦᠨᠳᠦᠷᠡᠬᠦᠯᠳᠡᠭ᠃ ᠵᠠᠩ ᠠᠭᠠᠰᠢ ᠪᠠᠨ ᠪᠠᠷᠢᠬᠤ ᠨᠢ ᠬᠦᠮᠦᠨ ᠢ ᠡᠶᠡᠯᠳᠡᠭ ᠵᠥᠭᠡᠯᠡᠨ ᠪᠤᠯᠭᠠᠳᠠᠭ ᠢᠶᠠᠷ ᠪᠠᠷᠠᠬᠤ ᠦᠭᠡᠢ᠂ ᠢᠲᠡᠭᠡᠯ ᠵᠣᠷᠢᠭ ᠪᠠ ᠠᠵᠠ ᠬᠡᠶᠢᠮᠣᠷᠢ ᠶᠢ ᠠᠪᠴᠢᠷᠠᠳᠠᠭ᠃      ᠭᠤᠷᠪᠠ᠂ ᠤᠷᠤᠭᠰᠢ ᠪᠠᠨ ᠬᠠᠷᠠᠵᠦ ᠪᠠᠶᠢᠬᠤ ᠭᠡᠷᠡᠭᠳᠡᠢ᠃ ᠬᠥᠮᠥᠨ ᠡᠨᠡ ᠨᠠᠰᠤᠨ ᠳᠤ ᠶᠡᠷᠦᠨᠢ ᠵᠠᠷᠢᠮ ᠬᠠᠷᠠᠮᠰᠠᠯ ᠪᠤᠯᠬᠤ ᠪᠠᠷ ᠤᠴᠢᠷ ᠶᠠᠪᠤᠳᠠᠯ ᠬᠢᠬᠦ ᠬᠡᠳ ᠪᠠᠶᠢᠳᠠᠭ᠃ ᠬᠡᠷᠪᠡ ᠳᠡᠭᠡᠭᠰᠡᠨ ᠪᠤᠯ ᠡᠬᠦᠨ ᠢ ᠪᠠᠨ ᠮᠠᠷᠳᠠᠵᠦ᠂ ᠣᠷᠣᠬᠰᠢ ᠪᠠᠨ ᠬᠠᠷᠠᠵᠦ ᠠᠮᠢᠳᠣᠷᠠ᠃      ᠳᠦᠷᠪᠡ᠂ ᠵᠢᠩᠬᠢᠨᠢ ᠨᠠᠶᠢᠵᠠ ᠪᠠᠨ ᠨᠠᠨᠳᠢᠩᠨᠠᠬᠤ ᠬᠡᠷᠡᠭᠲᠡᠢ᠃ ᠣᠷᠣᠭᠤᠳᠠᠬᠤ ᠶᠢᠨ ᠴᠠᠭ ᠲᠤ ᠳᠦᠰᠢᠵᠦ ᠳᠣᠯᠬᠤ ᠬᠦᠮᠦᠨ ᠦᠬᠡᠳᠡᠯᠡᠬᠦ ᠶᠢᠨ ᠴᠠᠭ ᠲᠤ ᠦᠨᠡᠨ ᠰᠡᠳᠬᠢᠯ ᠠᠴᠠ ᠪᠠᠨ ᠪᠠᠶᠠᠷᠯᠠᠳᠠᠭ ᠳᠡᠶᠢᠮᠦ ᠬᠦᠮᠦᠰ ᠢ ᠨᠠᠨᠳᠢᠩᠨᠠᠵᠦ ᠪᠠᠶᠢᠭᠠᠷᠠᠢ᠃      ᠳᠠᠪᠤ᠂ ᠥᠪᠡᠷ ᠢ ᠪᠠᠨ ᠦᠪᠡᠷ ᠢᠶᠠᠷ ᠨᠢ ᠬᠦᠯᠢᠶᠡᠨ ᠠᠪᠬᠤ ᠭᠡᠷᠡᠭᠳᠡᠢ᠃ ᠬᠥᠮᠥᠨ ᠪᠦᠬᠦᠨ ᠳᠤ ᠪᠦᠷ ᠰᠣᠯᠠ ᠳᠣᠷᠣᠢ ᠡᠰᠡᠬᠦᠯ᠎ᠡ ᠳᠤᠲᠠᠭᠳᠠᠯ ᠲᠠᠢ ᠳᠠᠯ᠎ᠠ ᠪᠠᠶᠢᠳᠠᠭ᠂ ᠡᠬᠦᠨ ᠢ ᠪᠠᠨ ᠣᠯᠵᠤ ᠬᠠᠷᠠᠪᠠᠯ ᠰᠠᠶ᠋ᠢ ᠦᠨᠡᠨ ᠪᠣᠳᠠᠲᠠᠢ ᠥᠪᠡᠷ ᠢ ᠪᠠᠨ ᠣᠯᠵᠤ ᠴᠢᠳᠠᠨ᠎ᠠ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号