ᠪᠠᠴᠢᠮ ᠰᠠᠨᠠᠭᠤᠯᠤᠮᠵᠢ︕ ᠥᠨᠳᠥᠷ ᠬᠠᠯᠠᠭᠤᠨ ᠡᠳᠦᠷ ᠡᠯᠳᠡᠪ ᠵᠦᠢᠯ ᠤᠨ  ᠰᠡᠷᠢᠬᠦᠨ ᠭᠤᠯᠢᠷ ᠢᠳᠡᠭᠡᠨ  ᠢ  ᠢᠳᠡᠬᠦ ᠳᠡᠭᠡᠨ ᠬᠢᠴᠢᠶᠡᠭᠦ ᠬᠡᠷᠡᠭᠲᠡᠶ
ᠨᠡᠶᠢᠲᠡᠯᠡᠭᠰᠡᠨ ᠴᠠᠭ᠄
2023/7/18
       7 ᠰᠠᠷ᠎ᠠ ᠶᠢᠨ 15 ᠤ ᠡᠳᠦᠷ᠂ ᠭᠤᠸᠠᠩᠳᠦ᠋ᠩ  ᠮᠤᠵᠢ ᠶᠢᠨ  ᠵᠠᠬ᠎ᠠ  ᠳᠡᠯᠭᠡᠭᠦᠷ ᠤᠨ  ᠬᠢᠨᠠᠯᠲᠠ  ᠬᠠᠮᠢᠶᠠᠷᠤᠯᠲᠠ ᠶᠢᠨ ᠲᠣᠪᠴᠢᠶ᠎ᠠ ᠪᠠᠴᠢᠮ ᠰᠠᠨᠠᠭᠤᠯᠭ᠎ᠠ ᠨᠡᠶᠢᠲᠡᠯᠡᠵᠦ᠂ ᠰᠡᠷᠢᠭᠦᠨ ᠢᠳᠡᠭᠡᠨ᠂ ᠴᠡᠷᠳᠡᠭᠤᠯ ᠤᠨ ᠢᠳᠡᠭᠡᠨ᠂ ᠣᠷᠢᠶᠠᠮᠠᠭ ᠭᠤᠯᠢᠷ ᠢᠳᠡᠭᠡᠨ᠂ ᠴᠧᠨ ᠼᠦᠨ ᠤ ᠹᠧᠨᠲ᠋ᠢᠶᠤᠤᠷ᠂ ᠬᠤᠯᠢᠰᠢᠨ ᠭᠤᠯᠢᠷ ᠢᠳᠡᠭᠡᠨ᠂ ᠲᠤᠲᠤᠷᠭᠠᠨ ᠭᠤᠯᠢᠷ ︵ᠲᠤᠲᠤᠷᠭᠠᠨ ᠭᠤᠯᠢᠷ︶   ᠤᠨ  ᠮᠢᠨᠳᠤᠤᠷ᠂ ᠤᠷᠳᠤ ᠹᠧᠨᠲ᠋ᠢᠶᠤᠤᠷ ᠵᠡᠷᠭᠡ ᠨᠦᠢᠲᠠᠨ ᠲᠤᠲᠤᠷᠭᠠᠨ  ᠭᠤᠯᠢᠷ ᠤᠨ  ᠮᠢᠨᠳᠤᠤᠷ   ᠨᠢ  ᠥᠨᠳᠥᠷ  ᠬᠠᠯᠠᠭᠤᠨ  ᠴᠢᠭᠢᠭᠯᠢᠭ  ᠠᠭᠤᠷ ᠠᠮᠢᠰᠬᠤᠯ ᠲᠤᠤᠷ᠎ᠠ᠂ ᠨᠠᠷᠭᠢᠯ ᠤᠨ ᠬᠤᠤᠷᠲᠤ ᠬᠠᠭᠤᠷᠮᠠᠭ ᠲᠠᠩ  ᠡᠰᠲᠦ  ᠪᠠᠺᠲ᠋ᠧᠷᠢ ᠶᠢᠨ  ᠪᠣᠬᠢᠷᠲᠤᠯ ᠠᠴᠠ  ᠪᠣᠯᠵᠣ  ᠠᠮᠤ ᠶᠢᠨ ᠢᠰᠬᠡᠭᠦᠷ ᠪᠠᠺᠲ᠋ᠧᠷᠢ ᠶᠢᠨ ᠬᠦᠴᠢᠯ ᠤᠨ ᠬᠤᠤᠷᠲᠤ ᠡᠳ᠋ ᠡᠭᠦᠰᠳᠡᠭ᠂ ᠬᠦᠮᠦᠰ ᠡᠭᠦᠨ   ᠢ  ᠢᠳᠡᠪᠡᠯ  ᠠᠮᠠᠷᠬᠠᠨ  ᠬᠤᠤᠷᠳᠠᠭᠳᠠᠬᠤ ᠪᠣᠯᠤᠨ᠎ᠠ᠃ ᠨᠠᠷᠭᠢᠯ ᠤᠨ ᠬᠤᠣᠷᠲᠤ ᠬᠠᠭᠤᠷᠮᠠᠭ ᠳᠠᠩ ᠡᠰᠲᠦ ᠪᠠᠺᠲ᠋ᠧᠷᠢ ᠪᠠᠶᠢᠭᠠᠯᠢ ᠶᠢᠷᠲᠢᠨᠴᠦ ᠳᠤ ᠲᠦᠭᠡᠮᠡᠯ ᠣᠷᠣᠰᠢᠵᠤ ᠪᠠᠶᠢᠳᠠᠭ ᠪᠤᠯᠬᠤᠷ ᠭᠡᠷᠪᠡ ᠰᠠᠶᠢᠲᠤᠷ ᠬᠠᠳᠠᠭᠠᠯᠠᠭᠰᠠᠨ ᠦᠭᠡᠶ ᠠᠴᠠ  ᠪᠤᠯᠵᠤ  ᠲᠡᠭᠦᠨ   ᠳᠤ  ᠪᠣᠬᠢᠷᠲᠤᠭᠰᠠᠨ  ᠢᠳᠡᠭᠡᠨ  ᠪᠤᠶᠤ  ᠴᠢᠨᠠᠷ ᠢ ᠪᠠᠲᠤᠯᠠᠬᠤ ᠬᠤᠭᠤᠴᠠᠭ᠎ᠠ ᠠᠴᠠ ᠨᠢ ᠬᠡᠲᠦᠷᠡᠭᠰᠡᠨ ᠢᠳᠡᠭᠡᠨ ᠢ ᠢᠳᠡᠬᠦ ᠳᠤ  ᠬᠦᠷᠪᠡᠯ  ᠠᠮᠤ  ᠪᠤᠳᠠᠭᠠᠨ ᠤ  ᠢᠰᠬᠡᠭᠦᠷ  ᠪᠠᠺᠲ᠋ᠧᠷᠢ ᠬᠦᠴᠢᠯ ᠤᠨ ᠬᠤᠣᠷᠲᠤ ᠡᠳ᠋ ᠲᠤ ᠬᠤᠣᠷᠳᠠᠭᠳᠠᠬᠤ ᠲᠦᠭᠰᠢᠭᠦᠷᠢ ᠶᠡᠬᠡᠰᠳᠡᠭ ᠭᠡᠵᠦ ᠰᠠᠨᠠᠭᠤᠯᠪᠠ᠃
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号