ᠭᠤᠷᠪᠠᠨ ᠹᠦ᠋ ᠪᠣᠯ 24 ᠴᠠᠭ ᠤᠯᠠᠷᠢᠯ ᠤᠨ ᠪᠠᠭ᠎ᠠ ᠬᠠᠯᠠᠭᠤᠨ ᠪᠠ ᠬᠠᠯᠠᠭᠤᠨ ᠡᠭᠡᠬᠦ ᠶᠢᠨ ᠬᠤᠭᠤᠷᠣᠨᠳᠤ ᠪᠠᠶᠢᠵᠤ᠂ | ᠶᠡᠷᠦ ᠳᠡᠭᠡᠨ ᠨᠢᠭᠡ ᠵᠢᠯ ᠤᠨ ᠳᠣᠲᠣᠷᠠᠬᠢ ᠠᠭᠠᠷ ᠤᠨ ᠳᠤᠯᠠᠭᠠᠨ ᠬᠠᠮᠤᠭ ᠤᠨ ᠥᠨᠳᠥᠷ ᠮᠥᠷᠲᠡᠭᠡᠨ ᠴᠢᠭᠢᠭᠯᠢᠭ᠂ | ᠪᠦᠭᠴᠢᠮ ᠬᠠᠯᠠᠭᠤᠨ ᠴᠠᠭ ᠬᠤᠭᠤᠴᠠᠭ᠎ᠠ ᠪᠣᠯᠣᠨ᠎ᠠ᠃ ᠲᠡᠭᠡᠪᠡᠯ ᠭᠤᠷᠪᠠᠨ ᠹᠦ᠋ ᠶᠢᠨ ᠬᠤᠭᠤᠴᠠᠭᠠᠨ ᠳᠤ ᠪᠡᠶ᠎ᠡ ᠪᠠᠨ | ᠬᠡᠷᠬᠢᠨ ᠵᠥᠪ ᠰᠤᠪᠢᠯᠠᠬᠤ ᠪᠤᠶ︖ | ᠭᠤᠷᠪᠠᠨ ᠹᠦ᠋ ᠶᠢᠨ ᠬᠤᠭᠤᠴᠠᠭᠠᠨ ᠳᠤ ᠪᠡᠶ᠎ᠡ ᠪᠠᠨ ᠰᠤᠪᠢᠯᠠᠬᠤ ᠳᠤ ᠭᠤᠷᠪᠠᠨ ᠵᠦᠢᠯ ᠤᠨ ᠰᠠᠶᠢᠨ ᠲᠠᠯ᠎ᠠ ᠪᠤᠢ᠄ | ᠰᠡᠷᠢᠭᠦᠴᠡᠬᠦ ᠳᠤ ᠲᠣᠬᠢᠲᠠᠢ | ᠭᠤᠷᠪᠠᠨ ᠹᠦ᠋ ᠳᠤ ᠰᠡᠷᠢᠭᠦᠴᠡᠬᠦ ᠳᠡᠭᠡᠨ ᠪᠠᠶᠢᠭᠠᠯᠢ ᠶᠢᠨ ᠰᠠᠯᠬᠢ ᠪᠠᠷ ᠰᠡᠷᠢᠭᠦᠴᠡᠪᠡᠯ ᠬᠠᠮᠤᠭ ᠤᠨ ᠰᠠᠶᠢᠨ᠂ ᠰᠠᠯᠬᠢᠨ | ᠰᠡᠩᠰᠡ᠂ ᠠᠭᠠᠷ ᠲᠣᠬᠢᠷᠠᠭᠤᠯᠤᠭᠴᠢ ᠶᠢ ᠬᠡᠷᠡᠭᠯᠡᠬᠦ ᠳᠡᠭᠡᠨ ᠲᠣᠯᠣᠭᠠᠢ ᠪᠠ ᠨᠢᠭᠤᠷ ᠥᠭᠡᠳᠡ ᠪᠠᠨ ᠦᠯᠢᠶᠡᠯᠭᠡᠵᠦ | ᠪᠤᠯᠬᠤ ᠦᠭᠡᠢ᠂ ᠠᠭᠠᠷ ᠲᠣᠬᠢᠷᠠᠭᠤᠯᠤᠭᠴᠢ ᠶᠢ ᠬᠡᠷᠡᠭᠯᠡᠬᠦ ᠳᠡᠭᠡᠨ 26 - 28 ᠭᠷᠡᠳᠦ᠋ᠰ ᠪᠠᠶᠢᠪᠠᠯ ᠬᠠᠮᠤᠭ ᠤᠨ | ᠲᠣᠬᠢᠷᠠᠮᠵᠢᠲᠠᠢ ᠪᠠᠶᠢᠵᠤ᠂ ᠠᠭᠠᠷ ᠲᠣᠬᠢᠷᠠᠭᠤᠯᠤᠭᠴᠢ ᠪᠠᠷ ᠪᠡᠶ᠎ᠡ ᠪᠠᠨ ᠰᠢᠭᠤᠳ ᠦᠯᠢᠶᠡᠯᠭᠡᠬᠦ ᠦᠭᠡᠢ ᠪᠠᠶᠢᠵᠤ᠂ | ᠲᠠᠭᠰᠢᠭᠤᠷ ᠲᠤ ᠨᠡᠷᠪᠡᠭᠳᠡᠬᠦ ᠪᠠ ᠬᠠᠮᠠᠷ ᠪᠥᠭᠯᠡᠷᠡᠬᠦ ᠠᠴᠠ ᠰᠡᠷᠭᠡᠶᠢᠯᠡᠬᠦ ᠶᠢᠨ ᠬᠠᠮᠲᠤ ᠪᠠᠰᠠ ᠰᠥᠨᠢᠵᠢᠨ ᠠᠭᠠᠷ | ᠲᠣᠬᠢᠷᠠᠭᠤᠯᠤᠭᠴᠢ ᠨᠡᠭᠡᠭᠡᠬᠦ ᠨᠢ ᠵᠣᠬᠢᠰ ᠦᠭᠡᠢ ᠶᠤᠮ᠃ | ᠰᠡᠳᠬᠢᠯ ᠢᠶᠠᠨ ᠲᠠᠶᠢᠪᠤᠰᠢᠷᠠᠭᠤᠯᠬᠤ ᠳᠤ ᠲᠣᠬᠢᠲᠠᠢ | ᠵᠤᠨ ᠤ ᠤᠯᠠᠷᠢᠯ ᠳᠤ ᠠᠭᠠᠭᠢᠮ᠎ᠠ ᠬᠠᠯᠠᠭᠤᠨ ᠪᠣᠯᠬᠤᠷ ᠰᠡᠳᠬᠢᠯ ᠰᠠᠨᠠᠭ᠎ᠠ ᠪᠠᠨ ᠲᠠᠶᠢᠪᠤᠩ ᠪᠠᠶᠢᠯᠭᠠᠪᠠᠯ ᠵᠣᠬᠢᠨ᠎ᠠ᠂ | ᠰᠡᠳᠬᠢᠯ ᠰᠠᠨᠠᠭ᠎ᠠ ᠲᠠᠶᠢᠪᠤᠩ ᠪᠣᠯᠪᠠᠯ ᠠᠶᠠᠨᠳᠠᠭᠠᠨ ᠰᠡᠷᠢᠭᠦᠬᠡᠨ ᠲᠠᠭᠠᠲᠠᠢ ᠪᠣᠯᠣᠨ᠎ᠠ᠃ ᠥᠷᠯᠥᠭᠡ ᠪᠣᠰᠪᠠᠯ ᠨᠠᠮ | ᠰᠠᠭᠤᠬᠤ ᠪᠠᠷ ᠳᠠᠮᠵᠢᠨ ᠪᠡᠶ᠎ᠡ ᠶᠢᠨ ᠠᠵᠢᠯᠯᠠᠭ᠎ᠠ ᠪᠠᠨ ᠲᠣᠬᠢᠷᠠᠭᠤᠯᠬᠤ ᠨᠢ ᠰᠡᠳᠬᠢᠯ ᠰᠠᠨᠠᠭ᠎ᠠ ᠪᠠᠨ ᠲᠠᠶᠢᠪᠤᠰᠢᠷᠠᠭᠤᠯᠬᠤ᠂ | ᠬᠡᠢ ᠴᠢᠰᠤ ᠶᠢ ᠰᠢᠯᠤᠭᠤᠳᠬᠠᠬᠤ᠂ ᠴᠢᠰᠤᠨ ᠭᠦᠶᠦᠳᠡᠯ ᠢ ᠰᠠᠶᠢᠵᠢᠷᠠᠭᠤᠯᠬᠤ ᠦᠢᠯᠡᠳᠦᠯ ᠲᠠᠢ᠃ | ᠤᠳᠠᠵᠤ ᠠᠮᠠᠷᠠᠬᠤ ᠳᠤ ᠲᠣᠬᠢᠲᠠᠢ | ᠠᠵᠢᠯᠯᠠᠵᠤ ᠠᠮᠠᠷᠠᠬᠤ ᠳᠠᠭᠠᠨ ᠵᠢᠮ᠎ᠡ ᠭᠤᠷᠢᠮ ᠲᠠᠢ ᠪᠠᠶᠢᠵᠤ᠂ ᠣᠷᠣᠢ ᠳᠠᠭᠠᠨ 23 ᠴᠠᠭ ᠠᠴᠠ ᠡᠮᠦᠨ᠎ᠡ ᠤᠨᠲᠠᠪᠠᠯ | ᠰᠠᠶᠢᠨ᠃ ᠤᠨᠲᠠᠬᠤ ᠠᠴᠠ ᠪᠠᠨ ᠡᠮᠦᠨ᠎ᠡ ᠬᠠᠯᠠᠭᠤᠨ ᠤᠰᠤ ᠪᠠᠷ ᠪᠡᠶ᠎ᠡ ᠪᠠᠨ ᠤᠬᠢᠶᠠᠬᠤ᠂ ᠬᠠᠯᠠᠭᠤᠨ ᠤᠰᠤ ᠪᠠᠷ | ᠬᠥᠯ ᠢᠶᠠᠨ ᠳᠡᠪᠲᠦᠭᠡᠬᠦ ᠨᠢ ᠬᠡᠢ ᠴᠢᠰᠤ ᠶᠢ ᠵᠣᠬᠢᠴᠠᠭᠤᠯᠬᠤ ᠪᠠ ᠪᠥᠭᠡᠷ᠎ᠡ ᠶᠢ ᠰᠢᠮᠡᠵᠢᠭᠦᠯᠬᠦ ᠦᠢᠯᠡᠳᠦᠯ ᠲᠠᠢ᠂ | ᠤᠨᠲᠠᠬᠤ ᠳᠠᠭᠠᠨ ᠨᠤᠮᠤᠯᠵᠢᠨ ᠭᠡᠯᠪᠡᠷᠢ ᠪᠠᠷ ᠪᠠᠷᠠᠭᠤᠨ ᠲᠠᠯ᠎ᠠ ᠪᠠᠷ ᠢᠶᠠᠨ ᠬᠠᠵᠠᠭᠤᠯᠠᠵᠤ ᠬᠡᠪᠲᠡᠪᠡᠯ ᠰᠠᠶᠢᠨ᠃ | ᠭᠤᠷᠪᠠᠨ ᠹᠦ᠋ ᠶᠢᠨ ᠬᠤᠭᠤᠴᠠᠭᠠᠨ ᠳᠤ ᠪᠡᠶ᠎ᠡ ᠪᠠᠨ ᠰᠤᠪᠢᠯᠠᠬᠤ ᠳᠤ ᠭᠤᠷᠪᠠᠨ ᠴᠡᠭᠡᠷ ᠲᠠᠢ᠄ | ᠠᠭᠠᠷ ᠲᠣᠬᠢᠷᠠᠭᠤᠯᠤᠭᠴᠢ ᠪᠠᠷ ᠤᠳᠠᠭᠠᠨ ᠦᠯᠢᠶᠡᠯᠭᠡᠬᠦ ᠶᠢ ᠴᠡᠭᠡᠷᠯᠡᠨ᠎ᠡ | ᠠᠭᠠᠷ ᠲᠣᠬᠢᠷᠠᠭᠤᠯᠤᠭᠴᠢ ᠶᠢ ᠤᠷᠲᠤ ᠬᠤᠭᠤᠴᠠᠭ᠎ᠠ ᠪᠠᠷ ᠦᠯᠢᠶᠡᠯᠭᠡᠪᠡᠯ ᠪᠡᠶ᠎ᠡ ᠶᠢᠨ ᠬᠡᠢ ᠴᠢᠰᠤᠨ ᠤ ᠡᠷᠭᠢᠯᠲᠡ ᠶᠢ | ᠬᠠᠷᠰᠢᠯᠠᠵᠤ᠂ ᠠᠮᠠᠷᠬᠠᠨ ᠬᠢᠮᠤᠷᠠᠬᠤ᠂ ᠲᠣᠯᠣᠭᠠᠢ ᠡᠪᠡᠳᠬᠦ᠂ ᠬᠠᠮᠠᠷ ᠪᠥᠭᠯᠡᠷᠡᠬᠦ ᠶᠢᠨ ᠬᠠᠮᠲᠤ ᠬᠦᠵᠦᠭᠦᠦ ᠰᠡᠭᠡᠷ ᠪᠤᠶᠤ | ᠨᠢᠷᠤᠭᠤ ᠮᠠᠭᠤ ᠬᠥᠮᠥᠰ ᠲᠤ ᠠᠮᠠᠷᠬᠠᠨ ᠬᠦᠵᠦᠭᠦᠦ ᠬᠥᠰᠢᠬᠦ᠂ ᠨᠢᠷᠤᠭᠤ ᠱᠠᠷᠬᠢᠷᠠᠨ ᠡᠪᠡᠳᠬᠦ ᠵᠡᠷᠭᠡ ᠡᠪᠡᠳᠴᠢᠨ ᠢ | ᠡᠭᠦᠰᠬᠡᠨ᠎ᠡ᠃ | ᠬᠦᠢᠲᠡᠨ ᠤᠮᠳᠠᠭᠠᠨ ᠢ ᠴᠡᠭᠡᠷᠯᠡᠨ᠎ᠡ | ᠬᠦᠢᠲᠡᠨ ᠤᠮᠳᠠᠭᠠᠨ ᠢ ᠬᠡᠲᠦᠷᠡᠲᠡᠯ᠎ᠡ ᠡᠳ᠋ᠯᠡᠪᠡᠯ ᠬᠤᠳᠣᠭᠤᠳᠤ ᠭᠡᠳᠡᠰᠦ ᠵᠢᠩᠭᠢᠨᠡᠵᠦ᠂ ᠭᠡᠳᠡᠰᠦ ᠬᠥᠭᠡᠭᠡᠬᠦ᠂ ᠭᠡᠳᠡᠰᠦ | ᠡᠪᠡᠳᠬᠦ᠂ ᠰᠠᠭᠤᠯᠭᠠᠬᠤ ᠵᠡᠷᠭᠡ ᠡᠪᠡᠳᠴᠢᠨ ᠤ ᠢᠯᠡᠷᠡᠯ ᠭᠠᠷᠳᠠᠭ᠃ | ᠬᠥᠯᠥᠰᠦ ᠭᠠᠷᠤᠭᠰᠠᠨ ᠤ ᠳᠠᠷᠠᠭ᠎ᠠ ᠵᠢᠩᠭᠢᠨᠡᠬᠦ ᠠᠴᠠ ᠬᠢᠴᠢᠶᠡᠨ᠎ᠡ | ᠶᠡᠭᠡ ᠪᠠᠷ ᠬᠥᠯᠥᠰᠦ ᠭᠠᠷᠤᠭᠰᠠᠨ ᠤ ᠳᠠᠷᠠᠭ᠎ᠠ ᠬᠥᠮᠥᠨ ᠤ ᠪᠡᠶ᠎ᠡ ᠳᠤ ᠤᠰᠤ ᠳᠤᠲᠠᠭᠳᠠᠬᠤ ᠠᠴᠠ ᠪᠣᠯᠵᠤ᠂ ᠣᠯᠠᠩᠬᠢ | ᠬᠥᠮᠥᠰ ᠬᠦᠢᠲᠡᠨ ᠤᠰᠤ ᠤᠤᠭᠤᠵᠤ ᠴᠠᠩᠭᠠᠭ᠎ᠠ ᠪᠠᠨ ᠲᠠᠶᠢᠯᠳᠠᠭ᠂ ᠭᠡᠪᠡᠴᠦ ᠡᠨᠡ ᠨᠢ ᠬᠥᠮᠥᠨ ᠤ ᠪᠡᠶ᠎ᠡ ᠳᠤ ᠳᠣᠣᠷ᠎ᠠ | ᠨᠡᠪᠴᠢᠯᠲᠡ ᠶᠢᠨ ᠴᠢᠨᠠᠷᠲᠠᠢ ᠤᠰᠤ ᠠᠯᠳᠠᠭᠳᠠᠬᠤ ᠡᠪᠡᠳᠴᠢᠨ ᠤ ᠢᠯᠡᠷᠡᠯ ᠢ ᠠᠮᠠᠷᠬᠠᠨ ᠡᠭᠦᠰᠬᠡᠵᠦ᠂ ︽ᠤᠰᠤᠨ ᠳᠤ | ᠬᠤᠣᠷᠳᠠᠭᠳᠠᠬᠤ︾ ᠦᠵᠡᠭᠳᠡᠯ ᠭᠠᠷᠳᠠᠭ᠃ ᠬᠥᠯᠥᠰᠦ ᠶᠡᠭᠡ ᠭᠠᠷᠤᠭᠰᠠᠨ ᠤ ᠳᠠᠷᠠᠭ᠎ᠠ ᠳᠠᠷᠤᠶᠢᠬᠠᠨ ᠬᠦᠢᠲᠡᠨ ᠤᠰᠤ | ᠪᠠᠷ ᠪᠡᠶ᠎ᠡ ᠪᠠᠨ ᠤᠬᠢᠶᠠᠬᠤ ᠨᠢ ᠠᠷᠠᠰᠤᠨ ᠤ ᠴᠢᠰᠤᠨ ᠰᠤᠳᠠᠯ ᠠᠪᠴᠢᠵᠤ᠂ ᠠᠷᠠᠰᠤᠨ ᠤ ᠴᠢᠰᠤᠨ ᠤᠷᠤᠰᠬᠠᠯ ᠤᠨ | ᠬᠡᠮᠵᠢᠶ᠎ᠡ ᠪᠠᠭᠠᠰᠴᠤ᠂ ᠵᠢᠷᠦᠬᠡᠨ ᠳᠤ ᠪᠤᠴᠠᠬᠤ ᠴᠢᠰᠤᠨ ᠤ ᠬᠡᠮᠵᠢᠶ᠎ᠡ ᠭᠡᠨᠡᠳᠲᠡ ᠨᠡᠮᠡᠭᠳᠡᠨ᠂ ᠵᠢᠷᠦᠬᠡᠨ ᠤ ᠳᠠᠷᠤᠭᠠᠰᠤ ᠶᠢ | ᠬᠦᠨᠳᠦᠷᠡᠭᠦᠯᠵᠦ ᠪᠡᠭᠲᠡᠷᠡᠵᠦ ᠪᠤᠬᠢᠨᠢᠳᠤᠳᠠᠭ᠃ |