ᠡᠶᠢᠮᠦ ᠡᠯᠧᠺᠲᠷᠤᠨ ᠲᠠᠮᠠᠬᠢ ᠬᠤᠤᠷ ᠲᠠᠢ
ᠨᠡᠶᠢᠲᠡᠯᠡᠭᠰᠡᠨ ᠴᠠᠭ᠄
2023/7/4
     ᠤᠶᠢᠷ᠎ᠠ  ᠳᠤ᠂ ᠬᠠᠶᠢᠨᠠᠨ  ᠤ ᠴᠠᠬᠳᠠᠭᠠᠨ  ᠤ ᠲᠠᠯ᠎ᠠ ᠮᠢᠨᠴᠦᠭᠦᠷᠡᠭᠦᠯᠬᠦ ᠡᠮ  ᠠᠭᠤᠯᠤᠬᠰᠠᠨ ᠡᠯᠧᠺᠲᠷᠤᠨ ᠲᠠᠮᠠᠭᠢ   ᠶᠢ ᠮᠤᠵᠢ ᠠᠯᠤᠰᠯᠠᠨ ᠫᠠᠨᠽᠠᠯᠠᠭᠰᠠᠨ   ᠨᠢᠭᠡᠨ ᠬᠡᠷᠡᠭ  ᠢ ᠪᠠᠶᠢᠴᠠᠭᠠᠨ ᠢᠯᠡᠷᠡᠭᠦᠯᠵᠦ᠂ ᠮᠢᠨᠴᠦᠭᠦᠷᠡᠭᠦᠯᠬᠦ ᠡᠮ  ᠠᠭᠤᠯᠤᠬᠰᠠᠨ ᠡᠯᠧᠺᠲᠷᠤᠨ ᠲᠠᠮᠠᠭᠢ  ᠰᠠᠷᠢᠭᠠᠯᠠᠳᠠᠭ ᠰᠦᠯᠵᠢᠶ᠎ᠡ  ᠶᠢ ᠲᠠᠰᠤᠯᠤᠬᠰᠠᠨ ᠪᠠᠶᠢᠨ᠎ᠠ᠃          ᠴᠠᠬᠳᠠᠭᠠᠨ  ᠤ ᠲᠠᠯ᠎ᠠ  ᠶᠢᠨ ᠲᠠᠨᠢᠯᠴᠠᠭᠤᠯᠤᠬᠰᠠᠨ  ᠢᠶᠠᠷ᠂ ᠡᠶᠢᠮᠦ ᠡᠯᠧᠺᠲᠷᠤᠨ ᠲᠠᠮᠠᠬᠢ  ᠶᠢ ᠲᠠᠳᠠᠪᠠᠯ᠂ ᠨᠢᠳᠦ ᠨᠢ  ᠳᠠᠷᠤᠭᠳᠠᠬᠤ᠂ ᠬᠦᠳᠡᠯᠭᠡᠭᠡᠨ ᠨᠢ ᠤᠳᠠᠭᠠᠰᠢᠷᠠᠬᠤ᠂ ᠲᠤᠯᠤᠭᠠᠢ ᠨᠢ ᠡᠷᠭᠢᠵᠦ ᠮᠠᠨᠠᠷᠠᠵᠦ ᠤᠶᠢᠴᠢᠬᠤ᠂ ᠭᠠᠷ ᠨᠢ ᠴᠡᠴᠡᠷᠬᠢᠯᠡᠬᠦ  ᠂  ᠬᠥᠯ ᠨᠢ ᠰᠤᠯᠠᠷᠠᠬᠤ ᠵᠡᠷᠭᠡ ᠦᠵᠡᠭᠳᠡᠯ ᠢᠯᠡᠷᠡᠬᠦ ᠪᠤᠯᠤᠨ᠎ᠠ᠃ ᠤᠴᠢᠷ ᠨᠢ ᠡᠶᠢᠮᠦ ᠡᠯᠧᠺᠲᠷᠤᠨ ᠲᠠᠮᠠᠬᠢᠨ   ᠳᠣᠲᠣᠷ᠎ᠠ  ᠢᠲ᠋ᠤᠮᠢᠳᠠᠲ᠋ᠧ Etomidate  ᠭᠡᠳᠡᠭ ᠮᠡᠰᠡ ᠵᠠᠰᠠᠯ   ᠬᠢᠬᠦ   ᠳᠤ ᠬᠡᠷᠡᠭᠯᠡᠳᠡᠭ ᠮᠢᠨᠴᠦᠭᠦᠷᠡᠭᠦᠯᠬᠦ ᠡᠮ ᠠᠭᠤᠯᠤᠬᠳᠠᠵᠦ ᠪᠠᠶᠢᠭ᠎ᠠ ᠶᠤᠮ ᠪᠠᠶᠢᠨ᠎ᠠ᠃        ᠬᠠᠥᠯᠢ ᠪᠤᠰᠤ ᠡᠳᠡᠭᠡᠳ ᠡᠨᠡᠬᠦ ᠡᠮ  ᠢᠶᠠᠷ  ᠬᠤᠤᠷᠳᠤ ᠡᠳ᠋  ᠢ  ᠤᠷᠤᠯᠠᠭᠤᠯᠬᠤ ᠪᠦᠳᠦᠭᠡᠭᠳᠡᠭᠦᠨ  ᠪᠣᠯᠭᠠᠨ  ᠫᠠᠨᠽᠠᠯᠠᠵᠤ ᠪᠠᠶᠢᠨ᠎ᠠ᠃ ᠡᠶᠢᠮᠦ ᠡᠯᠧᠺᠲᠷᠤᠨ ᠲᠠᠮᠠᠬᠢ  ᠶᠢ  ᠬᠡᠳᠦᠷᠡᠳᠦᠯ᠎ᠡ  ᠲᠠᠲᠠᠬᠤ ᠪᠤᠶᠤ ᠤᠷᠳᠤ ᠬᠤᠭᠤᠴᠠᠭ᠎ᠠ  ᠲᠠᠲᠠᠬᠤ ᠳᠤ ᠬᠦᠷᠪᠡᠯ᠂ ᠠᠮᠢᠰᠬᠤᠯ ᠨᠢ ᠲᠦᠷ ᠵᠤᠬᠰᠤᠬᠤ᠂ ᠰᠠᠯᠪᠦᠷᠢ ᠮᠦᠭᠡᠷᠡᠰᠦᠨ ᠬᠤᠭᠤᠯᠠᠢ  ᠵᠠᠩᠭᠢᠷᠠᠬᠤ ᠵᠡᠷᠭᠡ ᠠᠰᠠᠭᠤᠳᠠᠯ ᠭᠠᠷᠴᠦ᠂  ᠬᠦᠮᠦᠨ  ᠤ ᠪᠡᠶ᠎ᠡ  ᠳᠤ ᠮᠠᠰᠢ  ᠶᠡᠭᠡ ᠬᠤᠤᠷ ᠨᠦᠯᠦᠬᠡ ᠪᠤᠯᠳᠠᠭ  ᠃        ᠢᠲ᠋ᠤᠮᠢᠳᠠᠲ᠋ᠧ ᠭᠡᠬᠦ  ᠡᠨᠡ ᠡᠮ  ᠢ ᠶᠠᠮᠠᠷᠴᠦ ᠬᠦᠮᠦᠨ ᠭᠡᠳ ᠬᠠᠥᠯᠢ ᠪᠤᠰᠤ ᠠᠷᠭ᠎ᠠ ᠵᠠᠮ  ᠢᠶᠠᠷ  ᠬᠤᠳᠠᠯᠳᠤᠨ ᠠᠪᠴᠦ ᠪᠤᠯᠬᠤ ᠦᠭᠡᠢ᠂  ᠵᠦᠪᠬᠡᠨ ᠡᠮ ᠲᠠᠩ ᠡᠵᠡᠩᠨᠡᠬᠦ ᠵᠦᠪᠰᠢᠶ᠋ᠷᠡᠯ  ᠤᠨ ᠬᠡᠷᠡᠴᠢ ᠲᠠᠢ  ᠡᠮᠴᠢᠯᠡᠭᠡᠨ ᠤ ᠪᠠᠶᠢᠭᠤᠯᠤᠮᠵᠢ  ᠪᠤᠯᠤᠨ ᠠᠵᠦ ᠠᠬᠤᠶᠢᠯᠠᠯ ᠰᠠᠶ᠋ᠢ ᠬᠠᠥᠯᠢ  ᠶᠢᠨ  ᠳᠠᠭᠠᠤ ᠡᠨᠡ ᠡᠮ  ᠢ ᠬᠤᠳᠠᠯᠳᠤᠨ ᠠᠪᠴᠦ  ᠬᠡᠷᠡᠭᠯᠡᠵᠦ ᠪᠤᠯᠤᠨ᠎ᠠ  ᠃          ᠮᠢᠨᠴᠦᠭᠦᠷᠡᠭᠦᠯᠬᠦ ᠡᠮ  ᠠᠭᠤᠯᠤᠬᠰᠠᠨ  ᠡᠯᠧᠺᠲᠷᠤᠨ ᠲᠠᠮᠠᠬᠢ   ᠲᠠᠢ ᠪᠢᠳᠡᠬᠡᠢ ᠤᠶᠢᠷᠠᠳᠤᠭᠠᠷᠠᠢ ᠭᠡᠵᠦ ᠴᠠᠬᠳᠠᠭᠠᠨ  ᠤ ᠲᠠᠯ᠎ᠠ  ᠬᠥᠮᠥᠰ   ᠲᠤ ᠰᠠᠨᠠᠭᠤᠯᠵᠦ ᠪᠠᠶᠢᠨ᠎ᠠ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号