︽ᠠᠯᠳᠠᠨ ᠲᠦᠯᠬᠢᠭᠦᠷ︾ ᠢ ᠠᠪᠴᠢᠷᠠᠭᠰᠠᠨ ᠣᠨᠴᠠ ᠲᠣᠮᠢᠯᠠᠭᠴᠢ ᠶᠢᠨ ᠪᠦᠯᠭᠦᠮ
ᠨᠡᠶᠢᠲᠡᠯᠡᠭᠰᠡᠨ ᠴᠠᠭ᠄
2023/8/21
     ︽ᠱᠦᠭᠦᠷ ᠡᠪᠡᠰᠦ ᠶᠢᠨ ᠡᠰᠢ ᠰᠦᠷᠡᠯ᠂ ᠰᠢᠰᠢ ᠶᠢᠨ ᠡᠰᠢ ᠰᠦᠷᠡᠯ ᠢ ᠴᠥᠮ ᠪᠣᠷᠳᠤᠭ᠎ᠠ ᠪᠤᠯᠭᠠᠵᠤ ᠪᠣᠯᠣᠨ᠎ᠠ᠃ ᠭᠡᠪᠡᠴᠦ ᠡᠳᠡᠭᠡᠷ ᠡᠰᠢ ᠰᠦᠷᠡᠯ ᠢ ᠮᠠᠯ ᠤᠨᠤᠭ᠎ᠠ ᠳᠤ ᠰᠢᠭᠤᠳ ᠢᠳᠡᠭᠦᠯᠪᠡᠯ ᠵᠦᠪᠭᠡᠨ ᠪᠦᠳᠦᠭᠦᠯᠢᠭ ᠪᠣᠷᠳᠤᠭ᠎ᠠ  ᠶᠢᠨ ᠦᠢᠯᠡᠳᠦᠯ ᠦᠵᠡᠭᠦᠯᠵᠦ᠂ ᠨᠠᠷᠢᠯᠢᠭ ᠠᠷᠠᠴᠢᠯᠠᠨ ᠲᠡᠵᠢᠭᠡᠬᠦ ᠬᠡᠷᠡᠭᠴᠡᠭᠡ ᠶᠢ ᠬᠠᠩᠭᠠᠵᠤ ᠳᠡᠶᠢᠯᠭᠦ ᠦᠭᠡᠢ᠃ ᠬᠡᠷᠪᠡ ᠮᠢᠺᠷᠣᠪ ᠪᠣᠳᠠᠰ ᠢᠶᠠᠷ ᠡᠳᠡᠭᠡᠷ ᠡᠰᠢ ᠰᠦᠷᠡᠯ ᠢ ᠢᠰᠭᠡᠴᠢᠭᠡᠭᠡᠳ ᠦᠭᠭᠦᠪᠡᠯ ᠦᠬᠡᠷ ᠮᠠᠯ ᠤᠨ ᠲᠠᠷᠭᠤ ᠬᠦᠴᠦ ᠶᠢ ᠢᠯᠡᠳᠲᠡ ᠳᠡᠭᠡᠭᠰᠢᠯᠡᠭᠦᠯᠵᠦ ᠴᠢᠳᠠᠨ᠎ᠠ ᠁︾ ᠭᠡᠵᠦ ᠵᠢᠶᠠ ᠢᠦᠢ ᠱᠠᠨ ᠫᠷᠤᠹᠧᠰᠰᠤᠷ ᠶᠠᠷᠢᠨ᠎ᠠ᠃      7 ᠰᠠᠷ᠎ᠠ ᠶᠢᠨ ᠡᠬᠢᠨ ᠳᠤ᠂ ᠥᠪᠥᠷ ᠮᠣᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠵᠢᠶᠠ ᠢᠦᠢ ᠱᠠᠨ ᠫᠷᠤᠹᠧᠰᠰᠤᠷ ᠪᠠᠭᠠᠷᠢᠨ ᠵᠡᠭᠦᠨ ᠬᠤᠰᠢᠭᠤᠨ ᠤ ᠴᠤᠤ ᠶᠤᠸᠠᠢ ᠲᠡᠵᠢᠭᠡᠯ ᠪᠣᠷᠳᠣᠭᠠᠨ ᠤ ᠬᠢᠵᠠᠭᠠᠷᠲᠤ ᠺᠤᠮᠫᠠᠨᠢ  ᠶᠢᠨ ᠦᠢᠯᠡᠳᠪᠦᠷᠢ ᠶᠢᠨ ᠲᠠᠰᠤᠭ ᠲᠤ ᠬᠦᠷᠴᠦ᠂ ᠡᠰᠢ ᠰᠦᠷᠡᠯ ᠢ ᠶᠡᠷᠦᠩᠬᠡᠶᠢᠯᠡᠨ ᠠᠰᠢᠭᠯᠠᠬᠤ ᠲᠤᠬᠠᠢ ᠡᠶᠢᠨ ᠬᠦ ᠮᠡᠷᠭᠡᠵᠢᠯ ᠤᠨ ᠵᠢᠯᠣᠭᠤᠳᠤᠯᠭ᠎ᠠ ᠬᠢᠵᠦ᠂ ᠡᠰᠢ ᠰᠦᠷᠡᠯ ᠢ ︽ᠡᠷᠳᠡᠨᠢ︾ ᠪᠣᠯᠭᠠᠨ᠂ ᠮᠠᠯᠴᠢᠨ ᠲᠠᠷᠢᠶᠠᠴᠢᠨ ᠤ ᠣᠷᠣᠯᠭ᠎ᠠ  ᠶᠢ ᠨᠡᠮᠡᠭᠳᠡᠭᠦᠯᠬᠦ ᠠᠷᠭ᠎ᠠ ᠵᠠᠮ ᠢ ᠵᠢᠭᠠᠵᠤ ᠥᠭᠴᠡᠢ᠃      ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠪᠣᠯ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢᠨ ︽ᠠᠯᠳᠠᠨ ᠲᠦᠯᠬᠢᠭᠦᠷ︾ ᠮᠥᠨ᠃ ᠣᠶᠢᠷ᠎ᠠ ᠶᠢᠨ ᠵᠢᠯ ᠳᠤ᠂ ᠤᠯᠠᠭᠠᠨᠬᠠᠳᠠ ᠬᠤᠳᠠ ᠶᠢᠨ ᠪᠠᠭᠠᠷᠢᠨ ᠵᠡᠭᠦᠨ ᠬᠤᠰᠢᠭᠤ ᠴᠢᠳᠠᠪᠤᠷᠢᠲᠠᠨ ᠢ ᠦᠨᠳᠦᠰᠦᠨ ᠱᠠᠲᠤᠨ ᠳᠤ ᠪᠠᠭᠤᠯᠭᠠᠬᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠢ ᠬᠥᠳᠡᠭᠡ ᠪᠠᠭᠤᠯᠭᠠᠬᠤ᠂ ︽ᠮᠠᠯ ᠠᠵᠤ ᠠᠬᠤᠢ ᠲᠠᠷᠢᠶᠠᠯᠠᠩ ᠮᠠᠯᠵᠢᠬᠤ ᠲᠠᠷᠢᠶᠠᠯᠠᠬᠤ ᠣᠷᠣᠨ ᠮᠠᠯᠴᠢᠨ ᠲᠠᠷᠢᠶᠠᠴᠢᠨ︾ ᠳᠤ ᠦᠢᠯᠡᠴᠢᠯᠡᠬᠦ ᠵᠣᠷᠢᠯᠲᠠ ᠶᠢ ᠪᠠᠷᠢᠮᠲᠠᠯᠠᠵᠤ᠂ ᠲᠥᠪ ᠤᠨ ᠵᠣᠬᠢᠶᠠᠨ ᠪᠠᠶᠢᠭᠤᠯᠬᠤ ᠬᠡᠯᠲᠡᠰ ᠠᠴᠠ ᠤᠯᠤᠰ ᠤᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠭᠤᠣᠯᠳᠠᠯᠭ᠎ᠠ ᠲᠠᠢ ᠬᠠᠪᠰᠤᠷᠤᠨ ᠲᠡᠳᠬᠦᠬᠦ ᠰᠢᠶᠠᠨ ᠳᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠣᠨᠴᠠ ᠲᠣᠮᠢᠯᠠᠭᠴᠢ ᠶᠢᠨ ᠪᠦᠯᠭᠦᠮ ᠢ ᠰᠣᠩᠭᠤᠨ ᠲᠣᠮᠢᠯᠠᠬᠤ ᠠᠵᠠ ᠲᠣᠭᠢᠶᠠᠯ ᠢ ᠡᠵᠡᠮᠳᠡᠨ᠂ ᠪᠠᠭᠠᠷᠢᠨ ᠵᠡᠭᠦᠨ ᠬᠤᠰᠢᠭᠤᠨ ᠤ ᠡᠪᠡᠰᠦ ᠪᠣᠷᠳᠤᠭ᠎ᠠ᠂ ᠮᠢᠬᠠᠨ ᠤ ᠦᠬᠡᠷ᠂ ᠱᠦᠭᠦᠷ ᠤᠨ ᠭᠦᠷᠦᠮᠡᠯ ᠵᠡᠷᠭᠡ 5 ᠭᠤᠣᠯᠳᠠᠯᠭ᠎ᠠ ᠲᠠᠢ ᠬᠠᠪᠰᠤᠷᠤᠨ ᠲᠡᠳᠬᠦᠬᠦ ᠬᠦᠷᠢᠶᠡᠨ ᠳᠤ ᠠᠩᠬᠠᠷᠤᠯ ᠢᠶᠠᠨ ᠲᠥᠪᠯᠡᠷᠡᠭᠦᠯᠵᠦ᠂ ᠮᠠᠯᠵᠢᠬᠤ ᠲᠠᠷᠢᠶᠠᠯᠠᠬᠤ ᠣᠷᠣᠨ ᠳᠤ ᠭᠦᠨᠵᠡᠭᠡᠶᠢᠷᠡᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠦᠢᠯᠡᠴᠢᠯᠡᠭᠡ ᠥᠷᠨᠢᠭᠦᠯᠦᠭᠡᠳ ᠣᠷᠣᠨ ᠨᠤᠲᠤᠭ ᠤᠨ ᠮᠠᠯ ᠠᠵᠤ ᠠᠬᠤᠢ ᠲᠠᠷᠢᠶᠠᠯᠠᠩ ᠤᠨ ᠴᠢᠨᠠᠷ ᠰᠠᠶᠢᠲᠠᠢ ᠬᠥᠭᠵᠢᠯᠲᠡ ᠶᠢ ᠡᠷᠴᠢᠮᠲᠡᠢ ᠠᠬᠢᠭᠤᠯᠤᠭᠰᠠᠨ ᠪᠠᠶᠢᠨ᠎ᠠ᠃      ᠬᠤᠸᠠ ᠵᠢᠯᠠᠭ᠎ᠠ ᠰᠢᠶᠠᠩ ᠤᠨ ᠳᠡᠭᠡᠷ᠎ᠡ ᠰᠠᠨ ᠴᠢ ᠳ᠋ᠢ ᠲᠣᠰᠬᠤᠨ ᠳᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠣᠨᠴᠠ ᠲᠣᠮᠢᠯᠠᠭᠴᠢ ᠶᠢᠨ ᠪᠦᠯᠭᠦᠮ ᠤᠨ ᠪᠦᠷᠢᠯᠳᠦᠭᠦᠨ᠂ ᠵᠦᠩ ᠬᠤᠸᠠ ᠪᠦᠯᠦᠭᠯᠡᠯ ᠤᠨ ᠲᠤᠰᠬᠠᠢ ᠮᠡᠷᠭᠡᠵᠢᠯᠲᠡᠨ ᠸᠠᠩ ᡁᠢ ᠴᠢᠶᠠᠩ ᠲᠠᠷᠢᠶᠠᠨ ᠭᠠᠵᠠᠷ ᠲᠤ ᠬᠦᠷᠴᠦ᠂ ᠲᠠᠷᠢᠶᠠᠯᠠᠬᠤ ᠡᠷᠦᠭᠡ ᠳᠤ ᠡᠷᠳᠡᠨᠢ ᠰᠢᠰᠢ ᠶᠢ ᠨᠢᠭᠲᠠ ᠲᠠᠷᠢᠵᠤ ᠥᠨᠳᠥᠷ ᠤᠨᠠᠯᠲᠠ ᠶᠢ ᠡᠭᠦᠳᠬᠦ ᠮᠡᠷᠭᠡᠵᠢᠯ ᠤᠨ ᠵᠢᠯᠣᠭᠤᠳᠤᠯᠭ᠎ᠠ ᠬᠢᠵᠦ᠂ ᠡᠪᠡᠳᠴᠢᠨ ᠢ ᠬᠡᠷᠬᠢᠨ ᠰᠡᠷᠭᠡᠶᠢᠯᠡᠬᠦ᠂ ᠡᠪᠡᠰᠦ ᠶᠢ ᠬᠡᠷᠬᠢᠨ ᠠᠷᠢᠯᠭᠠᠬᠤ᠂ ᠤᠰᠤ ᠪᠣᠷᠳᠣᠭᠤᠷ ᠤᠨ ᠬᠡᠮᠵᠢᠶ᠎ᠡ ᠶᠢ ᠬᠡᠷᠬᠢᠨ ᠵᠣᠬᠢᠴᠠᠭᠤᠯᠬᠤ ᠵᠡᠷᠭᠡ  ᠶᠢ ᠲᠠᠷᠢᠶᠠᠴᠢᠳ ᠲᠤ ᠣᠶᠢᠯᠠᠭᠠᠭᠤᠯᠤᠨ᠂ ᠲᠠᠷᠢᠶᠠᠴᠢᠳ ᠤᠨ ᠦᠢᠯᠡᠳᠪᠦᠷᠢᠯᠡᠯ ᠤᠨ ᠶᠠᠪᠤᠴᠠ ᠳᠤ ᠲᠤᠯᠭᠠᠷᠠᠭᠰᠠᠨ ᠠᠰᠠᠭᠤᠳᠠᠯ ᠢ ᠰᠢᠢᠳᠪᠦᠷᠢᠯᠡᠵᠦ᠂ ᠡᠷᠳᠡᠨᠢ ᠰᠢᠰᠢ ᠶᠢᠨ ᠤᠨᠠᠯᠲᠠ ᠶᠢ ᠨᠡᠮᠡᠭᠳᠡᠭᠦᠯᠬᠦ ᠶᠢ ᠪᠠᠲᠤᠯᠠᠨ᠎ᠠ᠃      ᠳᠡᠭᠡᠷ᠎ᠡ ᠰᠠᠨ ᠴᠢ ᠳ᠋ᠢ ᠲᠤᠰᠬᠤᠨ ᠤ ᠲᠠᠷᠢᠶᠠᠴᠢᠨ ᠭᠦᠸᠧ ᠢᠦᠢ ᠵᠢᠶᠣᠣ ᠶᠢᠨ ᠬᠡᠯᠡᠬᠦ ᠪᠠᠷ᠂ ᠥᠩᠭᠡᠷᠡᠭᠰᠡᠨ  ᠳᠤ ᠡᠷᠳᠡᠨᠢ ᠰᠢᠰᠢ ᠲᠠᠷᠢᠬᠤ ᠳᠠᠭᠠᠨ 1 ᠮᠦ ᠲᠠᠷᠢᠶᠠᠨ ᠭᠠᠵᠠᠷ ᠲᠤ 4500 ᠰᠢᠬᠠᠮ ᠮᠥᠬᠦᠯᠢᠭ ᠦᠷ᠎ᠡ ᠰᠠᠴᠤᠵᠤ᠂ ᠮᠦ ᠪᠦᠷᠢ ᠶᠢᠨ ᠤᠨᠠᠯᠲᠠ ᠨᠢ 1600 ᠵᠢᠩ ᠢ ᠳᠠᠪᠠᠭ᠋ᠤ ᠦᠭᠡᠢ ᠪᠠᠶᠢᠪᠠ᠃ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ  ᠤᠨ ᠣᠨᠴᠠ ᠲᠣᠮᠢᠯᠠᠭᠴᠢ ᠸᠠᠩ ᡁᠢ ᠴᠢᠶᠠᠩ ᠤᠨ ᠵᠢᠯᠣᠭᠤᠳᠤᠯᠭ᠎ᠠ ᠪᠠᠷ ᠡᠨᠡ ᠵᠢᠯ ᠮᠦ ᠪᠦᠷᠢ ᠳᠤ 6000 ᠮᠥᠬᠦᠯᠢᠭ ᠦᠷ᠎ᠡ ᠰᠠᠴᠤᠵᠤ᠂ ᠥᠩᠭᠡᠷᠡᠭᠰᠡᠨ ᠵᠢᠯ ᠤᠨ ᠬᠢ ᠠᠴᠠ 1500 ᠮᠥᠬᠦᠯᠢᠭ ᠢᠯᠡᠭᠦᠦ ᠰᠠᠴᠤᠭᠰᠠᠨ ᠢᠶᠠᠷ ᠡᠷᠳᠡᠨᠢ ᠰᠢᠰᠢ ᠶᠢᠨ ᠲᠠᠷᠢᠶᠠᠨ ᠤ ᠮᠦ ᠪᠦᠷᠢ ᠳᠠᠬᠢ ᠡᠷᠳᠡᠨᠢ ᠰᠢᠰᠢ ᠶᠢᠨ ᠴᠢᠬᠢ ᠨᠢ 5700 ᠰᠠᠭᠤᠷᠢ ᠠᠴᠠ ᠢᠯᠡᠭᠦᠦ ᠪᠠᠶᠢᠬᠤ ᠶᠢ ᠪᠠᠲᠤᠯᠠᠵᠠᠢ᠃ ︽ᠡᠨᠡ ᠵᠢᠯ ᠤᠨ ᠡᠷᠳᠡᠨᠢ ᠰᠢᠰᠢ ᠶᠢᠨ ᠤᠷᠭᠤᠴᠠ ᠮᠠᠰᠢ ᠰᠠᠶᠢᠨ᠂ ᠮᠦ ᠪᠦᠷᠢ  ᠠᠴᠠ ᠪᠠᠷᠤᠭ 400 ᠵᠢᠩ ᠢᠯᠡᠭᠦᠦ ᠬᠤᠷᠢᠶᠠᠵᠤ᠂ 400 ᠲᠥᠭᠦᠷᠢᠭ ᠤᠨ ᠣᠷᠣᠯᠭ᠎ᠠ ᠨᠡᠮᠡᠭᠳᠡᠨ᠎ᠡ᠃ ᠡᠨᠡ ᠪᠣᠯ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠣᠨᠴᠠ ᠲᠣᠮᠢᠯᠠᠭᠴᠢ ᠶᠢᠨ ᠪᠦᠯᠭᠦᠮ ᠤᠨ ᠮᠠᠨ ᠤ ᠲᠠᠷᠢᠶᠠᠴᠢᠳ ᠲᠤ ᠣᠯᠭᠤᠭᠰᠠᠨ ︿ᠠᠵᠠ ᠶᠢᠨ ᠪᠡᠯᠡᠭ﹀ ᠶᠤᠮ︾ ᠭᠡᠵᠦ ᠭᠦᠸᠧ ᠢᠦᠢ ᠵᠢᠶᠣᠣ ᠮᠠᠰᠢ ᠪᠠᠶᠠᠷᠲᠠᠢ ᠶᠠᠷᠢᠵᠤ ᠪᠠᠶᠢᠯ᠎ᠠ᠃      ︽ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠣᠨᠴᠠ ᠲᠣᠮᠢᠯᠠᠭᠴᠢ ᠪᠣᠯᠤᠭᠰᠠᠨ ᠤ ᠬᠤᠪᠢ ᠳᠤ ᠪᠢᠳᠡᠨ ᠤ ᠡᠭᠦᠷᠭᠡ ᠬᠦᠨᠳᠦ ᠪᠤᠯᠪᠠᠴᠦ ᠮᠠᠰᠢ ᠪᠠᠶᠠᠷ ᠵᠢᠷᠭᠠᠯ ᠲᠠᠢ ᠪᠠᠶᠢᠨ᠎ᠠ᠃ ᠮᠠᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ  ᠤᠨ ᠣᠨᠴᠠ ᠲᠣᠮᠢᠯᠠᠭᠴᠢ ᠶᠢᠨ ᠪᠦᠯᠭᠦᠮ ᠤᠨ ᠬᠢᠨ ᠡᠨᠡ ᠵᠢᠯ ᠪᠠᠭᠠᠷᠢᠨ ᠵᠡᠭᠦᠨ ᠬᠤᠰᠢᠭᠤ ᠶᠢ ᠵᠢᠯᠣᠭᠤᠳᠤᠨ 1000 ᠮᠦ ᠠᠴᠠ ᠳᠡᠭᠡᠭᠰᠢᠬᠢ ᠵᠢᠱᠢᠶ᠎ᠡ ᠦᠵᠡᠭᠦᠯᠭᠦ ᠰᠠᠭᠤᠷᠢᠨ ᠢ 6 ᠪᠠᠶᠢᠭᠤᠯᠵᠤ᠂ ᠪᠦᠭᠦ ᠬᠤᠰᠢᠭᠤᠨ ᠤ 5 ᠲᠦᠮᠡᠨ ᠮᠦ ᠲᠠᠷᠢᠶᠠᠨ ᠭᠠᠵᠠᠷ ᠲᠤ ᠡᠷᠳᠡᠨᠢ ᠰᠢᠰᠢ ᠶᠢ ᠨᠢᠭᠲᠠ ᠲᠠᠷᠢᠬᠤ ᠰᠢᠨ᠎ᠡ ᠮᠡᠷᠭᠡᠵᠢᠯ ᠢ ᠳᠡᠯᠭᠡᠷᠡᠭᠦᠯᠦᠨ᠂ ᠮᠦ ᠳᠤᠮᠳᠠᠴᠢ ᠶᠢᠨ ᠤᠨᠠᠯᠲᠠ ᠶᠢ ᠨᠢ ᠪᠠᠷᠤᠭ 400 ᠵᠢᠩ ᠨᠡᠮᠡᠭᠳᠡᠭᠦᠯᠵᠦ᠂ ᠡᠷᠳᠡᠨᠢ ᠰᠢᠰᠢ ᠶᠢᠨ ᠶᠡᠷᠦᠩᠬᠡᠢ ᠤᠨᠠᠯᠲᠠ ᠶᠢ 2000 ᠲᠦᠮᠡᠨ ᠵᠢᠩ ᠨᠡᠮᠡᠭᠳᠡᠭᠦᠯᠵᠦ ᠳᠡᠶᠢᠯᠦᠨ᠎ᠠ᠃ ᠪᠢᠳᠡ ᠡᠨᠡ ᠬᠦ ᠰᠢᠨ᠎ᠡ ᠮᠡᠷᠭᠡᠵᠢᠯ ᠢ ᠳᠡᠯᠭᠡᠷᠡᠭᠦᠯᠬᠦ ᠡᠷᠴᠢᠮ  ᠢᠶᠠᠨ ᠦᠷᠭᠦᠯᠵᠢᠯᠡᠨ ᠴᠢᠩᠭᠠᠷᠠᠭᠤᠯᠵᠤ᠂ 2025 ᠣᠨ ᠪᠤᠯᠬᠤ ᠳᠤ 50 ᠲᠦᠮᠡᠨ ᠮᠦ ᠠᠴᠠ ᠳᠡᠭᠡᠭᠰᠢᠬᠢ ᠲᠠᠷᠢᠶᠠᠨ ᠭᠠᠵᠠᠷ ᠲᠤ ᠡᠨᠡ ᠬᠦ ᠮᠡᠷᠭᠡᠵᠢᠯ ᠢ ᠳᠡᠯᠭᠡᠷᠡᠭᠦᠯᠵᠦ᠂ ᠡᠷᠳᠡᠨᠢ ᠰᠢᠰᠢ ᠶᠢᠨ ᠤᠨᠠᠯᠲᠠ ᠶᠢ 2 ᠳ᠋ᠦᠩᠰᠢᠭᠤᠷ ᠵᠢᠩ ᠨᠡᠮᠡᠭᠳᠡᠭᠦᠯᠬᠦ ᠪᠠᠷ ᠲᠥᠯᠥᠪᠯᠡᠵᠦ ᠪᠠᠶᠢᠨ᠎ᠠ︾ ᠭᠡᠵᠦ ᠸᠠᠩ ᡁᠢ ᠴᠢᠶᠠᠩ ᠬᠡᠯᠡᠨ᠎ᠡ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号