ᠦᠯᠦᠭᠡᠢ ᠣᠯᠠᠮᠵᠢᠯᠠᠬᠤ ᠶᠤᠰᠤᠠ
ᠨᠡᠶᠢᠲᠡᠯᠡᠭᠰᠡᠨ ᠴᠠᠭ᠄
2023/9/1
    ᠦᠯᠦᠭᠡᠢ ᠣᠯᠠᠮᠵᠢᠯᠠᠬᠤ ᠶᠤᠰᠤᠠ ᠭᠡᠵᠦ ᠠᠪᠤ ᠳᠡᠭᠡᠳᠦᠰ ᠤᠨ ᠦᠶ᠎ᠡ ᠳᠡᠭᠡᠨ ᠬᠡᠷᠡᠭᠯᠡᠵᠦ ᠪᠠᠶᠢᠭᠰᠠᠨ ᠦᠯᠦᠭᠡᠢ ᠪᠠᠨ ᠬᠡᠥᠬᠡᠳ ᠤᠨ ᠦᠶ᠎ᠡ ᠳᠡᠭᠡᠨ ᠣᠯᠠᠮᠵᠢᠯᠠᠨ ᠬᠡᠷᠡᠭᠯᠡᠬᠦ ᠶᠢ ᠬᠡᠯᠡᠵᠦ ᠪᠠᠶᠢᠨ᠎ᠠ᠃ ᠰᠢᠨ᠎ᠡ ᠪᠠᠷ ᠪᠦᠲᠦᠭᠡᠭᠰᠡᠨ ᠦᠯᠦᠭᠡᠢ ᠪᠠᠨ ᠮᠣᠩᠭᠤᠯᠴᠣᠳ ᠡᠪᠳᠡᠯᠡᠵᠦ ᠬᠠᠭᠠᠯᠬᠤ ᠦᠭᠡᠢ ᠬᠠᠳᠠᠭᠠᠯᠠᠵᠣ ᠲᠠᠯᠪᠢᠳᠠᠭ ᠪᠣᠯᠬᠤᠷ ᠵᠠᠷᠢᠮ ᠨᠢᠭᠡ ᠦᠯᠦᠭᠡᠢ ᠶᠢ ᠭᠤᠷᠪᠠ ᠳᠦᠷᠪᠡᠨ ᠦᠶ᠎ᠡ ᠵᠠᠷᠣᠭᠰᠠᠨ ᠲᠡᠦᠬᠡ ᠲᠠᠢ ᠴᠦ ᠪᠠᠶᠢᠳᠠᠭ᠃ ᠬᠡᠷᠪᠡ ᠣᠯᠠᠮᠵᠢᠯᠠᠬᠤ ᠦᠯᠦᠭᠡᠢ ᠦᠭᠡᠢ ᠪᠣᠶᠣ ᠰᠢᠨ᠎ᠡ ᠦᠯᠦᠭᠡᠢ ᠬᠢᠵᠦ ᠵᠠᠪᠳᠣᠬᠤ ᠦᠭᠡᠢ ᠪᠣᠯ ᠳᠠᠷᠣᠢ ᠬᠠᠭᠤᠴᠢᠨ ᠦᠯᠦᠭᠡᠢ ᠶᠢ ᠵᠢᠭᠡᠯᠡᠨ᠎ᠡ᠃      ᠨᠢᠭᠡ ᠳᠤ᠂ ᠦᠯᠦᠭᠡᠢ ᠵᠢᠭᠡᠯᠡᠬᠦ ᠳᠡᠭᠡᠨ ᠪᠠᠰᠠ ᠰᠣᠩᠭᠤᠵᠣ ᠵᠢᠭᠡᠯᠡᠨ᠎ᠡ᠃ ᠦᠯᠦᠭᠡᠢ ᠵᠢᠭᠡᠯᠡᠬᠦ ᠠᠴᠠ ᠡᠮᠦᠨ᠎ᠡ ᠠᠪᠤ ᠡᠵᠢ ᠨᠢ ᠬᠡᠨ ᠤ ᠦᠯᠦᠭᠡᠢ ᠨᠢ ᠶᠠᠮᠠᠷ ᠶᠠᠮᠠᠷ ᠬᠡᠦᠬᠡᠳ ᠢ ᠠᠮᠣᠷ ᠮᠡᠨᠳᠦ ᠦᠰᠬᠡᠭᠰᠡᠨ ᠭᠡᠵᠦ ᠬᠤᠷᠣᠭᠤ ᠳᠠᠷᠣᠵᠣ ᠬᠢᠮᠣᠰᠣ ᠨᠢᠰᠠᠯᠵᠣ ᠪᠠᠶᠢᠭᠠᠳ ᠰᠠᠶ᠋ᠢ ᠵᠢᠭᠡᠯᠡᠬᠦ ᠦᠯᠦᠭᠡᠢ ᠪᠠᠨ ᠲᠣᠭᠲᠠᠭᠠᠳᠠᠭ ᠶᠣᠮ᠃ ᠦᠯᠦᠭᠡᠢ ᠵᠢᠭᠡᠯᠡᠬᠦ ᠳᠡᠭᠡᠨ ᠬᠦᠦ ᠬᠦᠰᠡᠵᠦ ᠪᠠᠶᠢᠬᠤ ᠨᠢ ᠬᠦᠦ ᠠᠷᠪᠢᠨ ᠦᠰᠭᠡᠭᠰᠡᠨ ᠦᠯᠦᠭᠡᠢ ᠶᠢ ᠵᠢᠭᠡᠯᠡᠵᠦ᠂ ᠦᠬᠢᠨ ᠬᠦᠰᠡᠵᠦ ᠪᠠᠶᠢᠬᠤ ᠨᠢ ᠦᠬᠢᠨ ᠠᠷᠪᠢᠨ ᠬᠦᠮᠦᠨ ᠤ ᠦᠯᠦᠭᠡᠢ ᠶᠢ ᠵᠢᠭᠡᠯᠡᠳᠡᠭ᠃ ᠦᠯᠦᠭᠡᠢ ᠪᠠᠰᠠ ᠠᠳᠠᠯᠢ ᠦᠭᠡᠢ᠃ ᠵᠠᠷᠢᠮ ᠦᠯᠦᠭᠡᠢ ᠳᠤ ᠬᠡᠪᠲᠡᠭᠰᠡᠨ ᠬᠡᠦᠬᠡᠳ ᠨᠢ ᠬᠡᠳᠦ᠋ᠢᠢᠪᠡᠷ ᠡᠪᠡᠳᠴᠢᠨ ᠦᠭᠡᠢ ᠪᠣᠯᠪᠠᠴᠣ ᠴᠠᠶᠢᠯᠵᠠᠵᠣ ᠪᠦᠭᠡᠯᠵᠢᠭᠡᠳ ᠯᠡ ᠪᠠᠶᠢᠳᠠᠭ᠃ ᠵᠠᠷᠢᠮ ᠦᠯᠦᠭᠡᠢ ᠳᠤᠨᠢ ᠬᠡᠦᠬᠡᠳ ᠬᠡᠪᠲᠡᠭᠰᠡᠭᠡᠷ ᠯᠡ ᠡᠪᠡᠳᠴᠢᠨ ᠠᠷᠬᠠᠭ ᠲᠣᠬᠲᠠᠳᠠᠭ᠃ ᠡᠶᠢᠮᠦ ᠦᠯᠦᠭᠡᠢ ᠶᠢ ᠪᠣᠯ ᠰᠡᠵᠢᠭᠯᠡᠭᠡᠳ ᠵᠢᠭᠡᠯᠡᠳᠡᠭ ᠦᠭᠡᠢ ᠪᠠᠶᠢᠳᠠᠭ᠃ ᠬᠡᠷᠪᠡ ᠠᠷᠪᠢᠨ ᠬᠡᠦᠬᠡᠳ ᠢ ᠠᠮᠣᠷ ᠲᠦᠪᠰᠢᠨ ᠦᠰᠬᠡᠭᠰᠡᠨ ᠦᠯᠦᠭᠡᠢ ᠶᠢ ᠪᠣᠯ ᠬᠦᠮᠦᠰ ᠪᠣᠯᠢᠶᠠᠯᠳᠣᠵᠣ ᠪᠠᠶᠢᠭᠠᠳ ᠵᠢᠭᠡᠯᠡᠵᠦ ᠪᠠᠶᠢᠳᠠᠭ᠃ ᠡᠨᠡ ᠪᠣᠯ ᠬᠡᠦᠬᠡᠳ ᠢᠶᠠᠨ ᠠᠮᠣᠷ ᠲᠦᠪᠰᠢᠨ ᠦᠰᠬᠡᠬᠦ ᠶᠢ ᠪᠣᠳᠣᠵᠣ ᠪᠠᠶᠢᠨ᠎ᠠ᠃      ᠬᠤᠶᠠᠷ ᠲᠤ᠂ ᠰᠢᠷ᠎ᠠ ᠶᠢᠨ ᠱᠠᠰᠢᠨ ᠤ ᠨᠦᠯᠦᠭᠡ ᠪᠠᠷ ᠬᠡᠦᠬᠡᠳ ᠬᠠᠵᠠᠭᠰᠠᠨ ᠦᠯᠦᠭᠡᠢ ᠪᠣᠯ ᠪᠠᠰᠠ ᠬᠡᠦᠬᠡᠳ ᠬᠠᠵᠠᠬᠤ ᠵᠠᠩ ᠲᠠᠢ ᠭᠡᠳᠡᠭ ᠵᠣᠷᠰᠢᠯ ᠠᠴᠠ ᠪᠣᠯᠵᠣ ᠪᠠᠶᠢᠨ᠎ᠠ᠃ ᠦᠯᠦᠭᠡᠶᠢᠳᠡᠬᠦ ᠬᠡᠦᠬᠡᠳ ᠲᠤ ᠰᠠᠶᠢᠨ ᠲᠠᠢ ᠲᠠᠯ᠎ᠠ ᠪᠠᠶᠢᠬᠤ ᠳᠤ ᠡᠮᠵᠡᠭ ᠲᠠᠢ ᠲᠠᠯ᠎ᠠ ᠪᠠᠰᠠ ᠪᠠᠶᠢᠵᠣ ᠪᠠᠶᠢᠨ᠎ᠠ᠃ ᠵᠢᠱᠢᠶᠡᠯᠡᠪᠡᠯ᠄ ᠬᠡᠲᠦᠷᠬᠡᠢ ᠪᠠᠷᠢᠵᠣ ᠣᠶᠠᠭᠰᠠᠨ ᠠᠴᠠ ᠪᠣᠯᠵᠣ ᠪᠣᠭᠤᠭᠳᠠᠭᠠᠳ ᠪᠡᠶ᠎ᠡ ᠨᠢ ᠦᠰᠬᠦ ᠦᠭᠡᠢ ᠪᠣᠯᠬᠤ ᠪᠣᠶᠣ ᠬᠦᠴᠦᠲᠡᠢ ᠠᠷᠭᠠᠳᠠᠭᠰᠠᠨ ᠠᠴᠠ ᠪᠣᠯᠵᠣ ᠬᠡᠦᠬᠡᠳ ᠨᠢ ᠲᠣᠯᠣᠭᠠᠢ ᠡᠪᠡᠳᠬᠦ ᠡᠪᠡᠳᠴᠢᠨ ᠲᠠᠢ ᠪᠣᠯᠣᠭᠰᠠᠨ ᠵᠡᠷᠭᠡ ᠦᠵᠡᠭᠳᠡᠯ ᠣᠷᠣᠰᠢᠵᠣ ᠪᠠᠶᠢᠳᠠᠭ᠃ ᠭᠡᠪᠡᠴᠦ ᠮᠣᠩᠭᠤᠯ ᠦᠯᠦᠭᠡᠢ ᠶᠢᠨ ᠵᠠᠩ ᠦᠢᠯᠡ ᠠᠴᠠ ᠪᠢᠳᠡ ᠮᠣᠩᠭᠤᠯ ᠦᠯᠦᠭᠡᠢ ᠨᠢ ᠮᠣᠩᠭᠤᠯᠴᠣᠳ ᠲᠤ ᠵᠣᠬᠢᠬᠤ ᠬᠡᠮᠵᠢᠶᠡᠨ ᠤ ᠦᠢᠯᠡᠳᠦᠯ ᠢᠶᠠᠨ ᠦᠵᠡᠭᠦᠯᠵᠦ ᠪᠠᠶᠢᠭᠰᠠᠨ ᠢ ᠮᠡᠳᠡᠵᠦ ᠪᠣᠯᠬᠤ ᠪᠦᠭᠡᠳ ᠦᠯᠦᠭᠡᠢ ᠶᠢᠨ ᠪᠠᠶᠢᠷᠢ ᠰᠠᠭᠤᠷᠢ ᠶᠠᠮᠠᠷ ᠵᠡᠷᠭᠡ ᠪᠠᠶᠢᠭᠰᠠᠨ ᠢ ᠣᠶᠢᠯᠠᠭᠠᠵᠣ ᠪᠣᠯᠣᠨ᠎ᠠ᠃ ᠬᠡᠷᠪᠡ ᠡᠨᠡ ᠮᠣᠩᠭᠤᠯ ᠦᠯᠦᠭᠡᠢ ᠶᠢ ᠦᠭᠡᠷᠡᠴᠢᠯᠡᠭᠡᠳ ᠴᠠᠬᠢᠯᠭᠠᠨ ᠬᠦᠳᠡᠯᠪᠣᠷᠢ ᠲᠠᠢ ᠪᠣᠯᠭᠠᠨ᠂ ᠴᠠᠭ ᠤᠨ ᠴᠣᠬᠢᠯᠭ᠎ᠠ ᠮᠡᠲᠦ ᠨᠠᠰᠢ ᠴᠠᠰᠢ ᠠᠶᠢᠵᠠᠮ ᠴᠣᠬᠢᠯᠭ᠎ᠠ ᠲᠠᠢ᠂ ᠪᠠᠰᠠ ᠳᠡᠭᠡᠷ᠎ᠡ ᠨᠢ ᠪᠦᠪᠡᠢ ᠶᠢᠨ ᠳᠠᠭᠤᠣ ᠲᠠᠢ ᠪᠣᠯᠭᠠᠪᠠᠯ ᠨᠡᠩ ᠰᠢᠨᠵᠢᠯᠡᠬᠦ ᠣᠬᠠᠭᠠᠨᠴᠢ᠂ ᠨᠡᠩ ᠣᠳᠣᠬᠢᠴᠢᠯᠠᠭᠰᠠᠨ ᠪᠠᠶᠢᠵᠣ ᠪᠣᠯᠣᠨ᠎ᠠ᠃ ᠭᠡᠲᠡᠯ᠎ᠡ ᠦᠯᠦᠭᠡᠢ ᠶᠢᠨ ᠠᠴᠢ ᠲᠣᠰᠠ᠂ ᠬᠡᠷᠡᠭᠴᠡᠭᠡ ᠶᠢ ᠡᠳᠦᠭᠡ ᠪᠣᠯᠲᠠᠯ᠎ᠠ ᠰᠣᠳᠣᠯᠬᠤ ᠬᠦᠮᠦᠨ ᠦᠭᠡᠢ ᠪᠠᠶᠢᠬᠤ ᠨᠢ ᠦᠨᠳᠦᠰᠦᠲᠡᠨ ᠤ ᠪᠠᠨ ᠵᠠᠩ ᠦᠢᠯᠡ ᠶᠢ ᠰᠣᠳᠣᠯᠵᠣ ᠪᠠᠶᠢᠭ᠎ᠠ ᠬᠦᠮᠦᠰ ᠪᠠᠭ᠎ᠠ ᠪᠠᠶᠢᠬᠤ ᠶᠢ ᠭᠡᠷᠡᠴᠢᠯᠡᠵᠦ ᠪᠠᠶᠢᠨ᠎ᠠ᠃ ᠡᠶᠢᠮᠦ ᠠᠴᠠ ᠮᠣᠩᠭᠤᠯᠴᠣᠳ ᠦᠨᠳᠦᠰᠦᠲᠡᠨ ᠤ ᠪᠠᠨ ᠵᠠᠩ ᠦᠢᠯᠡ ᠶᠢ ᠰᠣᠳᠣᠯᠣᠨ ᠰᠢᠨᠵᠢᠯᠡᠵᠦ ᠵᠠᠯᠭᠠᠮᠵᠢᠯᠠᠨ ᠬᠦᠭᠵᠢᠭᠦᠯᠬᠦ ᠶᠢᠨ ᠲᠦᠯᠦᠭᠡ ᠴᠢᠷᠮᠠᠶᠢᠬᠤ ᠬᠡᠷᠡᠭᠲᠡᠢ ᠭᠡᠰᠡᠨ ᠡᠭᠦᠷᠭᠡ ᠬᠦᠮᠦᠨ ᠪᠦᠬᠦᠨ ᠳᠤ ᠲᠣᠯᠭᠠᠷᠠᠵᠣ ᠪᠠᠶᠢᠨ᠎ᠠ᠃ ︵ᠨᠠᠮᠵᠢᠯᠳᠣᠷᠵᠢ᠂ ᠨ᠊ · ᠪᠦᠬᠡᠬᠠᠳᠠ︶
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号