ᠬᠠᠷᠰᠢᠯ ᠠᠴᠠ ᠶᠠᠭᠠᠬᠢᠵᠤ ᠰᠡᠷᠭᠡᠶᠢᠯᠡᠬᠦ ᠪᠣᠢ︖
ᠨᠡᠶᠢᠲᠡᠯᠡᠭᠰᠡᠨ ᠴᠠᠭ᠄
2023/9/15
     ᠨᠠᠮᠤᠷ ᠤᠨ ᠠᠭᠤᠷ ᠣᠷᠣᠭᠰᠠᠨ ᠤ ᠳᠠᠷᠠᠭ᠎ᠠ᠂ ᠴᠥᠭᠡᠨ ᠪᠤᠰᠤ ᠬᠥᠮᠥᠰ ᠤᠨ ᠬᠠᠮᠠᠷ ᠪᠥᠭᠯᠡᠷᠡᠬᠦ᠂ ᠨᠠᠶᠢᠲᠠᠭᠠᠬᠤ ᠵᠡᠷᠭᠡ ᠬᠠᠷᠰᠢᠬᠤ ᠢᠯᠡᠷᠡᠯ ᠭᠠᠷᠳᠠᠭ᠃ ᠡᠭᠦᠨ ᠤ ᠲᠤᠬᠠᠢ ᠲᠤᠰᠬᠠᠢ ᠮᠡᠷᠭᠡᠵᠢᠯᠲᠡᠨ ᠤ ᠰᠠᠨᠠᠭᠤᠯᠬᠤ ᠳᠠᠭᠠᠨ᠂ ᠣᠳᠣ ᠮᠠᠨ ᠤ ᠤᠯᠤᠰ ᠤᠨ ᠣᠯᠠᠨ ᠭᠠᠵᠠᠷ ᠤᠨ ᠬᠢᠨ ᠨᠢᠭᠡᠨᠲᠡ ᠨᠠᠮᠤᠷ ᠤᠨ ᠤᠯᠠᠷᠢᠯ ᠤᠨ ︽ᠬᠠᠷᠰᠢᠯ ᠶᠡᠬᠡᠲᠡᠢ ᠬᠤᠭᠤᠴᠠᠭ᠎ᠠ ︾ ᠳᠤ ᠣᠷᠣᠭᠰᠠᠨ ᠶᠤᠮ ᠬᠡᠵᠠᠢ᠃      ᠲᠤᠰᠬᠠᠢ ᠰᠠᠯᠠᠭᠠᠨ ᠤ ᠡᠮᠴᠢ ᠸᠠᠩ ᠰᠢᠤᠸᠠᠢ ᠶᠠᠨ ᠬᠡᠯᠡᠬᠦ ᠳᠡᠭᠡᠨ᠂ ᠡᠩ ᠲᠡᠷᠢᠭᠦᠨ ᠳᠤ ᠪᠡᠶ᠎ᠡ ᠶᠢᠨ ᠬᠠᠮᠠᠭᠠᠯᠠᠯᠲᠠ ᠪᠠᠨ ᠰᠠᠶᠢᠲᠤᠷ ᠬᠢᠬᠦ ᠬᠡᠷᠡᠭᠲᠡᠢ᠂ ᠠᠮᠠᠪᠴᠢ ᠵᠡᠭᠦᠬᠦ᠂ ᠬᠠᠮᠠᠭᠠᠯᠠᠯᠲᠠ ᠶᠢᠨ ᠨᠢᠳᠦᠨ ᠰᠢᠯ ᠵᠡᠭᠦᠬᠦ ᠪᠣᠯ ᠮᠠᠰᠢ ᠴᠢᠬᠤᠯᠠ ᠶᠤᠮ᠂ ᠢᠯᠠᠩᠭᠤᠶ᠎ᠠ ᠴᠡᠴᠡᠭ ᠤᠨ ᠲᠣᠭᠤᠰᠣᠨ ᠤ ᠣᠷᠭᠢᠯ ᠦᠶ᠎ᠡ ᠳᠤ ᠭᠠᠳᠠᠭᠰᠢ ᠪᠠᠨ ᠴᠦᠬᠡᠨ ᠭᠠᠷᠴᠦ᠂ ᠭᠡᠷ ᠲᠡᠭᠡᠨ ᠪᠠᠶᠢᠬᠤ ᠳᠠᠭᠠᠨ ᠵᠠᠪᠠᠯ ᠡᠭᠦᠳᠡ ᠴᠣᠩᠬᠤ ᠪᠠᠨ ᠰᠠᠶᠢᠲᠤᠷ ᠬᠠᠭᠠᠵᠤ᠂ ᠡᠪᠡᠳᠴᠢᠨ ᠬᠥᠳᠡᠯᠬᠦ ᠦᠶ᠎ᠡ ᠳᠤ ᠵᠠᠪᠠᠯ ᠡᠮᠨᠡᠯᠭᠡ ᠳᠤ ᠣᠴᠢᠵᠤ ᠡᠮᠨᠡᠭᠦᠯᠬᠦ ᠬᠡᠷᠡᠭᠲᠡᠢ ᠬᠡᠵᠠᠢ᠃      ᠨᠠᠮᠤᠷ ᠤᠨ ᠤᠯᠠᠷᠢᠯ ᠨᠢ ᠮᠦᠨ ᠴᠦ ᠬᠡᠦᠬᠡᠳ ᠤᠨ ᠬᠠᠷᠰᠢᠮᠠᠲᠠᠭᠠᠢ ᠴᠢᠨᠠᠷᠲᠠᠢ ᠡᠪᠡᠳᠴᠢᠨ ᠣᠯᠠᠨ ᠡᠭᠦᠰᠳᠡᠭ ᠤᠯᠠᠷᠢᠯ ᠪᠣᠯᠣᠨ᠎ᠠ᠃ ᠬᠠᠷᠰᠢᠯ ᠤᠨ ᠡᠬᠢ ᠨᠢ ᠴᠡᠴᠡᠭ ᠤᠨ ᠲᠣᠭᠤᠰᠣ᠂ ᠳᠡᠵᠢᠬᠡᠪᠦᠷᠢ ᠠᠮᠢᠲᠠᠨ ᠤ ᠠᠷᠠᠰᠤᠨ ᠤ ᠬᠠᠭ᠂ ᠸᠢᠷᠦ᠋ᠰ᠂ ᠳᠣᠭᠤᠰᠦ ᠵᠡᠷᠭᠡ ᠪᠠᠶᠢᠵᠤ ᠮᠡᠳᠡᠬᠦ ᠶᠤᠮ᠃ ᠡᠭᠦᠨ ᠠᠴᠠ ᠭᠠᠳᠠᠨ᠎ᠠ᠂ ᠬᠠᠷᠰᠢᠳᠠᠭ ᠤᠳᠣᠮ ᠲᠠᠢ ᠬᠡᠦᠬᠡᠳ ᠴᠦ ᠡᠨᠡ ᠦᠶ᠎ᠡ ᠳᠤ ᠡᠪᠡᠳᠴᠢᠨ ᠨᠢ ᠳᠠᠬᠢᠵᠦ ᠮᠡᠳᠡᠳᠡᠭ ᠶᠤᠮ᠃      ᠬᠠᠷᠢᠨ ᠴᠥᠭᠡᠨ ᠪᠤᠰᠤ ᠳᠣᠮᠣᠴᠤᠳ ᠤᠨ ᠦᠵᠡᠬᠦ ᠪᠠᠷ᠂ ᠤᠯᠠᠷᠢᠯ ᠤᠨ ᠴᠢᠨᠠᠷᠲᠠᠢ ᠬᠠᠷᠰᠢᠮᠠᠲᠠᠭᠠᠢ ᠡᠪᠡᠳᠴᠢᠨ  ᠨᠢ ᠬᠡᠰᠡᠭ ᠬᠤᠭᠤᠴᠠᠭ᠎ᠠ ᠬᠥᠳᠡᠯᠦᠭᠡᠳ ᠵᠢᠭᠠᠬᠠᠨ ᠲᠡᠰᠪᠦᠷᠢᠯᠡᠪᠡᠯ ᠥᠩᠭᠡᠷᠡᠴᠢᠬᠡᠨ᠎ᠡ ᠬᠡᠴᠡᠬᠡᠵᠦ ᠪᠤᠢ᠂ ᠦᠨᠡᠨ ᠳᠡᠭᠡᠨ ᠡᠨᠡ ᠨᠢ ᠪᠤᠷᠤᠭᠤ ᠶᠤᠮ᠃ ᠪᠢᠳᠡᠨ ᠤ ᠦᠷᠭᠦᠯᠵᠢ ᠲᠣᠬᠢᠶᠠᠯᠳᠤᠳᠠᠭ ᠬᠠᠷᠰᠢᠮᠠᠲᠠᠭᠠᠢ ᠴᠢᠨᠠᠷᠲᠠᠢ ᠬᠠᠮᠠᠷ ᠤᠨ ᠦᠷᠪᠢᠰᠦᠯ ᠢᠶᠠᠷ ᠵᠢᠱᠢᠶᠡᠯᠡᠪᠡᠯ᠂ ᠰᠠᠮᠠᠯᠳᠠᠭ ᠤᠨ ᠦᠷᠪᠢᠰᠦᠯ᠂ ᠦᠨᠦᠷ ᠤᠨ ᠰᠡᠷᠡᠯ ᠮᠠᠭᠤᠳᠠᠬᠤ᠂ ᠳᠤᠮᠳᠠ ᠴᠢᠬᠢᠨ ᠤ ᠦᠷᠪᠢᠰᠦᠯ᠂ ᠴᠢᠨᠠᠭᠰᠢᠯᠠᠪᠠᠯ ᠬᠢᠷᠬᠢᠷ᠎ᠡ ᠪᠣᠯᠵᠤ ᠮᠡᠳᠡᠨ᠎ᠡ᠃      ᠣᠶᠢᠷ᠎ᠠ ᠳᠤ ᠮᠠᠨ ᠤ ᠤᠯᠤᠰ ᠤᠨ ᠣᠯᠠᠨ ᠭᠠᠵᠠᠷ ᠲᠤ ᠰᠢᠷᠦᠭᠦᠨ ᠪᠣᠷᠣᠭᠠᠨ ᠣᠷᠣᠵᠦ᠂ ᠴᠢᠬᠢᠭ ᠶᠡᠬᠡᠳᠡᠢ᠂ ᠠᠭᠠᠬᠢᠮ᠎ᠠ ᠠᠭᠤᠷ ᠠᠮᠢᠰᠬᠤᠯ ᠣᠯᠠᠨ ᠪᠣᠯᠬᠤᠷ ᠸᠢᠷᠦ᠋ᠰ ᠤᠨ ᠦᠷᠡᠵᠢᠬᠦ ᠳᠤ ᠳᠠᠭᠠᠳᠠᠢ ᠨᠥᠬᠦᠴᠡᠯ ᠣᠯᠭᠤᠭᠰᠠᠨ ᠪᠠᠶᠢᠨ᠎ᠠ᠃ ᠲᠤᠰᠬᠠᠢ ᠮᠡᠷᠭᠡᠵᠢᠯᠲᠡᠨ ᠤ ᠲᠠᠨᠢᠯᠴᠠᠭᠤᠯᠤᠭᠰᠠᠨ ᠢᠶᠠᠷ᠂ ᠸᠢᠷᠦ᠋ᠰ ᠨᠢ ᠰᠡᠷᠢᠭᠦᠨ ᠴᠢᠭᠢᠭᠯᠢᠭ ᠣᠷᠴᠢᠨ ᠳᠤ ᠦᠷᠡᠵᠢᠬᠦ ᠳᠤᠷᠠᠲᠠᠢ ᠪᠠᠶᠢᠵᠦ᠂ ᠣᠨᠴᠠᠭᠠᠶᠢᠯᠠᠨ ᠤᠬᠢᠶᠠᠯᠭ᠎ᠠ ᠶᠢᠨ ᠭᠡᠷ᠂ ᠭᠠᠵᠠᠷ ᠳᠣᠣᠷᠠᠬᠢ ᠭᠡᠷ᠂ ᠬᠥᠮᠥᠷᠭᠡ ᠵᠡᠷᠭᠡ ᠰᠠᠯᠬᠢ ᠵᠢᠪᠡᠷ ᠮᠠᠭᠤ ᠨᠡᠪᠲᠡᠷᠡᠬᠦ ᠣᠷᠴᠢᠨ ᠲᠣᠭᠤᠷᠢᠨ ᠳᠤ ᠦᠷᠡᠵᠢᠳᠡᠭ ᠶᠤᠮ ᠪᠠᠶᠢᠨ᠎ᠠ᠃ ᠵᠣᠨ ᠨᠠᠮᠤᠷ ᠤᠨ ᠤᠯᠠᠷᠢᠯ ᠪᠣᠯ ᠸᠢᠷᠦ᠋ᠰ ᠤᠨ ᠬᠠᠷᠰᠢᠯ ᠣᠯᠠᠨ ᠡᠭᠦᠰᠬᠦ ᠬᠤᠭᠤᠴᠠᠭ᠎ᠠ ᠶᠤᠮ᠂ ᠢᠯᠠᠩᠭᠤᠶ᠎ᠠ ᠪᠦᠷᠬᠦᠭ ᠪᠣᠷᠣᠭᠠᠨ ᠲᠠᠢ ᠡᠳᠦᠷ ᠤᠨ ᠳᠠᠷᠠᠭ᠎ᠠ᠂ ᠠᠭᠠᠷ ᠤᠨ ᠴᠢᠬᠢᠭ ᠶᠡᠭᠡ ᠪᠣᠯᠵᠤ᠂ ᠸᠢᠷᠦ᠋ᠰ ᠶᠡᠭᠡ ᠬᠡᠮᠵᠢᠶ᠎ᠡ ᠪᠠᠷ ᠦᠷᠡᠵᠢᠳᠡᠭ᠂ ᠡᠶᠢᠮᠦ ᠠᠴᠠ ᠡᠨᠡ ᠦᠶ᠎ᠡ ᠳᠤ ᠬᠠᠷᠰᠢᠮᠠᠲᠠᠭᠠᠢ ᠴᠢᠨᠠᠷᠲᠠᠢ ᠡᠪᠡᠳᠴᠢᠨ ᠢ ᠡᠭᠦᠰᠬᠡᠵᠦ ᠮᠡᠳᠡᠨ᠎ᠡ ᠭᠡᠵᠡᠢ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号