ᠮᠦᠰᠢᠶᠡᠵᠦ ᠤᠷᠭᠤᠬᠤ ᠨᠠᠷᠠ ᠨᠢ ᠮᠥᠩᠬᠡ ᠶᠢᠨ ᠬᠤᠲᠤᠭ ᠲᠠᠢ᠂ ᠮᠣᠷᠢ ᠲᠠᠢ ᠠᠭᠤᠳᠠᠮ ᠲᠠᠯ᠎ᠠ ᠨᠢ | ᠲᠣᠪᠴᠢᠶᠠᠨ ᠤ ᠨᠢᠭᠤᠴᠠ ᠲᠠᠢ ᠮᠢᠨᠤ ᠡᠬᠡ ᠣᠷᠣᠨ ᠤ ᠠᠷᠪᠠᠨ ᠰᠠᠷ᠎ᠠ ᠭᠡᠵᠦ ᠡᠯᠪᠡᠭ ᠬᠤᠷᠢᠶᠠᠯᠲᠠ ᠶᠢᠨ ᠤᠶᠠᠩᠭ᠎ᠠ | ᠳᠠᠭᠤᠤ ᠴᠠᠯᠭᠢᠯᠠᠭᠰᠠᠨ᠂ ᠥᠭᠡᠳᠡ ᠡᠰᠡᠷᠡᠭ᠂ ᠥᠯᠵᠡᠢ ᠵᠢᠷᠭᠠᠯ ᠲᠠᠢ᠂ ᠤᠳᠬ᠎ᠠ ᠭᠦᠨᠵᠡᠭᠡᠢ ᠤᠯᠠᠷᠢᠯ ᠶᠤᠮᠰᠠᠨ᠃ | ᠬᠠᠯᠢᠭᠤᠷᠠᠭᠰᠠᠨ ᠰᠢᠰᠢ ᠶᠢᠨ ᠲᠠᠷᠢᠶ᠎ᠠ ᠨᠢ ᠠᠯᠮᠤᠷᠠᠳ ᠰᠢᠭ᠋ ᠤᠯᠠᠶᠢᠲᠠᠯ᠎ᠠ ᠪᠣᠯᠪᠠᠰᠤᠷᠠᠭᠠᠳ ᠬᠠᠩᠬᠤᠯᠤᠭᠰᠠᠨ | ᠦᠨᠦᠷ ᠨᠢ ᠬᠤᠩᠭᠤᠷ ᠨᠠᠮᠤᠷ ᠤᠨ ᠡᠷᠬᠡ ᠰᠠᠯᠬᠢᠨ ᠳᠤ ᠲᠦᠷᠪᠡᠨ ᠵᠦᠭ ᠨᠠᠢᠮᠠᠨ ᠵᠣᠪᠬᠢᠰ ᠠᠩᠬᠢᠯᠬᠤ ᠳᠤ ᠬᠠᠨᠠᠶᠢᠵᠤ | ᠰᠡᠬᠦᠶᠢᠭᠰᠡᠨ ᠪᠤᠭᠤᠷᠤᠯ ᠠᠭᠤᠯᠠᠰ ᠨᠢ ᠥᠭᠡᠳᠡ ᠪᠠᠨ ᠥᠨᠳᠡᠯᠵᠡᠭᠡᠳ ᠬᠠᠩᠭᠠᠢ ᠳᠤ ᠲᠦᠭᠡᠭᠰᠡᠨ ᠬᠦᠷᠡᠩ ᠴᠢᠯᠠᠭᠤᠳ | ᠨᠢ ᠳᠣᠲᠣᠷ᠎ᠠ ᠠᠴᠠ ᠪᠠᠨ ᠭᠡᠷᠡᠯᠲᠦᠨ᠎ᠡ᠃ | ᠬᠠᠳᠤᠵᠤ ᠬᠤᠷᠢᠶᠠᠬᠤ ᠮᠠᠰᠢᠨ ᠤ ᠳᠠᠭᠤᠤ᠂ ᠬᠥᠮᠥᠨ ᠵᠤᠨ ᠤ ᠬᠥᠭᠰᠡᠵᠦ ᠲᠤᠬᠳᠤᠯᠤᠬᠰᠠᠨ ᠢᠨᠢᠶᠡᠳᠦ ᠭᠦᠭ | ᠨᠡᠶᠢᠯᠡᠵᠦ ᠬᠥᠳᠡᠭᠡ ᠨᠤᠲᠤᠭ ᠠᠴᠠ ᠬᠥᠬᠡ ᠣᠭᠲᠠᠷᠭᠤᠢ ᠳᠤ ᠬᠦᠩᠭᠢᠨᠡᠬᠦ ᠪᠠᠷ ᠬᠥᠲᠥᠯ ᠪᠦᠷᠬᠦᠭᠰᠡᠨ ᠬᠤᠨᠢᠨ | ᠰᠦᠷᠦᠭ ᠤᠨ ᠢᠶᠠᠨ ᠳᠡᠷᠭᠡᠳᠡ ᠬᠥᠭᠡᠷᠦᠬᠦᠨ ᠪᠦᠰᠡᠭᠦᠢ ᠰᠠᠨᠠᠭᠠᠨ ᠤ ᠪᠠᠨ ᠠᠶ᠎ᠠ ᠪᠠᠷ ᠳᠠᠭᠤᠤ ᠠᠶᠠᠯᠬᠤ ᠳᠤ ᠡᠷᠭᠢ ᠶᠢᠨ | ᠴᠤᠤᠷᠢᠶ᠎ᠠ ᠠᠮᠢᠯᠠᠨ ᠲᠡᠯᠡᠷᠡᠵᠦ ᠡᠶ᠎ᠡ ᠨᠠᠶᠢᠷᠰᠠᠭ ᠴᠠᠭ ᠡᠷᠢᠨ ᠤ ᠪᠡᠯᠭᠡ ᠲᠡᠮᠳᠡᠭ ᠰᠢᠭ ᠰᠡᠳᠬᠢᠯ ᠳᠤ ᠳᠠᠩᠳᠠ ᠠᠶᠠᠲᠠᠢ | ᠰᠠᠨᠠᠭᠳᠠᠨ᠎ᠠ᠃ | ᠠᠭᠤᠤ ᠶᠡᠭᠡ ᠡᠬᠡ ᠣᠷᠣᠨ ᠤ ᠮᠢᠨᠢ ᠠᠷᠪᠠᠨ ᠰᠠᠷ᠎ᠠ ᠢᠷᠠᠭᠤ ᠨᠠᠶᠢᠷᠠᠭ ᠰᠢᠭ᠋ ᠭᠤᠶᠤ ᠠ᠋᠃ | ᠴᠠᠭ ᠬᠤᠭᠤᠴᠠᠭ᠎ᠠ ᠶᠢ ᠰᠡᠷᠭᠡᠢ ᠲᠠᠨᠢᠳᠠᠭ ᠨᠡᠭᠦᠳᠡᠯ ᠤᠨ ᠰᠢᠪᠠᠭᠤᠳ ᠨᠠᠭᠤᠷ ᠤᠨ ᠤᠰᠤᠨ ᠳᠠᠭᠠᠨ | ᠨᠤᠷᠭᠢᠯᠳᠤᠨ ᠱᠤᠩᠪᠠᠨ᠎ᠠ᠃ ᠤᠳᠠᠯ ᠦᠭᠡᠢ ᠶᠡᠭᠡ ᠨᠡᠭᠦᠳᠡᠯ ᠡᠬᠢᠯᠡᠬᠦ ᠭᠡᠵᠦ ᠪᠠᠶᠢᠭ᠎ᠠ ᠳᠠᠭᠠᠨ ᠵᠢᠷᠦᠬᠡᠨ ᠤ ᠪᠠᠨ | ᠦᠭᠡ ᠶᠢ ᠨᠠᠭᠤᠷ ᠲᠠᠭᠠᠨ ᠰᠢᠪᠡᠨᠡᠭᠡ ᠴᠦ ᠶᠤᠮ ᠤᠤ︖ ᠨᠠᠭᠤᠷ ᠨᠢ ᠠᠷ ᠲᠠᠳᠠᠨ ᠮᠡᠯᠮᠡᠷᠡᠨ᠎ᠡ᠃ ᠤᠰᠤ ᠪᠠᠨ | ᠠᠷᠭᠠᠳᠠᠵᠤ ᠵᠢᠭᠠᠰᠤ ᠨᠢ ᠴᠣᠯᠭᠢᠨ᠎ᠠ᠃ ᠬᠥᠪᠡᠭᠡᠨ ᠳᠤᠨᠢ ᠤᠷᠭᠤᠭᠰᠠᠨ ᠬᠤᠯᠤᠰᠤ ᠵᠡᠭᠡᠰᠦ ᠱᠤᠤᠭᠢᠨ᠎ᠠ᠃ ᠮᠢᠨᠤ ᠡᠬᠡ | ᠣᠷᠣᠨ ᠤ ᠶᠠᠭᠤ ᠪᠦᠭᠦᠨ ᠰᠡᠳᠬᠢᠯ ᠵᠢᠷᠦᠬᠡᠨ ᠤ ᠬᠤᠯᠪᠤᠭ᠎ᠠ ᠲᠠᠢ ᠴᠦ ᠪᠢᠯᠢᠦ︖ | ᠲᠡᠷᠲᠡᠭᠡ ᠬᠥᠨᠳᠡᠢ ᠶᠢᠨ ᠶᠡᠭᠡ ᠤᠢ ᠶᠢ ᠪᠠᠷᠠᠯᠠᠬᠤ ᠳᠤ ᠠᠯᠳᠠᠨ ᠰᠢᠷᠭᠠᠯ ᠨᠠᠪᠴᠢᠰ ᠭᠠᠵᠠᠷ ᠤᠨ ᠭᠦᠨ | ᠤᠷᠤᠭᠤ ᠰᠢᠪᠠᠭᠤ ᠰᠢᠭ᠋ ᠨᠢᠰᠦᠨ᠎ᠡ᠃ ︽ᠨᠠᠪᠴᠢᠰ ᠦᠨᠳᠦᠰᠦ ᠪᠠᠨ ᠬᠠᠶᠢᠵᠤ ᠡᠪᠦᠯᠵᠢᠶ᠎ᠡ ᠶᠢᠨ ᠶᠢᠷᠲᠢᠨᠴᠦ ᠠᠴᠠ | ᠤᠷᠢᠨ ᠳᠤᠯᠠᠭᠠᠨ ᠴᠠᠭ ᠢ ᠤᠭᠲᠤᠬᠤ ᠭᠡᠵᠦ ᠵᠢᠳᠬᠦᠨ ᠲᠡᠮᠡᠦᠯᠵᠦ ᠪᠠᠶᠢᠭ᠎ᠠ ᠴᠦ ᠶᠤᠮ ᠤᠤ︾ ᠭᠡᠵᠦ ᠰᠠᠨᠠᠬᠤ | ᠬᠤᠷᠣᠮ ᠬᠠᠷᠢ ᠤᠯᠤᠰ ᠠᠴᠠ ᠬᠡᠳᠦᠨ ᠮᠢᠩᠭᠠᠨ ᠤ ᠭᠠᠵᠠᠷ ᠢ ᠲᠣᠪᠴᠢᠯᠠᠨ ᠡᠬᠡ ᠣᠷᠣᠨ ᠳᠠᠭᠠᠨ ᠪᠤᠴᠠᠨ ᠢᠷᠡᠭᠰᠡᠨ | ᠨᠢᠭᠡᠨ ᠮᠣᠷᠢᠨ ᠤ ᠦᠯᠢᠭᠡᠷ ᠤᠢ ᠤᠬᠠᠭᠠᠨ ᠳᠤ ᠭᠢᠯᠠᠰᠬᠢᠨ ᠪᠠᠭᠤᠬᠤ ᠪᠠᠷ ︽ᠡᠬᠡ ᠣᠷᠣᠨ ᠲᠠᠢ ᠬᠥᠮᠥᠨ ᠡᠷᠬᠡ | ᠵᠢᠷᠭᠠᠯ ᠲᠠᠢ᠂ ᠡᠵᠢ ᠲᠠᠢ ᠬᠥᠮᠥᠨ ᠥᠶᠥᠭ ᠳᠤᠯᠠᠭᠠᠨ︾ ᠭᠡᠵᠦ ᠪᠢ ᠥᠪᠡᠷ ᠤᠨ ᠡᠷᠬᠡ ᠦᠭᠡᠢ ᠳᠦᠳᠦᠨᠡᠵᠦ ᠭᠠᠷᠤᠯ᠎ᠠ᠃ | | ᠠᠭᠤᠯᠵᠠᠭᠰᠠᠨ ᠬᠥᠮᠥᠨ ᠲᠠᠢ ᠳᠤᠤᠭᠠᠷᠬᠤ ᠵᠠᠪ ᠦᠭᠡᠢ᠂ ᠤᠨᠠᠭᠰᠠᠨ ᠮᠠᠯᠠᠭᠠᠢ ᠪᠠᠨ ᠠᠪᠬᠤ ᠴᠢᠯᠦᠭᠡ ᠦᠭᠡᠢ | ᠨᠠᠮᠤᠷ ᠤᠨ ᠤᠯᠠᠷᠢᠯ ᠭᠡᠵᠦ ᠶᠠᠷᠢᠳᠠᠭ ᠪᠤᠯᠪᠠᠴᠦ ᠠᠶᠢᠯ ᠬᠤᠳᠠ ᠶᠢᠨ ᠬᠢ ᠡᠬᠡ ᠤᠯᠤᠰ ᠤᠨ ᠮᠢᠨᠢ ᠮᠡᠨᠳᠦᠯᠡᠭᠰᠡᠨ | ᠠᠷᠪᠠᠨ ᠰᠠᠷ᠎ᠠ ᠬᠡᠮᠡᠨ ᠬᠦᠨᠳᠦᠳᠬᠡᠨ ᠳᠡᠭᠡᠵᠢᠯᠡᠵᠦ ᠪᠠᠶᠠᠷᠯᠠᠨ ᠪᠡᠯᠭᠡᠯᠡᠨ᠎ᠡ᠃ ᠲᠥᠪ ᠦᠨᠡᠨ ᠢ ᠰᠢᠲᠦᠭᠰᠡᠨ ᠮᠢᠨᠤ ᠡᠬᠡ | ᠣᠷᠣᠨ ᠬᠢᠭᠡᠳ ᠡᠶ᠎ᠡ ᠵᠣᠬᠢᠴᠠᠩᠭᠤᠢ ᠠᠷᠠᠳ ᠲᠦᠮᠡᠨ ᠤ ᠬᠦᠰᠡᠯ ᠪᠤᠳᠤᠯ ᠢ ᠲᠡᠭᠷᠢ ᠠᠳᠠᠯ᠎ᠠ ᠣᠶᠢᠯᠠᠭᠠᠴᠢᠬᠠᠭᠠᠳ | ᠴᠠᠭᠠᠨ᠎ᠠ ᠠᠴᠠ ᠪᠠᠨ ᠬᠥᠬᠡᠷᠡᠵᠦ ᠲᠤᠶᠠᠭᠠᠷᠠᠬᠤ ᠴᠦ ᠶᠤᠮ ᠤᠤ | ᠭᠦᠨ ᠴᠡᠩᠬᠡᠷ ᠣᠭᠲᠠᠷᠭᠤᠢ ᠪᠠᠷ ᠮᠥᠩᠭᠦᠨ ᠴᠠᠭᠠᠨ ᠨᠢᠰᠬᠡᠯ ᠬᠦᠩᠭᠢᠨᠡᠵᠦ ᠭᠠᠷᠤᠨ᠎ᠠ᠃ ᠡᠪᠦᠭᠡ ᠮᠢᠨᠢ | ᠤᠳᠠᠲᠠᠯ᠎ᠠ ᠬᠠᠷᠠᠵᠤ ᠵᠣᠭᠰᠣᠭᠰᠠᠨ ᠢᠶᠠᠨ᠄ ︽ᠨᠢᠳᠤᠨᠤᠨ ᠪᠢ ᠨᠢᠰᠬᠡᠯ ᠳᠤ ᠰᠠᠭᠤᠵᠤ ᠪᠡᠭᠡᠵᠢᠩ ᠣᠷᠣᠭᠠᠳ ᠤᠯᠤᠰ ᠤᠨ | ᠪᠠᠶᠠᠷ ᠢ ᠤᠭᠲᠤᠭᠰᠠᠨ ᠶᠤᠮ᠃ ᠶᠠᠭᠠᠬᠢᠭᠰᠠᠨ ᠰᠠᠶᠢᠬᠠᠨ ᠪᠤᠢ︖ ᠲᠢᠶᠠᠨ ᠠᠨ ᠮᠧᠨ ᠠᠭᠤᠳᠠᠮ ᠲᠠᠯᠠᠪᠠᠢ ᠳᠤ | ᠬᠥᠮᠥᠨ ᠤ ᠲᠠᠯᠠᠢ ᠴᠡᠴᠡᠭ ᠤᠨ ᠶᠢᠷᠲᠢᠨᠴᠦ ᠭᠡᠪᠡᠯ ᠨᠢᠭᠡ ᠯᠡ ᠦᠭᠡ᠃ ᠳᠠᠭᠤᠯᠠᠵᠤ ᠪᠥᠵᠢᠭᠯᠡᠭᠡᠳ ᠶᠣᠰᠣᠲᠠᠢ ᠠᠵᠠ | ᠵᠢᠷᠭᠠᠯ ᠪᠢᠯᠬᠠᠭᠰᠠᠨ ᠠᠮᠤᠭᠤᠯᠠᠩ ᠣᠷᠣᠨ ᠭᠡᠵᠦ ᠮᠡᠳᠡ᠃ ᠠᠰᠠᠷ ᠪᠠᠷᠢᠯᠭ᠎ᠠ ᠨᠢ ᠲᠡᠭᠷᠢ ᠰᠢᠭᠦᠷᠡᠵᠦ᠂ ᠶᠡᠭᠡ ᠪᠠᠭ᠎ᠠ | ᠮᠠᠰᠢᠨ ᠲᠡᠷᠭᠡ ᠬᠤᠶᠢᠰᠢ ᠤᠷᠤᠭᠰᠢ ᠪᠠᠨ ᠰᠦᠯᠵᠢᠯᠳᠦᠭᠡᠳ ᠪᠢᠳᠡᠨ ᠤ ᠪᠠᠷᠠᠭᠤᠨ ᠮᠠᠩᠬᠠᠨ ᠤ ᠰᠢᠷᠭᠤᠯᠵᠢ ᠠᠴᠠ ᠴᠦ | ᠤᠯᠠᠨ᠃ ᠤᠯᠤᠰ ᠭᠡᠷ ᠤᠨ ᠬᠥᠭᠵᠢᠯ ᠢ ᠵᠦᠢᠷᠯᠡᠬᠦ ᠶᠢᠨ ᠠᠷᠭ᠎ᠠ ᠦᠭᠡᠢ᠃ ᠬᠥᠮᠥᠨ ᠪᠦᠭᠦᠨ ᠤ ᠴᠢᠷᠠᠢ ᠳᠤ | ᠢᠨᠢᠶᠡᠮᠰᠦᠭᠯᠡᠯ ᠲᠣᠳᠣᠷᠠᠭᠠᠳ ᠡᠶ᠎ᠡ ᠵᠣᠬᠢᠴᠠᠩᠭᠤᠢ ᠭᠡᠳᠡᠭ ᠨᠢ ᠭᠠᠶᠢᠬᠠᠯᠲᠠᠢ︕ ᠬᠠᠭᠤᠴᠢᠨ ᠨᠡᠶᠢᠭᠡᠮ ᠳᠤ ᠪᠣᠯᠤᠭᠰᠠᠨ | ᠪᠣᠯ ᠡᠪᠦᠭᠡᠨ ᠪᠢ ᠶᠠᠷ᠎ᠠ ᠭᠦᠷᠦᠨ᠎ᠡ ᠭᠡᠵᠦ ᠭᠤᠨᠵᠢ ᠶᠢᠨ ᠵᠣᠭᠤᠭ ᠠ᠋᠃ ᠨᠠᠮ ᠪᠠ ᠡᠬᠡ ᠣᠷᠣᠨ ᠤ ᠬᠠᠶᠢᠷ᠎ᠠ ᠶᠢ | ᠨᠠᠰᠤᠨ ᠳᠠᠭᠠᠨ ᠮᠠᠷᠲᠠᠬᠤ ᠦᠭᠡᠢ᠃ ᠣᠮᠪᠣᠯᠣ ᠳᠣᠮᠪᠣᠯᠤ ᠪᠠᠨ ᠪᠢᠴᠢᠭ ᠰᠠᠶᠢᠨ ᠦᠵᠡᠭᠦᠯᠵᠦ ᠲᠦᠷᠦ ᠵᠠᠰᠠᠭ ᠲᠤ | ᠬᠡᠷᠡᠭᠴᠡᠭᠡ ᠲᠠᠢ ᠬᠥᠮᠥᠨ ᠪᠣᠯᠭᠠᠨ ᠬᠥᠮᠥᠵᠢᠭᠦᠯᠦᠨ᠎ᠡ ᠁︾ ᠭᠡᠵᠦ ᠤᠷᠮ᠎ᠠ ᠲᠠᠢ ᠶᠠᠷᠢᠲᠠᠯ᠎ᠠ ᠬᠠᠵᠠᠭᠤ ᠳᠤᠨᠢ | ᠪᠠᠶᠢᠭᠰᠠᠨ ᠵᠡᠭᠦᠨ ᠬᠥᠷᠰᠢ ᠶᠢᠨ ᠰᠠᠴᠡᠨᠳᠦ ᠡᠪᠦᠭᠡ᠄ ︽ᠵᠠᠨ᠎ᠠ ᠪᠠᠶᠠᠨ ᠤ ᠵᠠᠷᠤᠴᠠ ᠪᠠᠶᠢᠬᠤ ᠳᠠᠭᠠᠨ ᠬᠥᠨᠥᠭ ᠲᠠᠢ | ᠰᠦ ᠶᠢ ᠨᠢ ᠰᠠᠨᠠᠮᠰᠠᠷ ᠦᠭᠡᠢ ᠭᠦᠨᠳᠡᠵᠦ ᠤᠨᠠᠭᠠᠭᠠᠳ ᠡᠬᠡᠨᠡᠷ ᠲᠤᠨᠢ ᠠᠷᠠᠰᠤ ᠪᠠᠨ ᠱᠠᠭᠠᠯᠤᠭᠤᠯᠤᠭᠰᠠᠨ ᠢᠶᠠᠨ | ᠴᠡᠭᠡᠵᠢᠯᠡᠵᠦ ᠪᠠᠶᠢᠨ᠎ᠠ ᠤᠤ︖︾ ᠭᠡᠵᠦ ᠬᠡᠦᠬᠡᠳ ᠦᠶ᠎ᠡ ᠶᠢᠨ ᠬᠢᠨᠢ ᠤᠴᠠᠷᠠᠯ ᠢ ᠳᠤᠷᠠᠳᠬᠤ ᠪᠠᠷ ᠡᠪᠦᠭᠡ ᠮᠢᠨᠢ | ᠬᠠᠳᠠᠭᠠᠨᠠᠲᠠᠯ᠎ᠠ ᠢᠨᠢᠶᠡᠭᠡᠳ᠄ ︽ᠶᠠᠭᠤᠨ ᠳᠤ ᠮᠠᠷᠲᠠᠬᠤ ᠶᠤᠮ ᠪᠤᠢ︖ᠡᠷᠭᠢᠴᠡᠭᠦᠯᠬᠦ ᠪᠠᠷ ᠶᠠᠰᠤ ᠱᠠᠷᠬᠢᠷᠠᠭᠠᠳ︾ | ᠭᠡᠰᠡᠨ ᠢᠶᠠᠨ᠄ ︽ᠬᠠᠷᠠᠩᠭᠤᠢ ᠴᠠᠭ ᠭᠡᠵᠦ ᠲᠠᠮᠤ ᠶᠢᠨ ᠣᠷᠣᠨ ᠥᠭᠡᠷ᠎ᠡ ᠤᠤ ᠳ᠋ᠠ︖ ᠡᠷᠬᠡ ᠴᠢᠯᠦᠭᠡᠲᠦ ᠤᠳᠤ | ᠦᠶ᠎ᠡ ᠲᠠᠢ ᠬᠠᠷᠢᠴᠠᠭᠤᠯᠪᠠᠯ ᠲᠡᠭᠷᠢ ᠭᠠᠵᠠᠷ ᠤᠨ ᠵᠥᠷᠢᠶ᠎ᠡ ᠲᠠᠢ ᠁︾ ᠬᠡᠮᠡᠨ ᠪᠠᠭ᠎ᠠ ᠶᠢᠨ ᠦᠶ᠎ᠡ ᠳᠤ | ᠴᠣᠬᠢᠭᠳᠠᠭᠰᠠᠨ ᠪᠠᠷᠠᠭᠤᠨ ᠮᠥᠷᠥᠨ ᠤ ᠰᠢᠷᠬ᠎ᠠ ᠪᠠᠨ ᠲᠡᠮᠲᠡᠷᠬᠢᠯᠡᠲᠡᠯᠡ ᠰᠡᠴᠡᠨᠳᠦ ᠡᠪᠦᠭᠡ ᠰᠡᠳᠬᠢᠯ ᠢ ᠨᠢ | ᠵᠣᠪᠠᠭᠠᠬᠤ ᠠᠴᠠ ᠬᠢᠴᠢᠶᠡᠵᠦ᠄︽ᠱᠠᠩᠬᠠᠢ ᠶᠢᠨ ᠥᠨᠳᠥᠷ ᠠᠰᠠᠷ ᠢ ᠥᠯᠢᠢᠵᠦ ᠬᠠᠷᠠᠭᠠᠳ ᠮᠠᠯᠠᠭᠠᠢ ᠪᠠᠨ ᠤᠰᠤᠨ ᠳᠤ | ᠤᠨᠠᠭᠠᠭᠰᠠᠨ ᠢᠶᠠᠨ ᠪᠤᠳᠤᠪᠠᠯ ᠢᠨᠢᠶᠡᠳᠦ ᠴᠢᠨᠢ ᠬᠦᠷᠬᠦ ᠦᠭᠡᠢ ᠤᠤ︖︾ ᠬᠡᠮᠡᠨ ᠦᠭᠡ ᠶᠢᠨ ᠵᠢᠯᠣᠭᠤ ᠪᠠᠨ | ᠡᠷᠭᠢᠭᠦᠯᠪᠡ᠃ | ︽ᠰᠠᠴᠡᠨᠳᠤ ᠳᠡᠭᠦᠦᠳᠡᠢ ᠮᠢᠨᠢ᠂ ᠠᠮᠢᠳᠤ ᠶᠠᠪᠤᠪᠠᠯ ᠠᠯᠳᠠᠨ ᠠᠶᠠᠭᠠᠨ ᠠᠴᠠ ᠤᠰᠤ ᠤᠤᠭᠤᠨ᠎ᠠ ᠭᠡᠵᠦ ᠲᠠᠷᠡ ᠠ᠋᠃ | ᠡᠬᠡ ᠣᠷᠣᠨ ᠤ ᠪᠠᠨ ᠬᠥᠭᠵᠢᠯ ᠬᠤᠪᠢᠷᠠᠯ ᠢ ᠨᠢᠳᠦ ᠪᠠᠷ ᠢᠶᠠᠨ ᠦᠵᠡᠵᠦ ᠰᠡᠳᠬᠢᠯ ᠲᠡᠨᠢᠭᠦᠨ ᠶᠠᠪᠤᠨ᠎ᠠ ᠭᠡᠭᠴᠢ ᠪᠢᠳᠡ | ᠬᠤᠶᠠᠷ ᠲᠤ ᠥᠭᠡᠷ᠎ᠡ ᠶᠠᠮᠠᠷ ᠵᠢᠷᠭᠠᠯ ᠪᠠᠶᠢᠬᠤ ᠪᠤᠢ︖ ᠡᠪ ᠬᠠᠮᠲᠤ ᠨᠠᠮ ᠪᠠᠶᠢᠭᠰᠠᠨ ᠳᠠᠭᠠᠨ ᠲᠦᠷᠦ ᠮᠢᠨᠢ ᠪᠠᠶᠢᠨ᠎ᠠ᠃ | ᠲᠠᠪᠢᠨ ᠵᠢᠷᠭᠤᠭᠠᠨ ᠦᠨᠳᠦᠰᠦᠲᠡᠨ ᠲᠦᠪᠰᠢᠨ ᠠᠮᠤᠭᠤᠯᠠᠩ ᠪᠠᠶᠢᠨ᠎ᠠ ᠁︾ ᠭᠡᠵᠦ ᠬᠤᠶᠠᠷ ᠡᠪᠦᠭᠡ ᠶᠢᠨ ᠶᠠᠷᠢᠶ᠎ᠠ | ᠦᠷᠭᠦᠯᠵᠢᠯᠡᠨ᠎ᠡ᠃ | ︽ᠮᠠᠨ ᠤ ᠵᠠᠯᠠᠭᠤ ᠦᠶ᠎ᠡ ᠲᠠᠢ ᠠᠳᠠᠯᠢᠳᠬᠠᠪᠠᠯ ᠤᠳᠤ ᠶᠢᠨ ᠬᠡᠦᠬᠡᠳ ᠶᠠᠭᠠᠬᠢᠭᠰᠠᠨ ᠪᠤᠶᠠᠨ ᠲᠠᠢ ᠪᠤᠢ︖ | ᠲᠠᠷᠢᠶ᠎ᠠ ᠤᠷᠤᠭᠤᠯᠬᠤ ᠠᠴᠠ ᠮᠠᠰᠢᠨ᠂ ᠭᠠᠳᠠᠭᠰᠢ ᠭᠠᠷᠬᠤ ᠳᠤ ᠮᠠᠰᠢᠨ᠃ ᠬᠤᠭᠤᠯᠠ ᠪᠤᠳᠠᠭ᠎ᠠ ᠪᠡᠯᠡᠳᠬᠡᠬᠦ ᠳᠤ | ᠴᠠᠭᠢᠯᠭᠠᠨ ᠲᠣᠭᠤᠭ᠎ᠠ᠂ ᠬᠠᠷᠢᠯᠴᠠᠨ ᠵᠣᠭᠤᠭᠳᠠᠬᠤ ᠠᠴᠠ ᠭᠠᠷ ᠤᠲᠠᠰᠤ ᠁︾ ᠭᠡᠵᠦ ᠡᠮᠡᠭᠡ ᠵᠡᠭᠦᠨ ᠠᠶᠢᠯ ᠤᠨ | ᠵᠢᠩᠶᠡᠷᠮᠡ ᠡᠮᠡᠭᠡ ᠲᠠᠢ ᠠᠭᠤᠯᠵᠠᠬᠤ ᠪᠣᠯᠭᠠᠨ ᠰᠡᠳᠬᠢᠯ ᠢᠶᠠᠨ ᠠᠭᠤᠵᠢᠷᠠᠲᠠᠯ᠎ᠠ ᠶᠠᠷᠢᠯᠴᠠᠨ᠎ᠠ᠃ | ᠥᠭᠡᠳᠡ ᠡᠰᠡᠷᠡᠭ ᠠᠷᠪᠠᠨ ᠰᠠᠷ᠎ᠠ ᠭᠡᠵᠦ ᠦᠨᠡᠬᠡᠷ ᠭᠦᠷ ᠬᠥᠭᠵᠢᠶᠡᠨ ᠲᠠᠢ᠂ ᠬᠥᠭᠵᠢᠯ ᠪᠠᠶᠠᠰᠤᠯ ᠲᠠᠢ ᠴᠠᠭ | ᠮᠥᠴᠡ ᠪᠠᠶᠢᠵᠤ ᠳ᠋ᠠ᠃ᠦᠳᠡᠰᠢ ᠶᠢᠨ ᠬᠥᠰᠢᠭᠡ ᠪᠠᠭᠤᠬᠤ ᠪᠠᠷ ᠠᠶᠢᠯ ᠪᠣᠯᠭᠠᠨ ᠤ ᠪᠡᠶ᠎ᠡ ᠪᠣᠯᠪᠠᠰᠤᠷᠠᠬᠤ ᠶᠡᠭᠡ | ᠲᠠᠯᠠᠪᠠᠢ ᠳᠤ ᠨᠠᠷᠠᠨ ᠡᠨᠧᠷᠭᠢ ᠶᠢᠨ ᠴᠠᠭᠢᠯᠭᠠᠨ ᠳ᠋ᠧᠩ ᠳᠤᠸᠠᠯᠠᠭᠠᠳ ᠬᠥᠭᠰᠢᠨ ᠨᠠᠰᠤᠲᠠᠳ ᠠᠴᠠ ᠬᠥᠭᠡᠷᠦᠬᠦᠨ | ᠪᠠᠭᠠᠴᠤᠳ ᠭᠦᠷᠳᠡᠯ᠎ᠡ ᠬᠤᠷᠠᠵᠤ ᠴᠤᠭᠯᠠᠷᠠᠭᠠᠳ ᠳᠠᠭᠤᠯᠠᠬᠤ ᠨᠢ ᠳᠠᠭᠤᠯᠠᠵᠤ᠂ ᠪᠥᠵᠢᠭᠯᠡᠬᠦ ᠨᠢ ᠪᠥᠵᠢᠭᠯᠡᠭᠡᠳ᠂ ᠪᠡᠶ᠎ᠡ | ᠪᠣᠯᠪᠠᠰᠤᠷᠠᠬᠤ ᠨᠢ ᠪᠣᠯᠪᠠᠰᠤᠷᠠᠭᠠᠳ ᠬᠤᠳᠠ ᠶᠢᠨ ᠦᠵᠡᠮᠵᠢᠲᠦ ᠴᠡᠴᠡᠷᠯᠢᠭ ᠠᠴᠠ ᠳᠣᠣᠷᠠᠳᠠᠬᠤ ᠦᠭᠡᠢ ᠬᠥᠭᠵᠢᠶᠡᠨ | ᠨᠠᠷᠭᠢᠶᠠᠨ᠂ ᠭᠦᠷ ᠪᠠᠶᠠᠷ ᠲᠠᠢ ᠭᠡᠳᠡᠭ ᠨᠢ᠃ | ᠰᠢᠨ᠎ᠡ ᠬᠥᠳᠡᠭᠡ ᠶᠢ ᠬᠤᠭᠤᠷᠣᠨᠳᠤ ᠨᠢ ᠬᠤᠯᠪᠣᠭᠰᠠᠨ ᠱᠦᠢᠨᠢ ᠶᠢᠨ ᠵᠠᠮ ᠤᠨ ᠬᠤᠶᠠᠷ ᠲᠠᠯ᠎ᠠ ᠶᠢᠨ ᠳ᠋ᠧᠩ | ᠦᠳᠡᠰᠢ ᠶᠢᠨ ᠭᠦᠨ ᠢᠶᠠᠷ ᠭᠡᠷᠡᠯᠳᠦᠨ ᠰᠠᠴᠤᠷᠠᠭᠠᠳ ᠡᠳᠦᠷ ᠮᠡᠲᠦ ᠲᠤᠩᠭᠠᠯᠠᠭ ᠠᠵᠢ᠃ ᠲᠡᠷᠭᠡ ᠬᠥᠰᠬᠡ | ᠵᠥᠷᠢᠯᠳᠦᠵᠦ ᠬᠥᠮᠥᠨ ᠤ ᠬᠥᠯ ᠤᠨ ᠴᠢᠮᠡᠭᠡ ᠬᠠᠷᠠᠩᠭᠤᠢ ᠶᠢ ᠦᠷᠭᠦᠭᠡᠵᠦ ᠰᠠᠶᠢᠬᠠᠨ ᠵᠡᠭᠦᠳᠦ ᠶᠢ ᠮᠢᠨᠢ | ᠲᠡᠷᠭᠡᠯᠰᠢᠭᠦᠯᠦᠨ᠎ᠡ᠃ | ᠠᠮᠢᠳᠤᠷᠠᠯ ᠤᠨ ᠲᠦᠪᠰᠢᠨ ᠳᠡᠭᠡᠭᠰᠢᠯᠡᠬᠦ ᠶᠢ ᠳᠠᠭᠠᠯᠳᠤᠨ ᠬᠥᠮᠥᠨ ᠵᠤᠨ ᠤ ᠦᠵᠡᠯ ᠤᠬᠠᠮᠰᠠᠷ ᠴᠦ ᠲᠠᠪᠰᠢᠨ᠎ᠠ᠃ | ᠬᠡᠨ ᠠᠯᠢᠨ ᠢᠶᠠᠨ ᠬᠠᠪᠰᠤᠷᠴᠤ ᠳᠡᠮᠵᠢᠬᠦ᠂ ᠲᠡᠳᠬᠦᠵᠦ ᠲᠤᠰᠠᠯᠠᠬᠤ ᠪᠠᠷ ᠠᠮᠢ ᠨᠠᠰᠤᠨ ᠤ ᠦᠨ᠎ᠡ ᠦᠷᠳᠡᠭ ᠢᠶᠠᠨ | ᠪᠠᠳᠠᠷᠠᠭᠤᠯᠵᠤ ᠴᠢᠳᠠᠨ᠎ᠠ ᠭᠡᠳᠡᠭ ᠢ ᠬᠥᠮᠥᠰ ᠲᠣᠳᠣ ᠲᠠᠨᠢᠵᠤ᠂ ᠥᠪᠡᠷ ᠥᠪᠡᠷ ᠤᠨ ᠬᠦᠴᠦᠨ ᠴᠢᠳᠠᠯ᠂ ᠠᠪᠢᠶᠠᠰ | ᠪᠢᠯᠢᠭ ᠢᠶᠠᠨ ᠰᠣᠷᠢᠨ᠎ᠠ᠃ ᠭᠡᠬᠦ ᠳᠡᠭᠡᠨ ᠰᠢᠨ᠎ᠡ ᠬᠥᠳᠡᠭᠡ ᠠᠴᠠ ᠡᠬᠢᠯᠡᠭᠡᠳ ᠬᠥᠭᠵᠢᠭᠰᠡᠨ ᠬᠤᠳᠠ ᠭᠦᠷᠳᠡᠯ᠎ᠡ ᠡᠶ᠎ᠡ | ᠡᠪ ᠲᠠᠢ᠂ ᠡᠯᠢᠭᠡᠰᠡᠭ ᠳᠣᠲᠣᠨᠣᠰᠤᠭ ᠠᠵᠤ ᠲᠦᠷᠦᠵᠦ ︽ᠪᠢᠳᠡ ᠪᠦᠭᠦᠳᠡᠭᠡᠷ ᠢᠶᠠᠨ ᠨᠢᠭᠡ ᠭᠡᠷ ᠪᠦᠯᠢ︾ ᠭᠡᠳᠡᠭ | ᠰᠡᠳᠬᠢᠯ ᠤᠨ ᠦᠭᠡ ᠨᠢ ᠳᠡᠯᠡᠬᠡᠢ ᠶᠢᠨ ᠠᠩᠬᠠᠷᠤᠯ ᠢ ᠲᠠᠲᠠᠨ᠎ᠠ᠃ ᠠᠷᠪᠠᠨ ᠰᠠᠷ᠎ᠠ ᠣᠷᠣᠭᠰᠠᠨ ᠠᠴᠠ ᠨᠠᠭᠠᠰᠢ ᠠᠪᠤ | ᠮᠢᠨᠢ ᠬᠡᠨ ᠠᠴᠠ ᠴᠦ ᠡᠷᠲᠡ ᠪᠣᠰᠴᠤ᠂ ᠭᠠᠴᠠᠭ᠎ᠠ ᠶᠢᠨ ᠠᠯᠪᠠᠨ ᠭᠡᠷ ᠲᠡᠶᠢᠰᠢ ᠬᠠᠷᠠᠵᠤ ᠬᠤᠩᠭᠤᠷ ᠨᠠᠮᠤᠷ ᠤᠨ | ᠵᠢᠪᠠᠷ ᠲᠤ ᠨᠠᠮᠢᠷᠠᠨ ᠮᠠᠨᠳᠤᠬᠤ ᠤᠯᠤᠰ ᠤᠨ ᠲᠤᠭ ᠲᠤ ᠮᠡᠬᠦᠶᠢᠨ ᠶᠣᠰᠣᠯᠠᠬᠤ ᠶᠢᠨ ᠳᠠᠭᠠᠤ ᠤᠷᠤᠭᠤᠯ ᠨᠢ ᠣᠪᠣᠷ | ᠲᠤᠪᠤᠷ ᠬᠥᠳᠡᠯᠦᠨ᠎ᠡ᠃ ᠡᠬᠡ ᠣᠷᠣᠨ ᠳᠠᠭᠠᠨ ᠦᠨᠡᠨᠴᠢ ᠰᠡᠳᠬᠢᠯ ᠢᠶᠠᠨ ᠢᠯᠡᠳᠬᠡᠵᠦ ᠪᠠᠶᠢᠭ᠎ᠠ ᠨᠢ ᠢᠯᠡᠷᠬᠡᠢ᠃ ᠡᠨᠡ | ᠥᠷᠯᠥᠭᠡ ᠮᠥᠨ ᠴᠦ ᠵᠤᠷᠰᠢᠯ ᠶᠣᠰᠣᠭᠠᠷ ᠢᠶᠠᠨ ᠪᠣᠰᠣᠭᠠᠳ ᠤᠷᠭᠤᠨ ᠰᠠᠴᠤᠷᠠᠬᠤ ᠤᠯᠤᠰ ᠤᠨ ᠲᠤᠭ ᠵᠦᠭ | ᠬᠠᠷᠠᠵᠤ ᠮᠡᠬᠦᠶᠢᠨ ᠶᠣᠰᠣᠯᠠᠬᠤ ᠳᠤ ᠡᠵᠢ ᠮᠢᠨᠢ ᠠᠷᠤ ᠠᠴᠠ ᠨᠢ ᠬᠠᠷᠠᠵᠤ ᠪᠠᠶᠢᠭᠰᠠᠨ ᠢᠶᠠᠨ ︽ᠠᠷᠪᠠᠨ ᠰᠠᠷ᠎ᠠ | ᠰᠠᠭᠠᠲᠠᠬᠤ ᠪᠣᠯᠭᠠᠨ ᠠᠪᠤ ᠶᠢᠨ ᠴᠢᠨᠢ ᠰᠦᠵᠢᠭ ᠨᠡᠮᠡᠭᠳᠡᠳᠡᠭ ᠶᠤᠮ᠃ ᠪᠤᠷᠬᠠᠨ ᠰᠢᠲᠦᠬᠦ ᠦᠭᠡᠢ ᠴᠦ ᠨᠠᠮ᠂ ᠡᠬᠡ | ᠤᠯᠤᠰ ᠢᠶᠠᠨ ᠰᠢᠲᠦᠨ᠎ᠡ ᠭᠡᠳᠡᠭ ᠠᠪᠤ ᠶᠢᠨ ᠴᠢᠨᠢ ᠠᠷᠠᠨᠰᠢᠨ︾ ᠭᠡᠵᠦ ᠬᠤᠭᠤᠯᠠ ᠴᠠᠢ ᠪᠠᠨ ᠲᠥᠬᠦᠭᠡᠷᠴᠢᠬᠡᠭᠡᠳ ︽ᠬᠡ᠂ | ᠬᠡ ᠁︾ ᠢᠨᠢᠶᠡᠨ᠎ᠡ᠃ ᠡᠨᠡ ᠦᠶ᠎ᠡ ᠳᠤ ᠡᠮᠡᠭᠡ ᠮᠢᠨᠢ ᠡᠵᠢ ᠶᠢᠨ ᠦᠭᠡ ᠡᠯᠭᠦᠨ ︽ᠨᠠᠮ ᠲᠦᠷᠦ ᠬᠤᠶᠠᠷ | ᠪᠠᠶᠢᠬᠤ ᠳᠠᠭᠠᠨ ᠰᠠᠶ᠋ᠢ ᠪᠢᠳᠡ ᠡᠷᠬᠡ ᠴᠢᠯᠦᠭᠡ ᠲᠠᠢ ᠠᠮᠢᠳᠤᠷᠠᠵᠤ ᠣᠷᠣᠰᠢᠳᠠᠭ ᠪᠢᠰᠢᠦ︖︾ ᠭᠡᠵᠦ ᠥᠪᠡᠷ ᠤᠨ | ᠬᠢ ᠪᠠᠨ ᠶᠠᠷᠢᠨ᠎ᠠ᠃ ᠲᠡᠶᠢᠮᠦ ᠠ᠋᠂ ᠲᠠᠪᠤᠨ ᠣᠳᠣᠲᠤ ᠤᠯᠤᠰ ᠤᠨ ᠲᠤᠭ ᠢᠶᠠᠨ ᠬᠠᠷᠠᠬᠤ ᠪᠣᠯᠭᠠᠨ ᠮᠢᠨᠤ ᠵᠢᠷᠦᠬᠡ | ᠳᠣᠭᠳᠣᠯᠵᠤ᠂ ᠬᠠᠮᠤᠭ ᠪᠡᠶ᠎ᠡ ᠬᠥᠩᠭᠡᠷᠡᠭᠡᠳ ᠬᠡᠶᠢᠮᠣᠷᠢ ᠮᠠᠨᠳᠤᠭᠰᠠᠨ ᠰᠢᠭ᠋ ᠪᠤᠳᠤᠬᠳᠠᠨ᠎ᠠ᠃ | ︽ᠲᠦᠷᠦ ᠶᠢᠨ ᠮᠢᠨᠢ ᠲᠤᠭ᠂ ᠲᠦᠮᠡᠨ ᠤ ᠮᠢᠨᠢ ᠲᠦᠰᠢᠭ᠃ ᠨᠠᠮᠢᠷᠠᠬᠤ ᠪᠠᠷ ᠨᠠᠷᠠ ᠲᠤᠶᠠᠭᠠᠷᠠᠵᠤ᠂ ᠨᠠᠶᠢᠷᠠᠮᠳᠠᠭᠤ | ᠣᠷᠣᠰᠢᠬᠤᠢ ᠶᠢᠨ ᠵᠦᠩ ᠰᠤᠪᠢᠩ ᠪᠠᠭᠤᠨ᠎ᠠ︾ ᠭᠡᠵᠦ ᠪᠢ ᠪᠠᠶᠠᠨ ᠲᠠᠩᠰᠤᠭ ᠨᠠᠮᠤᠷ ᠤᠨ ᠠᠷᠪᠠᠨ ᠰᠠᠷ᠎ᠠ ᠶᠢᠨ | ᠲᠡᠭᠷᠢ ᠶᠢ ᠪᠠᠷᠠᠯᠠᠬᠤ ᠳᠤ ᠰᠡᠳᠬᠢᠯ ᠳᠣᠲᠣᠷ᠎ᠠ ᠠᠮᠤᠭᠤᠯᠠᠩ ᠲᠦᠷᠦ ᠶᠢᠨ ᠲᠠᠪᠤᠨ ᠣᠳᠣᠲᠤ ᠤᠯᠠᠭᠠᠨ ᠲᠤᠭ ᠪᠣᠯᠵᠤ | ᠭᠡᠷᠡᠯᠳᠦᠨ ᠰᠠᠴᠤᠷᠠᠨ᠎ᠠ ᠁ | ᠠᠷᠪᠠᠨ ᠰᠠᠷ᠎ᠠ - ᠲᠡᠦᠬᠡ ᠶᠢᠨ ᠭᠡᠷᠡᠯ ᠭᠢᠯᠪᠠᠭ᠎ᠠ᠂ ᠲᠤᠶᠠᠭ᠎ᠠ ᠲᠠᠲᠠᠭᠰᠠᠨ ᠪᠠᠶᠠᠷ ᠤᠨ ᠴᠢᠷᠠᠢ᠂ ᠲᠥᠪᠯᠡᠷᠡᠵᠦ | ᠨᠢᠭᠲᠠᠷᠠᠬᠤ ᠶᠢᠨ ᠲᠤᠩᠭᠠᠯᠠᠭ ᠤᠬᠠᠭᠠᠨ᠂ ᠲᠡᠮᠡᠦᠯᠵᠦ ᠬᠦᠷᠬᠦ ᠢᠷᠡᠭᠡᠳᠦᠢ ᠶᠢᠨ ᠠᠯᠳᠠᠨ ᠵᠢᠭᠦᠷ ᠠ᠋︕ | | | | |