ᠴᠠᠭᠠᠨ ᠰᠠᠷ᠎ᠠ ᠪᠠ ᠪᠠᠶᠠᠷ ᠶᠤᠰᠤᠯᠠᠯ
ᠨᠡᠶᠢᠲᠡᠯᠡᠭᠰᠡᠨ ᠴᠠᠭ᠄
2024/2/8
     ᠰᠠᠶᠢᠨ ᠪᠠᠶᠢᠨ᠎ᠠ ᠤᠤ︖ ᠲᠥᠪ ᠤᠨ ᠷᠠᠳᠢᠤ᠋ ᠲᠧᠯᠸᠢᠰ ᠤᠨ ᠶᠡᠷᠦᠩᠬᠡᠢ ᠬᠤᠷᠢᠶᠠᠨ ᠤ ᠮᠣᠩᠭᠤᠯ ᠷᠠᠳᠢᠤ᠋ ᠶᠢᠨ ᠸᠢᠴᠠᠲ ᠲᠠᠪᠴᠠᠩ ᠢᠶᠠᠷ ᠲᠠ ᠪᠦᠬᠦᠨ ᠳᠡᠭᠡᠨ ᠥᠯᠵᠡᠶᠢᠲᠦ ᠲᠡᠭᠦᠰ ᠡᠳᠦᠷ ᠤᠨ ᠠᠮᠤᠷ ᠠᠮᠤᠭᠤᠯᠠᠩ ᠢ ᠠᠶᠢᠯᠠᠤᠨᠬᠠᠨ᠂ ᠡᠳᠦᠷ ᠪᠦᠷᠢ ᠡᠩᠬᠡ ᠵᠢᠷᠭᠠᠯ ᠲᠠᠢ᠂ ᠰᠠᠷ᠎ᠠ ᠪᠣᠯᠭᠠᠨ ᠰᠠᠶᠢᠨ ᠤ ᠢᠷᠦᠭᠡᠯ ᠲᠠᠢ ᠪᠠᠶᠢᠬᠤ ᠶᠢᠨ ᠵᠥᠩᠨᠡᠯ ᠢ ᠳᠡᠪᠰᠢᠭᠦᠯᠵᠦ ᠪᠠᠶᠢᠨ᠎ᠠ᠃      ᠴᠠᠭᠠᠨ ᠰᠠᠷ᠎ᠠ ᠪᠣᠯ ᠳᠤᠮᠳᠠᠳᠤ ᠶᠢᠨ ᠠᠷᠠᠤᠨ ᠢᠷᠭᠡᠦᠨ ᠤᠨ ᠳᠤᠮᠳᠠ ᠬᠠᠮᠤᠭ ᠤᠨ ᠥᠪᠡᠳᠡᠭᠰᠢ᠂ ᠬᠠᠮᠤᠭ ᠤᠨ ᠣᠨᠴᠠᠯᠢᠭ ᠲᠠᠢ ᠥᠷᠭᠡᠨ ᠳᠡᠯᠭᠡᠷ ᠲᠡᠮᠳᠡᠭᠯᠡᠭᠳᠡᠳᠡᠭ ᠤᠯᠠᠮᠵᠢᠯᠠᠯᠲᠤ ᠪᠠᠶᠠᠷ ᠤᠨ ᠨᠢᠭᠡ ᠨᠢ ᠪᠣᠯᠣᠨ᠎ᠠ᠃ ᠠᠷᠠᠤᠨ ᠤᠨ ᠳᠤᠮᠳᠠ ᠡᠨᠡ ᠡᠳᠦᠷ ᠢ ᠴᠠᠭᠠᠨ ᠰᠠᠷ᠎ᠠ ᠪᠤᠶᠤ ᠰᠦᠨ ᠰᠠᠷ᠎ᠠ ᠭᠡᠵᠦ ᠨᠡᠷᠡᠯᠡᠵᠦ ᠪᠠᠶᠢᠭᠰᠠᠨ ᠢ ᠲᠡᠦᠬᠡ ᠶᠢᠨ ᠲᠡᠮᠳᠡᠭᠯᠡᠯ ᠳᠤ ᠪᠢᠴᠢᠵᠦ ᠦᠯᠡᠳᠡᠭᠡᠵᠡᠢ᠃      ᠬᠠᠭᠤᠴᠢᠨ ᠵᠢᠯ ᠬᠠᠩᠭᠢᠷᠠᠨ ᠣᠣᠨᠴᠤ᠂ ᠰᠢᠨ᠎ᠡ ᠵᠢᠯ ᠰᠢᠯᠵᠢᠨ ᠢᠷᠡᠵᠦ ᠪᠤᠢ ᠪᠠᠶᠠᠷ ᠶᠡᠭᠡ ᠶᠣᠰᠤᠯᠠᠯ ᠤᠨ ᠬᠡᠶᠢᠮᠤᠷᠢ ᠵᠣᠯᠪᠣᠭ᠎ᠠ ᠲᠠᠢ 2024 ᠣᠨ ᠤ 2 ᠳ᠋ᠤᠭᠠᠷ ᠰᠠᠷ᠎ᠠ ᠳᠤ᠂ ᠲᠥᠪ ᠤᠨ ᠷᠠᠳᠢᠤ᠋ ᠲᠧᠯᠸᠢᠰ ᠤᠨ ᠶᠡᠷᠦᠩᠬᠡᠢ ᠬᠤᠷᠢᠶᠠᠨ ᠤ ᠰᠤᠷᠪᠤᠯᠵᠢᠯᠠᠭᠴᠢ ᠪᠡᠭᠡᠵᠢᠩ ᠬᠤᠲᠠ ᠶᠢᠨ ᠬᠤᠶᠢᠲᠦ ᠭᠤᠷᠪᠠᠳᠤᠭᠠᠷ ᠪᠦᠰᠡᠯᠡᠭᠦᠷ ᠵᠠᠮ ᠤᠨ ᠤᠶᠢᠷᠠᠯᠴᠠᠭᠠᠬᠢ ᠵᠡᠭᠦᠨ ᠬᠤᠲᠠ ᠲᠣᠭᠤᠷᠢᠭ ᠤᠨ ᠭᠦᠸᠧ ᡁᠢ ᠵᠢᠶᠠᠨ ᠭᠤᠳᠤᠮᠵᠢ ᠶᠢᠨ ᠨᠢᠭᠡᠨ ᠭᠡᠷ ᠬᠤᠷᠢᠶᠠᠯᠠᠯ ᠳᠤ ᠰᠠᠭᠤᠭ᠎ᠠ ᠰᠠᠯᠵᠢᠤᠨ᠂ ᠸᠠᠩ ᠱᠢ ᠶᠢᠩ ᠬᠤᠶᠠᠷ ᠨᠠᠰᠤᠲᠠᠨ ᠤ ᠳᠤ ᠬᠦᠷᠬᠦ ᠳᠤ ᠲᠡᠳᠡ ᠬᠤᠶᠠᠷ ᠮᠠᠨᠢ ᠰᠡᠦᠨᠬᠢᠯ ᠥᠨᠳᠦᠷ ᠢᠶᠠᠷ ᠴᠠᠭᠠᠨ ᠰᠠᠷ᠎ᠠ ᠶᠢᠨ ᠴᠠᠢ ᠢᠳᠡᠭᠡ ᠪᠠᠷ ᠵᠣᠴᠢᠯᠠᠵᠤ᠂ ᠰᠤᠷᠪᠤᠯᠵᠢᠯᠠᠭ᠎ᠠ ᠶᠢ ᠮᠠᠨᠢ ᠬᠦᠯᠢᠶᠡᠭᠰᠡᠨ ᠶᠤᠮ᠃      ᠥᠪᠤᠷ ᠮᠣᠩᠭᠤᠯ ᠤᠨ ᠰᠢᠯᠢ ᠶᠢᠨ ᠭᠤᠣᠯ ᠠᠶᠢᠮᠠᠭ ᠤᠨ ᠠᠪᠠᠭ᠎ᠠ ᠬᠤᠰᠢᠭᠤᠨ ᠤ ᠪᠠᠶᠠᠨᠴᠠᠭᠠᠨ ᠰᠤᠮᠤᠨ ᠤ ᠪᠠᠶᠠᠨᠰᠢᠯᠢ ᠭᠠᠴᠠᠭᠠᠨ ᠳᠤ 1968 ᠣᠨ ᠳᠤ ᠰᠡᠬᠡᠭᠡᠲᠡᠨ ᠢᠶᠠᠷ ᠪᠠᠭᠤᠭᠰᠠᠨ ᠸᠠᠩ ᠱᠢ ᠶᠢᠩ ᠨᠠᠰᠤᠲᠠᠨ 50 ᠭᠠᠷᠤᠢ ᠵᠢᠯ ᠤᠨ ᠡᠮᠦᠨᠡᠬᠢ ᠬᠥᠳᠡᠭᠡ ᠨᠤᠲᠤᠭ ᠢᠶᠠᠷ ᠴᠠᠭᠠᠨ ᠰᠠᠷ᠎ᠠ ᠢ ᠬᠡᠷᠬᠢᠨ ᠥᠩᠭᠡᠷᠡᠭᠦᠯᠵᠦ ᠪᠠᠶᠢᠭᠰᠠᠨ ᠲᠠᠯ᠎ᠠ ᠪᠠᠷ ᠢᠩᠭᠢᠵᠦ ᠬᠠᠭᠤᠴᠢᠯᠠᠯ᠎ᠠ᠄      ᠠᠯᠠᠭᠠᠨ ᠤ ᠵᠢᠷᠤᠭᠠᠰᠤ ᠦᠵᠡᠭᠳᠡᠬᠦ ᠲᠡᠳᠦᠢ ᠦᠥᠷ ᠤᠨ ᠴᠠᠭᠠᠨ ᠭᠡᠭᠡ ᠪᠠᠷ ᠬᠦᠮᠦᠰ ᠮᠣᠷᠢ ᠲᠡᠮᠡᠭᠡ ᠣᠨᠣᠵᠤ ᠠᠶᠢᠯ ᠰᠠᠭᠠᠬᠠᠯᠲᠠ ᠪᠠᠷ ᠲᠣᠭᠤᠷᠢᠵᠦ ᠰᠢᠨᠡᠯᠡᠳᠡᠭ᠂ ᠲᠡᠷᠡ ᠦᠶ᠎ᠡ ᠳᠤ ᠪᠢᠳᠡ ᠨᠠᠰᠤ ᠪᠠᠭ᠎ᠠ ᠪᠠᠶᠢᠭᠰᠠᠨ ᠤ ᠳᠡᠭᠡᠷ᠎ᠡ ᠬᠥᠳᠡᠭᠡ ᠨᠤᠲᠤᠭ ᠤᠨ ᠴᠠᠭᠠᠨ ᠰᠠᠷ᠎ᠠ ᠶᠢ ᠠᠩᠬ᠎ᠠ ᠥᠩᠭᠡᠷᠡᠭᠦᠯᠵᠦ ᠪᠠᠶᠢᠭᠰᠠᠨ ᠪᠣᠯᠬᠤᠷ ᠶᠡᠭᠡ ᠯᠡ ᠪᠠᠶᠠᠷᠯᠠᠯᠳᠤᠨ ᠲᠡᠮᠡᠭᠡ ᠤᠨᠤᠵᠤ ᠱᠤᠤᠮᠠᠵᠠ ᠭᠠᠨᠵᠤᠭᠠᠯᠠᠨ ᠠᠶᠢᠯ ᠪᠣᠯᠭᠠᠨ ᠢᠶᠠᠷ ᠠᠶᠢᠯᠴᠢᠯᠠᠵᠤ᠂ ᠠᠬᠠᠮᠠᠤᠨ ᠨᠠᠰᠤᠲᠠᠨ ᠲᠠᠢ ᠠᠭᠤᠯᠵᠠᠨ᠂ ︽ᠠᠮᠤᠷ ᠰᠠᠶᠢᠨ ᠰᠢᠨᠡᠯᠡᠪᠡᠦ ᠤᠤ︖︾ ᠭᠡᠵᠦ ᠵᠣᠯᠭᠠᠳᠠᠭ ᠪᠠᠶᠢᠯ᠎ᠠ᠃ ᠲᠡᠭᠡᠬᠦ ᠳᠤ ᠠᠬᠠᠮᠠᠤᠨ ᠲᠣᠮᠣᠭᠠᠲᠠᠤᠨ ᠬᠠᠷᠢᠭᠤ ᠳᠤᠨᠢ᠄ ︽ᠪᠣᠷᠯᠤᠩ ᠭᠡᠷᠰᠡᠩ ᠲᠠᠢ᠂ ᠥᠶᠦᠭ ᠴᠠᠤᠨᠬᠤᠯᠠᠩ᠂ ᠥᠩ ᠳᠠᠷᠭᠤᠨ ᠰᠠᠶᠢᠬᠠᠨ ᠰᠢᠨᠡᠯᠡᠵᠦ ᠪᠠᠶᠢᠨ᠎ᠠ ᠤᠤ︖︾ ᠭᠡᠵᠦ ᠮᠡᠨᠳᠦ ᠮᠡᠳᠡᠯᠴᠡᠨ ᠰᠢᠨᠡᠯᠡᠵᠦ᠂ ᠪᠢᠳᠡ ᠠᠶᠢᠯ ᠪᠦᠬᠦᠨ ᠤ ᠢᠳᠡᠭᠡᠨ ᠤ ᠳᠡᠭᠡᠵᠢ ᠶᠢ ᠠᠮᠰᠠᠨ᠂ ᠥᠯᠵᠡᠶᠢᠲᠦ ᠰᠢᠬᠢᠷ ᠪᠣᠭᠤᠷᠰᠤᠭ ᠢ ᠨᠢ ᠭᠠᠷ ᠢᠶᠠᠨ ᠳᠡᠯᠭᠡᠨ ᠲᠣᠰᠴᠤ ᠠᠪᠤᠭᠠᠤᠨ ᠬᠡᠮᠨᠡᠨ ᠢᠳᠡᠵᠦ᠂ ᠭᠠᠮᠨᠠᠨ ᠶᠠᠪᠤᠵᠤ ᠪᠠᠶᠢᠭᠰᠠᠨ᠃ ᠰᠡᠭᠦᠯ ᠳᠤᠨᠢ ᠠᠶᠢᠯ ᠭᠡᠷ ᠪᠣᠯᠵᠤ᠂ ᠥᠨᠳᠦᠷ ᠨᠠᠰᠤᠲᠠᠢ ᠬᠠᠳᠠᠮ ᠡᠵᠢ ᠮᠢᠨᠢ ᠮᠠᠨ ᠤ ᠳᠤ ᠰᠠᠭᠤᠳᠠᠭ ᠪᠣᠯᠣᠭᠰᠠᠨ ᠢᠶᠠᠷ᠂ ᠨᠤᠲᠤᠭ ᠤᠨ ᠵᠣᠨ ᠣᠯᠠᠨ ᠮᠢᠨᠢ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠤᠷ ᠢᠶᠠᠷ ᠮᠥᠷ ᠢᠶᠠᠨ ᠭᠠᠷᠭᠠᠵᠤ ᠪᠠᠷᠠᠮᠠᠭᠴᠠ ᠯᠡ ᠵᠢᠪᠠᠷ ᠬᠡᠶᠢᠰᠬᠡᠨ ᠢᠷᠡᠵᠦ ᠨᠠᠰᠤᠲᠠᠢ ᠡᠵᠢ ᠲᠠᠢ ᠮᠢᠨᠢ ᠰᠢᠨ᠎ᠡ ᠶᠢᠨ ᠵᠣᠯᠭᠠᠯᠲᠠ ᠬᠢᠵᠦ᠂ ᠮᠠᠨ ᠤ ᠭᠡᠷ ᠤᠨ ᠴᠠᠭᠠᠨ ᠰᠠᠷ᠎ᠠ ᠭᠡᠵᠦ ᠶᠤᠰᠤᠳᠠᠢ ︽ᠡᠳ᠋ ᠢᠶᠠᠷ ᠬᠤᠮᠰᠠ ᠴᠤ ᠰᠡᠦᠨᠬᠢᠯ ᠢᠶᠠᠷ ᠪᠠᠶᠠᠨ ᠳᠦᠭᠦᠷᠡᠩ︾ ᠪᠠᠶᠠᠷ ᠶᠣᠰᠤᠯᠠᠯ ᠪᠣᠯᠳᠠᠭ ᠭᠡᠵᠦ ᠪᠠᠭ᠋ᠠᠲᠤᠯ ᠲᠠᠢ ᠶᠠᠷᠢᠭᠰᠠᠨ ᠨᠢ ᠲᠡᠷᠡ ᠦᠶ᠎ᠡ ᠶᠢᠨ ᠴᠠᠭᠠᠨ ᠰᠠᠷ᠎ᠠ ᠪᠠ ᠪᠠᠶᠠᠷ ᠶᠤᠰᠤᠯᠠᠯ ᠬᠡᠷᠬᠢᠨ ᠥᠪᠡᠳᠡᠭᠰᠢ᠂ ᠥᠷᠭᠡᠨ ᠳᠡᠯᠭᠡᠷ᠂ ᠥᠪᠡᠷᠮᠢᠴᠡ᠂ ᠤᠯᠠᠮᠵᠢᠯᠠᠯ ᠲᠠᠢ ᠶᠠᠪᠤᠭᠳᠠᠵᠤ ᠪᠠᠶᠢᠭᠰᠠᠨ ᠢ ᠬᠠᠭᠤᠴᠢᠯᠠᠭᠰᠠᠨ ᠬᠡᠷᠡᠭ ᠪᠢᠯᠡ᠃      ᠴᠠᠭᠠᠨ ᠰᠠᠷ᠎ᠠ ᠳᠤ ᠠᠶᠢᠯ ᠪᠣᠯᠭᠠᠨ ᠲᠠᠪᠠᠭ ᠲᠠᠢ ᠢᠳᠡᠭᠡ ᠵᠠᠰᠠᠵᠤ᠂ ᠢᠷᠡᠭᠰᠡᠨ ᠭᠡᠶᠢᠴᠢᠨ ᠢᠶᠠᠨ ᠵᠣᠴᠢᠯᠠᠳᠠᠭ ᠲᠤᠬᠠᠢ ᠰᠠᠯᠵᠢᠤᠨ ᠭᠤᠸᠠᠢ ᠢᠩᠭᠢᠵᠦ ᠬᠠᠭᠤᠴᠢᠯᠠᠯ᠎ᠠ᠄      ᠪᠢᠳᠡ ᠠᠶᠢᠯ ᠰᠠᠭᠠᠬᠠᠯᠲᠠ ᠪᠠᠷ ᠣᠷᠤᠵᠤ ᠰᠢᠨᠡᠯᠡᠬᠦ ᠳᠡᠭᠡᠨ᠂ ᠲᠠᠯᠪᠢᠭᠰᠠᠨ ᠲᠠᠪᠠᠭ ᠲᠠᠢ ᠢᠳᠡᠭᠡᠨ ᠤ ᠳᠡᠭᠡᠵᠢ ᠠᠴᠠ ᠨᠢ ᠤᠷᠢᠳᠠᠪᠠᠷ ᠠᠮᠰᠠᠵᠤ᠂ ᠳᠠᠷᠠᠭ᠎ᠠ ᠨᠢ ᠬᠠᠩᠭᠠᠢ ᠳᠡᠯᠡᠬᠡᠢ᠂ ᠭᠠᠵᠠᠷ ᠤᠰᠣᠨ ᠳᠠᠭᠠᠨ ᠡᠷᠭᠦᠳᠡᠭ᠃ ᠬᠦᠮᠦᠨ ᠠᠷᠠᠤᠨ ᠨᠢ ᠬᠦᠵᠢ ᠳᠡᠯᠡᠬᠡᠢ ᠪᠠᠨ ᠳᠡᠭᠡᠳᠦᠯᠡᠨ ᠰᠢᠲᠦᠵᠦ ᠪᠠᠶᠢᠭᠰᠠᠨ ᠡᠷᠲᠡᠨ ᠤ ᠵᠠᠩ ᠦᠢᠯᠡ ᠬᠠᠷᠢᠨ ᠣᠳᠤ ᠶᠢᠨ ᠰᠢᠨ᠎ᠡ ᠴᠠᠭ ᠦᠶ᠎ᠡ ᠶᠢᠨ ᠣᠩᠭᠤᠨ ᠪᠠᠶᠢᠭᠠᠯᠢ ᠪᠠᠨ ᠰᠢᠲᠦᠵᠦ ᠬᠠᠮᠠᠭᠠᠯᠠᠨ᠎ᠠ ᠭᠡᠰᠡᠨ ᠰᠠᠨᠠᠭ᠎ᠠ ᠣᠨᠤᠭ᠎ᠠ  ᠲᠠᠢ ᠶᠠᠪ ᠨᠡᠶᠢᠴᠡᠵᠦ ᠴᠠᠪ ᠲᠠᠭᠠᠷᠠᠭᠰᠠᠨ ᠤᠴᠢᠷ ᠪᠣᠯᠣᠯᠲᠠᠢ ᠭᠡᠯ᠎ᠡ᠃      ᠲᠡᠶᠢᠮᠤ ᠡ᠂ ᠣᠨ ᠲᠡᠦᠬᠡ ᠶᠢᠨ ᠥᠨᠳᠦᠷ ᠤᠯᠪᠠᠭ᠎ᠠ ᠲᠠᠢ ᠳᠤᠮᠳᠠᠳᠤ ᠶᠢᠨ ᠴᠠᠭᠠᠨ ᠰᠠᠷ᠎ᠠ ᠨᠢ ᠬᠦᠮᠦᠨ ᠲᠥᠷᠦᠯᠬᠢᠲᠡᠨ ᠤ ᠪᠠᠯᠠᠷ ᠡᠷᠲᠡᠨ ᠳᠡᠭᠡᠨ ᠪᠠᠶᠢᠭᠠᠯᠢ ᠳᠡᠯᠡᠬᠡᠢ ᠪᠠᠨ ᠰᠢᠲᠦᠨ ᠳᠡᠭᠡᠳᠦᠯᠡᠵᠦ᠂ ᠢᠲᠡᠭᠡᠨ ᠪᠢᠰᠢᠷᠡᠵᠦ ᠪᠠᠶᠢᠭᠰᠠᠨ ᠵᠠᠩᠰᠢᠯ ᠪᠠᠶᠢᠭᠰᠠᠨ ᠪᠣᠯ ᠡᠳᠦᠭᠡ ᠴᠠᠭ ᠪᠣᠯᠵᠤ ᠢᠷᠡᠬᠦ ᠳᠤ ᠲᠡᠷᠡ ᠨᠢ ᠪᠠᠶᠠᠷ ᠶᠣᠰᠤᠯᠠᠯ ᠪᠠ ᠠᠷᠠᠤᠨ ᠤᠨ ᠳᠤᠮᠳᠠᠬᠢ ᠰᠣᠶᠣᠯ ᠢᠷᠭᠡᠨᠰᠢᠯ ᠪᠣᠯᠵᠤ ᠬᠤᠪᠢᠷᠠᠨ᠂ ᠡᠭᠦᠨ ᠠᠴᠠ ᠤᠯᠪᠠᠭᠠᠯᠠᠨ ︽ᠲᠥᠷᠦ ᠮᠢᠨᠢ ᠲᠥᠪᠰᠢᠨ ᠲᠥᠪ᠂ ᠲᠦᠮᠡᠨ ᠮᠢᠨᠢ ᠲᠠᠶᠢᠪᠤᠩ ᠠᠮᠤᠭᠤᠯᠠᠩ︾ ᠭᠡᠬᠦ ᠬᠦᠮᠦᠨ ᠠᠷᠠᠤᠨ ᠢᠶᠠᠨ ᠵᠥᠩᠨᠡᠨ ᠢᠷᠦᠭᠡᠳᠡᠭ ᠪᠡᠯᠭᠡ ᠳᠡᠮᠪᠡᠷᠢᠯ ᠲᠠᠢ ᠤᠷᠮ᠎ᠠ ᠰᠡᠦᠨᠬᠢᠯᠭᠡᠨ ᠤ ᠪᠠ ᠮᠠᠯ ᠰᠦᠷᠦᠭ ᠢᠶᠠᠨ ᠮᠢᠯᠢᠶᠠᠳᠠᠭ ︽ᠳᠠᠭ᠎ᠠ ᠳᠠᠯᠠᠩ ᠲᠠᠢ᠂ ᠪᠢᠷᠠᠭᠤ ᠪᠣᠯᠴᠢᠩ ᠲᠠᠢ᠂ ᠲᠥᠯᠥᠭᠡ ᠰᠡᠭᠦᠯ ᠲᠠᠢ᠂ ᠲᠣᠷᠣᠮ ᠪᠥᠬᠦ ᠲᠠᠢ︾ ᠭᠡᠬᠦ ᠮᠡᠲᠦ ᠶᠢᠨ ᠪᠡᠯᠭᠡᠳᠡᠯ ᠤᠨ ᠦᠭᠡᠰ ᠭᠠᠷᠤᠭᠰᠠᠨ ᠨᠢ ᠭᠠᠷᠴᠠᠭ᠎ᠠ ᠦᠭᠡᠢ ᠡ᠃ᠭ᠊      ‍ᠥ᠋ᠬᠡ ᠯᠤᠤ ᠵᠢᠯ ᠤᠨ ᠴᠠᠭᠠᠨ ᠰᠠᠷ᠎ᠠ ᠬᠠᠶᠠᠭᠠᠨ ᠳᠤ ᠮᠢᠨᠢ ᠰᠠᠭᠠᠲᠠᠬᠤ ᠭᠡᠵᠦ ᠪᠠᠶᠢᠭ᠎ᠠ ᠡᠨᠡ ᠪᠠᠶᠠᠷᠲᠤ ᠮᠥᠴᠡ ᠪᠠᠷ ᠡᠭᠡᠯ ᠵᠢᠷ ᠤᠨ ᠬᠥᠳᠡᠯᠮᠦᠷᠢᠴᠢᠨ ᠮᠥᠷᠲᠡᠭᠡᠨ ᠡᠩ ᠦᠭᠡᠢ ᠶᠡᠭᠡ ᠰᠣᠶᠣᠯ ᠢᠶᠠᠨ ᠳᠡᠭᠡᠳᠦᠯᠡᠨ ᠤᠯᠠᠮᠵᠢᠯᠠᠵᠤ ᠢᠷᠡᠭᠰᠡᠨ ᠰᠠᠯᠵᠢᠤᠨ᠂ ᠸᠠᠩ ᠱᠢ ᠶᠢᠩ ᠬᠤᠶᠠᠷ ᠪᠤᠭᠤᠷᠤᠯ ᠳᠠᠭᠠᠨ ᠬᠦᠨᠲᠦᠦᠨᠬᠡᠯ ᠳᠡᠪᠰᠢᠭᠦᠯᠵᠦ᠂ ᠲᠡᠳᠡᠨ ᠤ ᠤᠷᠲᠤ ᠨᠠᠰᠤᠯᠠᠵᠤ ᠤᠳᠠᠭᠠᠨ ᠵᠢᠷᠭᠠᠬᠤ ᠶᠢ ᠨᠢ ᠵᠥᠩᠨᠡᠵᠦ ᠪᠠᠶᠢᠬᠤ ᠶᠢᠨ ᠬᠠᠮᠲᠤ ᠰᠠᠷ᠎ᠠ ᠰᠢᠨ᠎ᠡ ᠳᠡᠭᠡᠨ ᠲᠠ ᠪᠦᠬᠦᠨ ᠤ ᠶᠠᠭᠤ ᠰᠠᠨᠠᠭᠰᠠᠨ ᠶᠢᠰᠦᠨ ᠴᠠᠭᠠᠨ ᠬᠦᠰᠡᠯ ᠲᠠᠨᠢ ᠰᠡᠦᠨᠬᠢᠯᠴᠢᠯᠡᠨ ᠪᠦᠲᠦᠵᠦ᠂ ᠰᠠᠨᠠᠭ᠎ᠠ ᠲᠠᠨᠢ ᠴᠠᠭᠠᠨ᠂ ᠰᠡᠦᠨᠬᠢᠯ ᠲᠠᠨᠢ ᠠᠷᠢᠭᠤᠨ᠂ ᠬᠠᠷᠭᠤᠢ ᠲᠠᠨᠢ ᠳᠡᠷᠳᠠᠩ ᠪᠠᠶᠢᠬᠤ ᠶᠢᠨ ᠥᠯᠵᠡᠢ ᠲᠠᠢ ᠵᠥᠩᠨᠡᠯ ᠢ ᠡᠷᠭᠦᠨ ᠡᠷᠭᠦᠨ ᠳᠡᠪᠰᠢᠭᠦᠯᠵᠦ ᠪᠠᠶᠢᠨ᠎ᠠ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号