ᠦᠴᠦᠸᠠᠨ ᠰᠢᠶᠠᠨ ᠤ ᠣᠶ ᠰᠢᠭᠤᠢ ᠨᠤᠲᠤᠭ ᠪᠡᠯᠴᠢᠭᠡᠷ ᠤᠨ ᠠᠮᠢ ᠠᠬᠤᠢ ᠶᠢᠨ ᠬᠠᠮᠠᠭᠠᠯᠠᠯᠲᠠ ᠶᠢᠨ ᠲᠥᠪ ᠮᠣᠳᠣ ᠳᠠᠷᠢᠬᠤ ᠪᠠᠶᠠᠷ ᠤᠨ ᠡᠳᠦᠷ ᠤᠨ ᠤᠬᠠᠭᠤᠯᠭ᠎ᠠ ᠶᠢᠨ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/3/14
     ᠬᠠᠪᠤᠷ ᠤᠨ ᠤᠷᠢᠬᠠᠨ ᠰᠠᠯᠬᠢᠨ ᠤ ᠠᠶᠠᠰ ᠢᠶᠠᠷ ᠰᠢᠨ᠎ᠡ ᠨᠣᠭᠤᠭᠠᠷᠠᠭᠤᠯᠤᠯᠲᠠ ᠶᠢ ᠲᠦᠷᠭᠡᠳᠬᠡᠵᠦ᠂ ᠮᠣᠳᠣ ᠲᠠᠷᠢᠬᠤ ᠴᠠᠭ ᠦᠶ᠎ᠡ ᠶᠠᠭ ᠬᠦᠷᠴᠦ ᠢᠷᠡᠯ᠎ᠡ᠃ 3 ᠰᠠᠷ᠎ᠠ ᠶᠢᠨ 13 ᠤ ᠡᠳᠦᠷ᠂ ᠦᠴᠦᠸᠠᠨ ᠰᠢᠶᠠᠨ ᠤ ᠣᠶ ᠰᠢᠭᠤᠢ ᠨᠤᠲᠤᠭ ᠪᠡᠯᠴᠢᠭᠡᠷ ᠤᠨ ᠠᠮᠢ ᠠᠬᠤᠢ ᠶᠢᠨ ᠬᠠᠮᠠᠭᠠᠯᠠᠯᠲᠠ ᠶᠢᠨ ᠲᠥᠪ ᠬᠥᠬᠡ ᠡᠷᠭᠢ ᠪᠠᠯᠭᠠᠰᠤᠨ ᠤ ᠶᠢᠩ ᠪᠢᠨ ᠨᠡᠶᠢᠭᠡᠮ ᠲᠣᠭᠤᠷᠢᠭ ᠲᠠᠢ ᠬᠠᠮᠲᠤᠷᠠᠨ ︽ᠬᠠᠪᠤᠷ ᠤᠨ ᠤᠷᠢᠨ ᠳᠤᠯᠠᠭᠠᠨ ᠭᠤᠷᠪᠠᠨ ᠰᠠᠷ᠎ᠠ ᠳᠤ ᠯᠧᠢ ᠹᠧᠩ ᠠᠴᠠ ᠰᠤᠷᠤᠯᠴᠠᠶ᠎ᠠ · ᠮᠣᠳᠣ ᠳᠠᠷᠢᠵᠤ ᠨᠣᠭᠤᠭᠠᠷᠠᠭᠤᠯᠤᠯᠲᠠ ᠶᠢ ᠨᠡᠮᠡᠭᠳᠡᠭᠦᠯᠬᠦ ᠪᠠᠷ ᠪᠢ ᠤᠷᠢᠳ ᠢᠶᠠᠷ ᠶᠠᠪᠤᠶ᠎ᠠ︾ ᠭᠡᠬᠦ ᠭᠤᠣᠯ ᠰᠡᠳᠦᠪᠲᠦ ᠮᠣᠳᠣ ᠳᠠᠷᠢᠬᠤ ᠪᠠᠶᠠᠷ ᠤᠨ ᠡᠳᠦᠷ ᠤᠨ ᠤᠬᠠᠭᠤᠯᠭ᠎ᠠ ᠶᠢᠨ ᠠᠵᠢᠯᠯᠠᠭ᠎ᠠ ᠥᠷᠨᠢᠭᠦᠯᠪᠡ᠃ ᠲᠣᠰ ᠠᠵᠢᠯᠯᠠᠭ᠎ᠠ ᠳᠤ ᠪᠥᠬᠦ ᠨᠡᠶᠢᠭᠡᠮ ᠢᠶᠠᠷ ᠢᠶᠠᠨ ︽ᠢᠨᠲ᠋ᠧᠷ ᠰᠦᠯᠵᠢᠶ᠎ᠡ + ᠪᠥᠬᠦ ᠠᠷᠠᠳ ᠤᠨ ᠠᠯᠪᠠᠨ ᠵᠢᠷᠤᠮ ᠤᠨ ᠮᠣᠳᠣ ᠳᠠᠷᠢᠬᠤ︾ ︽ᠥᠪᠥᠷ ᠮᠣᠩᠭᠤᠯ ᠤᠨ ᠪᠥᠬᠦ ᠠᠷᠠᠳ ᠤᠨ ᠮᠣᠳᠣ ᠳᠠᠷᠢᠬᠤ ᠲᠣᠣᠷ︾ ᠵᠡᠷᠭᠡ ᠰᠢᠨ᠎ᠡ ᠲᠠᠪᠴᠠᠩ ᠢᠶᠠᠷ ᠳᠠᠮᠵᠢᠭᠤᠯᠤᠨ ᠨᠤᠲᠤᠭ ᠣᠷᠣᠨ ᠤ ᠪᠠᠨ ᠨᠣᠭᠤᠭᠠᠷᠠᠭᠤᠯᠤᠯᠲᠠ ᠳᠤ ᠢᠳᠡᠪᠬᠢᠲᠡᠢ ᠣᠷᠣᠯᠴᠠᠵᠤ᠂ ᠣᠯᠠᠨ ᠨᠡᠶᠢᠲᠡ ᠶᠢᠨ ᠠᠯᠪᠠᠨ ᠵᠢᠷᠤᠮ ᠤᠨ ᠮᠣᠳᠣ ᠳᠠᠷᠢᠬᠤ ᠬᠠᠷᠢᠭᠤᠴᠠᠯᠭ᠎ᠠ ᠪᠠᠨ ᠭᠦᠢᠴᠡᠳᠬᠡᠬᠦ ᠠᠷᠭ᠎ᠠ ᠮᠠᠶ᠋ᠢᠭ ᠢ ᠤᠯᠠᠮ ᠨᠢᠭᠡ ᠠᠯᠬᠤᠮ ᠥᠷᠭᠡᠳᠬᠡᠨ᠂ ᠦᠴᠦᠸᠠᠨ ᠤ ᠡᠬᠡ ᠭᠠᠵᠠᠷ ᠢ ᠨᠠᠩ ᠬᠡᠭᠡᠨᠴᠢᠷ ᠰᠠᠶᠢᠬᠠᠨ ᠥᠩᠭᠡ ᠵᠢᠰᠦ ᠲᠠᠢ ᠪᠣᠯᠭᠠᠬᠤ ᠶᠢ ᠰᠠᠨᠠᠭᠠᠴᠢᠯᠠᠪᠠ᠃
     ᠠᠵᠢᠯᠯᠠᠭ᠎ᠠ ᠨᠢ ᠤᠬᠠᠭᠤᠯᠭ᠎ᠠ ᠶᠢᠨ ᠰᠠᠮᠪᠠᠷ᠎ᠠ ᠶᠢ ᠳᠡᠯᠭᠡᠨ ᠦᠵᠡᠭᠦᠯᠬᠦ᠂ ᠤᠬᠠᠭᠤᠯᠭ᠎ᠠ ᠶᠢᠨ ᠳᠡᠪᠲᠡᠷ ᠲᠠᠷᠬᠠᠭᠠᠬᠤ᠂ ᠲᠤᠬᠠᠢ ᠶᠢᠨ ᠲᠠᠯᠠᠪᠤᠷ ᠲᠤ ᠮᠠᠳᠠᠭ ᠲᠠᠢ ᠠᠰᠠᠭᠤᠳᠠᠯ ᠢ ᠬᠠᠷᠢᠭᠤᠯᠬᠤ ᠵᠡᠷᠭᠡ ᠬᠡᠯᠪᠡᠷᠢ ᠪᠠᠷ ᠳᠠᠮᠵᠢᠭᠤᠯᠤᠨ᠂ ᠣᠯᠠᠨ ᠨᠡᠶᠢᠲᠡ ᠳᠤ ᠠᠯᠪᠠᠨ ᠵᠢᠷᠤᠮ ᠤᠨ ᠮᠣᠳᠣ ᠳᠠᠷᠢᠬᠤ ᠲᠥᠷᠥ ᠶᠢᠨ ᠪᠣᠳᠣᠯᠭ᠎ᠠ ᠬᠠᠤᠯᠢ ᠲᠣᠭᠲᠠᠭᠠᠯ᠂ ᠣᠶ ᠰᠢᠭᠤᠢ ᠪᠠ ᠨᠤᠲᠤᠭ ᠪᠡᠯᠴᠢᠭᠡᠷ ᠤᠨ ᠳᠠᠭᠠᠳᠬᠠᠯ ᠤᠨ ᠲᠥᠷᠥ ᠶᠢᠨ ᠪᠣᠳᠣᠯᠭ᠎ᠠ᠂ ᠨᠣᠭᠤᠭᠠᠷᠠᠭᠤᠯᠤᠯᠲᠠ ᠶᠢᠨ ᠤᠬᠠᠭᠤᠯᠭ᠎ᠠ ᠵᠡᠷᠭᠡ ᠮᠡᠳᠡᠯᠭᠡ ᠶᠢ ᠲᠦᠭᠡᠮᠡᠯᠵᠢᠭᠦᠯᠵᠦ᠂ ᠪᠥᠬᠦ ᠠᠷᠠᠳ ᠤᠨ ᠨᠣᠭᠤᠭᠠᠷᠠᠭᠤᠯᠤᠯᠲᠠ ᠶᠢ ᠡᠷᠬᠢᠮᠯᠡᠨ ᠨᠣᠭᠤᠭᠠᠷᠠᠭᠤᠯᠤᠯᠲᠠ ᠶᠢ ᠬᠠᠮᠠᠭᠠᠯᠠᠬᠤ ᠭᠦᠨ ᠵᠤᠵᠠᠭᠠᠨ ᠨᠡᠶᠢᠭᠡᠮ ᠤᠨ ᠠᠭᠤᠷ ᠠᠮᠢᠰᠬᠤᠯ ᠢ ᠪᠣᠶ ᠪᠣᠯᠭᠠᠪᠠ᠃      ᠲᠤᠰ ᠤᠳᠠᠭ᠎ᠠ ᠶᠢᠨ ᠠᠵᠢᠯᠯᠠᠭ᠎ᠠ ᠨᠢ ᠰᠢ ᠶᠢᠨ ᠫᠢᠩ ᠤᠨ ᠠᠮᠢ ᠠᠬᠤᠢ ᠶᠢᠨ ᠪᠣᠯᠪᠠᠰᠤᠨ ᠤ ᠦᠵᠡᠯ ᠰᠠᠨᠠᠭ᠎ᠠ ᠶᠢ ᠴᠢᠨᠠᠭᠰᠢᠳᠠ ᠲᠤᠭᠤᠰᠢᠯᠠᠭᠤᠯᠵᠤ᠂ ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠳᠠ ᠮᠥᠩᠭᠦᠨ ᠠᠭᠤᠯᠠ ᠪᠣᠯᠬᠤ ᠣᠶᠢᠯᠠᠭᠠᠭᠳᠠᠬᠤᠨ ᠢ ᠭᠦᠨᠵᠡᠭᠡᠢ ᠦᠢᠯᠡᠳᠦᠯᠭᠡᠵᠢᠭᠦᠯᠵᠦ᠂ ᠪᠦᠬᠦ ᠠᠷᠠᠳ ᠤᠨ ᠨᠣᠭᠤᠭᠠᠷᠠᠭᠤᠯᠤᠯᠲᠠ ᠶᠢ ᠬᠠᠶᠢᠷᠠᠯᠠᠵᠤ ᠨᠣᠭᠤᠭᠠᠷᠠᠭᠤᠯᠤᠯᠲᠠ ᠶᠢ ᠬᠠᠮᠠᠭᠠᠯᠠᠬᠤ᠂ ᠬᠡᠭᠡᠷ᠎ᠡ ᠶᠢᠨ ᠠᠮᠢᠳᠠᠨ ᠤᠷᠭᠤᠮᠠᠯ ᠢ ᠬᠠᠮᠠᠭᠠᠯᠠᠬᠤ ᠤᠬᠠᠮᠰᠠᠷ ᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠪᠦᠬᠦ ᠠᠷᠠᠳ ᠢᠶᠠᠷ ᠢᠶᠠᠨ ᠢᠳᠡᠪᠬᠢᠲᠡᠢ ᠬᠥᠳᠡᠯᠦᠯᠴᠡᠵᠦ᠂ ᠪᠦᠬᠦ ᠠᠷᠠᠳ ᠤᠨ ᠠᠯᠪᠠᠨ ᠵᠢᠷᠤᠮ ᠤᠨ ᠮᠣᠳᠣ ᠲᠠᠷᠢᠬᠤ ᠠᠵᠢᠯᠯᠠᠭ᠎ᠠ ᠳᠤ ᠢᠳᠡᠪᠬᠢᠲᠡᠢ ᠣᠷᠣᠯᠴᠠᠵᠤ᠂ ᠪᠣᠬᠢᠷᠲᠤᠯ ᠦᠭᠡᠢ ᠭᠡᠷ ᠣᠷᠣᠨ ᠢ ᠬᠠᠮᠲᠤᠪᠠᠷ ᠪᠦᠲᠦᠭᠡᠨ ᠪᠠᠶᠢᠭᠤᠯᠵᠤ᠂ ᠪᠣᠬᠢᠷᠲᠤᠯ ᠦᠭᠡᠢ ᠠᠮᠢ ᠠᠬᠤᠢ ᠶᠢ ᠬᠠᠮᠲᠤᠪᠠᠷ ᠡᠳ᠋ᠯᠡᠬᠦ ᠶᠢ ᠤᠷᠢᠶᠠᠯᠠᠬᠤ ᠶᠢᠨ ᠲᠥᠯᠥᠭᠡ ᠶᠤᠮ᠃      ᠦᠴᠦᠸᠠᠨ ᠰᠢᠶᠠᠨ ᠤ ᠤᠢ ᠰᠢᠭᠤᠢ ᠲᠠᠯ᠎ᠠ ᠨᠤᠲᠤᠭ ᠤᠨ ᠠᠮᠢ ᠠᠬᠤᠢ ᠶᠢᠨ ᠬᠠᠮᠠᠭᠠᠯᠠᠯᠲᠠ ᠶᠢᠨ ᠲᠥᠪ ᠤᠨ ᠲᠦᠩ ᠯᠢ ᠴᠢᠶᠠᠩ ᠰᠤᠷᠪᠤᠯᠵᠢᠯᠠᠭᠴᠢ ᠳᠤ᠄ ︽ᠲᠦᠮᠡᠨ ᠪᠣᠳᠠᠰ ᠨᠣᠭᠤᠭᠠᠷᠠᠵᠤ᠂ ᠡᠬᠡ ᠭᠠᠵᠠᠷ ᠲᠤ ᠬᠠᠪᠤᠷ ᠤᠨ ᠤᠯᠠᠷᠢᠯ ᠢᠷᠡᠬᠦᠶ᠎ᠡ ᠪᠠᠰᠠ ᠨᠢᠭᠡ ᠵᠢᠯ ᠤᠨ ᠮᠣᠳᠣ ᠲᠠᠷᠢᠬᠤ ᠰᠠᠶᠢᠬᠠᠨ ᠴᠠᠭ ᠮᠥᠴᠡ ᠪᠣᠯᠣᠨ᠎ᠠ᠃ ᠮᠣᠳᠣ ᠲᠠᠷᠢᠵᠤ ᠣᠶᠢᠵᠢᠭᠤᠯᠬᠤ᠂ ᠭᠡᠷ ᠣᠷᠣᠨ ᠢᠶᠠᠨ ᠨᠣᠭᠤᠭᠠᠷᠠᠭᠤᠯᠬᠤ ᠪᠣᠯ ᠮᠢᠩᠭᠠᠨ ᠣᠨ ᠲᠦᠮᠡᠨ ᠦᠶ᠎ᠡ ᠳᠤ ᠪᠤᠶᠠᠨ ᠦᠢᠯᠡᠳᠬᠦ ᠶᠡᠭᠡ ᠶᠠᠪᠤᠳᠠᠯ ᠮᠥᠨ᠂ ᠠᠷᠠᠳ ᠢᠷᠭᠡᠨ ᠨᠢᠭᠡᠪᠦᠷᠢ ᠶᠢᠨ ᠭᠦᠢᠴᠡᠳᠬᠡᠪᠡᠰᠦ ᠵᠣᠬᠢᠬᠤ ᠡᠭᠦᠷᠭᠡ ᠮᠥᠨ᠂ ᠪᠠᠰᠠ ᠴᠤ ᠠᠮᠢ ᠠᠬᠤᠢ ᠶᠢᠨ ᠪᠣᠯᠪᠠᠰᠤᠨ ᠢ ᠪᠠᠶᠢᠭᠤᠯᠬᠤ ᠪᠣᠳᠠᠲᠠᠢ ᠦᠢᠯᠡᠳᠦᠯᠭᠡ ᠮᠥᠨ᠃ ᠡᠨᠡ ᠵᠢᠯ ᠪᠢᠳᠡ ᠳᠤᠮᠳᠠᠳᠤ ᠤᠯᠤᠰ ᠤᠨ 46 ᠳ᠋ᠤᠭᠠᠷ ᠮᠣᠳᠣ ᠳᠠᠷᠢᠬᠤ ᠪᠠᠶᠠᠷ ᠤᠨ ᠡᠳᠦᠷ ᠢ ᠤᠭᠲᠤᠨ ᠠᠪᠴᠢᠷᠠᠯ᠎ᠠ᠂ ᠪᠢᠳᠡ ︿ᠬᠠᠪᠤᠷ ᠤᠨ ᠤᠷᠢᠨ ᠳᠤᠯᠠᠭᠠᠨ ᠭᠤᠷᠪᠠᠨ ᠰᠠᠷ᠎ᠠ ᠳᠤ ᠯᠧᠢ ᠹᠧᠩ ᠠᠴᠠ ᠰᠤᠷᠤᠯᠴᠠᠶ᠎ᠠ · ᠮᠣᠳᠣ ᠳᠠᠷᠢᠵᠤ ᠨᠣᠭᠤᠭᠠᠷᠠᠭᠤᠯᠤᠯᠲᠠ ᠶᠢ ᠨᠡᠮᠡᠭᠳᠡᠭᠦᠯᠬᠦ ᠪᠠᠷ ᠪᠢ ᠤᠷᠢᠳ ᠢᠶᠠᠷ ᠶᠠᠪᠤᠶ᠎ᠠ﹀ ᠭᠡᠬᠦ ᠠᠵᠢᠯᠯᠠᠭ᠎ᠠ ᠶᠢᠨ ᠥᠷᠨᠢᠯᠲᠡ ᠶᠢ ᠪᠤᠶ ᠪᠣᠯᠭᠠᠵᠤ᠂ ᠮᠠᠨ ᠤ ᠰᠢᠶᠠᠨ ᠤ ᠠᠮᠢ ᠠᠬᠤᠢ ᠣᠷᠴᠢᠨ ᠨᠥᠬᠦᠴᠡᠯ ᠢ ᠤᠯᠠᠮ ᠨᠢᠭᠡ ᠠᠯᠬᠤᠮ ᠨᠣᠭᠤᠭᠠᠷᠠᠭᠤᠯᠤᠨ ᠭᠤᠶᠣᠵᠢᠭᠤᠯᠬᠤ ᠪᠣᠯᠣᠨ᠎ᠠ︾ ᠭᠡᠵᠡᠢ᠃              ᠢᠷᠡᠯᠲᠡ᠄ ᠦᠴᠦᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ
 
ᠢᠷᠡᠯᠲᠡ᠄ ᠦᠴᠦᠸᠠᠨ ᠰᠢᠶᠠᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号