ᠠᠷᠪᠠ ᠭᠦᠷᠦᠭᠡ ᠦᠭᠡᠢ ᠨᠠᠰᠤᠨ ᠳᠠᠭᠠᠨ ᠦᠶ᠎ᠡ ᠶᠢᠨ ᠥᠨᠥᠴᠢᠨ ᠵᠠᠩᠭᠠᠷ ᠤᠨ ᠦᠯᠢᠭᠡᠷ ᠲᠤᠤᠯᠢᠰ ᠲᠠᠢ | ᠲᠠᠨᠢᠯᠴᠠᠭᠰᠠᠨ ᠪᠢᠯᠡ ᠤᠤ ᠪᠢ᠂ ᠬᠠᠨᠴᠤᠢ ᠶᠢᠨ ᠨᠢᠰᠦᠨ ᠳᠠᠭᠠᠨ ᠵᠥᠪ ᠦᠭᠡᠢ ᠠᠳᠡᠯᠠ ᠠᠷᠠᠭ ᠤᠯᠠᠭᠠᠨ ᠬᠤᠩᠭᠤᠷ | ᠰᠢᠭ᠋ ᠠᠭᠠᠷᠬᠠᠵᠤ ᠬᠡᠶᠢᠷᠬᠡᠵᠦ ᠶᠠᠪᠤᠭᠰᠠᠨ ᠪᠢᠯᠡ ᠤᠤ ᠪᠢ᠃ | ᠪᠠᠭ᠎ᠠ ᠰᠤᠷᠭᠠᠭᠤᠯᠢ ᠶᠢᠨ ᠭᠤᠷᠪᠠᠳᠤᠭᠠᠷ ᠣᠨ ᠳᠤ ᠣᠷᠣᠭᠰᠠᠨ ᠲᠡᠷᠡ ᠨᠠᠮᠤᠷ ᠯᠠ ᠳ᠋ᠠ᠃ ᠪᠠᠭᠰᠢᠯᠠᠵᠤ | ᠪᠠᠶᠢᠭᠰᠠᠨ ᠡᠭᠡᠴᠢ ᠶᠢᠨ ᠢᠶᠠᠨ ᠪᠠᠶᠢᠷᠢᠨ ᠳᠤ ᠣᠷᠣᠬᠤ ᠳᠤ ᠶᠠᠭ ᠶᠠᠭᠤᠮ᠎ᠠ ᠬᠡᠦᠮ᠎ᠡ ᠪᠠᠨ ᠳᠢᠭᠯᠡᠨ ᠬᠤᠷᠢᠶᠠᠵᠤ | ᠪᠠᠶᠢᠬᠤ ᠲᠠᠭᠠᠷᠠᠬᠰᠠᠨ ᠶᠤᠮ᠃ ᠡᠭᠡᠴᠢ ᠳᠤ ᠠᠳᠠᠯᠢᠬᠠᠨ ᠬᠤᠶᠠᠷ ᠰᠢᠷ᠎ᠠ ᠲᠠᠪᠰᠠᠭ ᠲᠠᠢ᠃ ᠨᠢᠭᠡᠨ ᠳᠤᠨᠢ ᠨᠠᠷᠢᠨ ᠨᠠᠨᠳᠢᠨ | ᠵᠦᠢᠯᠡᠰ ᠢᠶᠠᠨ ᠬᠢᠵᠦ᠂ ᠨᠦᠭᠦᠭᠡ ᠳᠤᠨᠢ ᠡᠩ ᠤᠨ ᠬᠡᠷᠡᠭᠯᠡᠭᠡᠨ ᠤ ᠶᠠᠭᠤᠮᠠᠰ ᠢᠶᠠᠨ ᠬᠢᠳᠡᠭ ᠪᠠᠶᠢᠭᠰᠠᠨ᠃ ᠨᠠᠮ᠎ᠠ ᠶᠢ | ᠬᠦᠷᠬᠦ ᠳᠤ ᠶᠠᠭ ᠨᠦᠭᠦᠭᠡ ᠨᠠᠷᠢᠨ ᠨᠠᠨᠳᠢᠨ ᠵᠦᠢᠯᠡᠰ ᠢᠶᠠᠨ ᠬᠢᠳᠡᠭ ᠲᠠᠪᠰᠠᠭ ᠢᠶᠠᠨ ᠳᠢᠭᠯᠡᠵᠦ ᠪᠠᠶᠢᠪᠠ᠃ ᠡᠩ ᠤᠨ | ᠦᠶ᠎ᠡ ᠳᠤ ᠨᠡᠭᠡᠭᠡᠬᠦ ᠶᠢ ᠨᠢ ᠬᠠᠷᠠᠳᠠᠭ ᠦᠭᠡᠢ ᠪᠣᠯᠬᠤᠷ ᠰᠣᠨᠢᠷᠬᠠᠨ ᠥᠩᠭᠡᠶᠢᠪᠡᠯ ᠢᠷᠤᠭᠠᠷ ᠲᠤᠨᠢ ᠨᠡᠯᠢᠶᠡᠳ ᠬᠡᠳᠦᠨ | ᠳᠡᠪᠲᠡᠷ ᠨᠣᠮ ᠢ ᠬᠡᠪᠲᠡᠭᠦᠯᠦᠨ ᠲᠠᠯᠪᠢᠭᠰᠠᠨ ᠪᠠᠶᠢᠬᠤ ᠪᠠᠷ ᠨᠢ ᠭᠠᠷ ᠤᠨ ᠠᠶ᠎ᠠ ᠪᠠᠷ ᠨᠢᠭᠡ ᠶᠢ ᠨᠢ ᠠᠪᠤᠭᠠᠳ | ᠦᠵᠡᠭᠰᠡᠨ ᠳᠤ ᠳᠦᠷᠪᠡᠨ ᠲᠤᠭᠤᠷᠠᠢ ᠳᠤᠨᠢ ᠭᠠᠯ ᠠᠪᠤᠯᠴᠠᠭᠰᠠᠨ ᠭᠦᠯᠦᠭ ᠤᠨ ᠨᠢᠷᠤᠭᠤᠨ ᠳᠡᠭᠡᠷ᠎ᠡ ᠳᠦᠷᠦᠭᠡ | ᠵᠢᠭᠢᠨ᠂ ᠮᠢᠯᠠᠭ᠎ᠠ ᠭᠤᠶᠠᠳᠠᠯᠠᠨ ᠳᠠᠪᠬᠢᠭᠤᠯᠵᠤ ᠶᠠᠪᠤᠭ᠎ᠠ ᠬᠤᠶᠠᠭ ᠳᠤᠭᠤᠯᠭ᠎ᠠ ᠡᠮᠦᠰᠦᠭᠰᠡᠨ ᠪᠠᠭᠠᠲᠤᠷ ᠤᠨ ᠵᠢᠷᠤᠭ ᠲᠠᠢ᠂ | ᠰᠢᠷᠠᠩᠭᠤᠢ ᠬᠠᠲᠠᠭᠤ ᠬᠠᠪᠲᠠᠰᠤ ᠲᠠᠢ ︽ᠵᠠᠩᠭᠠᠷ︾ ᠬᠡᠮᠡᠬᠦ ᠨᠣᠮ ᠪᠠᠶᠢᠪᠠ᠃ ᠨᠣᠮ ᠬᠤᠪᠣᠷ ᠴᠠᠭ ᠶᠤᠮ ᠭᠡᠨ᠎ᠡ᠂ ᠨᠣᠮ | ᠬᠠᠷᠠᠭᠰᠠᠨ ᠬᠡᠦᠬᠡᠳ ᠶᠤᠮ ᠭᠡᠨ᠎ᠡ᠂ ᠤᠩᠰᠢᠬᠤ ᠳᠤᠷ᠎ᠠ ᠬᠥᠳᠡᠯᠦᠨ ᠡᠭᠡᠴᠢ ᠪᠠᠨ ᠴᠢᠷᠠᠶᠢᠴᠢᠯᠠᠪᠠᠯ ᠡᠭᠡᠴᠢ ᠮᠠᠨᠢ ᠨᠣᠮ | ᠢᠶᠠᠨ ᠠᠪᠴᠤ ᠲᠠᠪᠰᠠᠭ ᠲᠠᠭᠠᠨ ᠪᠤᠴᠠᠭᠠᠵᠤ ᠬᠢᠭᠡᠳ ︽ᠤᠳᠤ ᠪᠤᠯᠬᠤ ᠦᠭᠡᠢ᠂ ᠬᠡᠵᠢᠶ᠎ᠡ ᠤᠩᠰᠢᠵᠤ ᠴᠢᠳᠠᠪᠠᠯ ᠲᠡᠷᠡ | ᠦᠶ᠎ᠡ ᠳᠤᠨᠢ ᠴᠢᠮ᠎ᠠ ᠳᠤ ᠦᠭᠭᠦᠶ᠎ᠡ᠃ ᠬᠠᠷᠢᠨ ᠭᠠᠷᠤᠭᠠᠳ ᠡᠨᠡ ᠲᠡᠷᠡ ᠬᠥᠮᠥᠨ ᠳᠤ ᠨᠠᠳᠠ ᠳᠤ ᠡᠶᠢᠮᠦ ᠨᠣᠮ | ᠪᠠᠶᠢᠨ᠎ᠠ ᠭᠡᠵᠦ ᠪᠢᠲᠡᠭᠡᠢ ᠬᠡᠯᠡᠭᠡᠷᠡᠢ︾ ᠭᠡᠬᠦ ᠨᠢ ᠠ᠋᠃ ᠬᠡᠳᠦᠶᠢᠪᠡᠷ ᠴᠠᠭ ᠤᠨ ᠥᠩᠭᠡ ᠨᠠᠭᠠᠰᠢᠯᠠᠭᠠᠳ ᠪᠠᠶᠢᠭᠰᠠᠨ ᠴᠤ | ᠭᠡᠰᠡᠨ ᠵᠠᠷᠢᠮ ᠨᠣᠮ ᠮᠥᠨ ᠬᠤᠷᠢᠭᠠᠲᠠᠢ ᠪᠠᠶᠢᠭᠰᠠᠨ ᠶᠤᠮ ᠤᠤ᠂ ᠠᠯᠢ ᠡᠰᠡᠬᠦᠯ᠎ᠡ ᠪᠤᠶᠢᠳᠠ ᠪᠥᠭᠯᠡᠭᠦᠦ ᠬᠥᠳᠡᠭᠡ | ᠨᠤᠲᠤᠭ ᠲᠤ ᠪᠤᠯᠬᠤ ᠦᠭᠡᠢ ᠭᠡᠵᠦ ᠪᠠᠶᠢᠭᠰᠠᠨ ᠵᠠᠷᠢᠮ ᠵᠦᠢᠯᠡᠰ ᠪᠤᠯᠬᠤ ᠪᠣᠯᠤᠭᠰᠠᠨ ᠴᠦ ᠮᠡᠳᠡᠬᠦ ᠦᠭᠡᠢ | ᠬᠤᠴᠣᠷᠳᠠᠭ ᠪᠠᠶᠢᠭᠰᠠᠨ ᠤᠤ︖ ᠶᠠᠭᠤ ᠴᠤ ᠭᠡᠰᠡᠨ ᠤᠩᠰᠢᠬᠤ ᠶᠢ ᠪᠢᠲᠡᠭᠡᠢ ᠭᠡᠯᠡ᠂ ᠪᠠᠶᠢᠨ᠎ᠠ ᠭᠡᠰᠡᠨ ᠢᠶᠠᠨ ᠴᠤ | ᠮᠡᠳᠡᠭᠳᠡᠵᠦ ᠪᠤᠯᠬᠤ ᠦᠭᠡᠢ ᠰᠦᠷᠡᠬᠡᠢ ᠨᠣᠮ ᠶᠤᠮ ᠪᠠᠶᠢᠨ᠎ᠠ ᠭᠡᠵᠦ ᠮᠡᠳᠡᠭᠰᠡᠨ ᠳᠠᠷᠤᠢ ᠳᠤ ᠭᠡᠳᠡᠷᠭᠦ ᠪᠠᠨ ᠶᠠᠭᠠᠬᠢᠵᠤ | ᠪᠠᠶᠢᠭᠠᠳ ᠴᠤ ᠭᠡᠰᠡᠨ ᠤᠩᠰᠢᠵᠤ ᠦᠵᠡᠬᠦ ᠶᠤᠮ ᠰᠠᠨ ᠭᠡᠰᠡᠨ ᠬᠦᠰᠡᠯ ᠪᠤᠴᠠᠯᠤᠨ ᠰᠣᠨᠢᠷᠬᠠᠵᠤ ᠡᠬᠢᠯᠡᠭᠰᠡᠨ ᠢ ᠬᠡᠯᠡᠬᠦ | ᠤᠤ᠃ | ᠲᠡᠷᠡ ᠦᠶ᠎ᠡ ᠳᠤ ᠦᠳᠡ ᠠᠴᠠ ᠬᠤᠶᠢᠰᠢ ᠬᠤᠶᠠᠷ ᠬᠢᠴᠢᠶᠡᠯ ᠣᠷᠣᠪᠠᠯ ᠳᠠᠷᠠᠭ᠎ᠠ ᠨᠢ ᠬᠢᠴᠢᠶᠡᠯ ᠤᠨ ᠭᠠᠳᠠᠨ᠎ᠠ | ᠶᠢᠨ ᠬᠥᠳᠡᠯᠭᠡᠭᠡᠨ ᠬᠡᠮᠡᠨ ᠲᠠᠮᠢᠷ ᠤᠷᠠᠯᠢᠭ ᠤᠨ ᠠᠵᠢᠯᠯᠠᠭ᠎ᠠ ᠵᠣᠬᠢᠶᠠᠨ ᠪᠠᠶᠢᠭᠤᠯᠳᠠᠭ ᠪᠠᠶᠢᠭᠰᠠᠨ᠃ ᠡᠭᠡᠴᠢ | ᠰᠤᠷᠭᠠᠭᠤᠯᠢ ᠶᠢᠨ ᠰᠠᠭᠰᠤᠨ ᠪᠥᠮᠪᠥᠭᠡᠨ ᠤ ᠠᠩᠭᠢ ᠶᠢ ᠳᠠᠭᠠᠭᠤᠯᠤᠨ ᠰᠣᠷᠢᠶ᠎ᠠ ᠬᠢᠬᠦ ᠪᠥᠭᠡᠳ ᠪᠥᠵᠢᠭ ᠤᠨ ᠠᠩᠭᠢ | ᠳᠤ ᠪᠥᠵᠢᠭ ᠵᠢᠭᠠᠳᠠᠭ ᠪᠣᠯᠬᠤᠷ ᠬᠢᠴᠢᠶᠡᠯ ᠤᠨ ᠭᠠᠳᠠᠨ᠎ᠠ ᠶᠢᠨ ᠬᠥᠳᠡᠯᠭᠡᠭᠡᠨ ᠤ ᠴᠠᠭ ᠲᠤ ᠪᠦᠷ ᠴᠤ ᠶᠠᠭᠠᠷᠠᠤ | ᠪᠣᠯᠣᠨ᠎ᠠ᠃ ᠳᠡᠭᠡᠭᠦᠯᠡᠷ ᠪᠢ ᠪᠠᠶᠢᠷᠢᠨ ᠳᠤᠨᠢ ᠣᠷᠣᠭᠠᠳ ᠨᠦᠭᠦᠭᠡ ᠲᠠᠪᠰᠠᠭ ᠢ ᠨᠢ ᠨᠡᠭᠡᠭᠡᠨ ᠡᠪᠬᠡᠭᠡᠰᠦᠲᠡᠢ | ᠬᠤᠪᠴᠠᠰᠤ᠂ ᠳᠡᠪᠡᠯ ᠤᠨ ᠥᠩᠭᠡ ᠮᠡᠲᠦᠰ ᠤᠨ ᠬᠠᠵᠠᠭᠤ ᠪᠠᠷ ᠭᠠᠷ ᠢᠶᠠᠨ ᠣᠷᠣᠭᠤᠯᠤᠨ ᠨᠦᠭᠦᠭᠡ ᠨᠢᠳᠦᠯᠡᠭᠰᠡᠨ | ᠨᠣᠮ ᠢᠶᠠᠨ ᠲᠡᠮᠳᠡᠭᠡ ᠪᠠᠷ ᠢᠶᠠᠨ ᠣᠯᠵᠤ ᠡᠪᠦᠷᠯᠡᠭᠡᠳ ᠬᠡᠨ ᠳᠤ ᠴᠤ ᠮᠡᠳᠡᠭᠳᠡᠯ ᠦᠭᠡᠢ ᠪᠠᠷ ᠰᠤᠷᠭᠠᠭᠤᠯᠢ ᠶᠢᠨ | ᠮᠣᠳᠣᠨ ᠬᠦᠷᠢᠶᠡᠨ ᠤ ᠬᠤᠶᠢᠨᠠᠬᠢ ᠰᠢᠪᠠᠭ ᠲᠤ ᠣᠴᠢᠨ ᠨᠢᠭᠤᠵᠤ ᠤᠩᠰᠢᠭᠠᠳ ᠣᠷᠣᠢ ᠶᠢᠨ ᠬᠤᠭᠤᠯᠠᠨ ᠤ ᠳᠠᠷᠠᠭ᠎ᠠ | ᠪᠠᠭᠰᠢ ᠨᠠᠷ ᠠᠯᠪᠠᠨ ᠭᠡᠷ ᠲᠡᠭᠡᠨ ᠣᠴᠢᠨ ᠳᠠᠰᠬᠠᠯ ᠬᠠᠯᠠᠬᠤ ᠴᠢᠯᠦᠭᠡᠨ ᠳᠤ ᠪᠤᠴᠠᠭᠠᠭᠠᠳ ᠣᠷᠣᠨ ᠳᠤᠨᠢ ᠠᠪᠠᠴᠢᠨ | ᠲᠠᠯᠪᠢᠴᠢᠬᠠᠳᠠᠭ ᠪᠣᠯᠪᠠ᠃ ᠪᠢ ᠢᠩᠭᠢᠵᠦ ᠯᠠ ︽ᠳᠠᠭᠢᠯ ᠵᠤᠯᠠ ᠬᠠᠭᠠᠨ ᠤ ᠦᠯᠡᠳᠡᠯ ᠲᠠᠩᠰᠤᠭ ᠪᠤᠮᠪᠠ ᠬᠠᠭᠠᠨ ᠤ | ᠠᠴᠢ ᠦᠵᠦᠩ ᠠᠯᠳᠠᠷ ᠬᠠᠭᠠᠨ ᠤ ᠬᠥᠪᠡᠭᠦᠨ ᠦᠶ᠎ᠡ ᠶᠢᠨ ᠥᠨᠥᠴᠢᠨ ᠵᠠᠩᠭᠠᠷ ᠤᠨ ᠲᠤᠭᠤᠵᠢ ᠠᠷᠪᠠᠨ ᠭᠤᠷᠪᠠᠨ | ᠪᠦᠯᠦᠭ︾ ᠢ ᠰᠢᠮᠡᠷᠭᠡᠨ ᠤᠩᠰᠢᠵᠤ ᠳᠠᠭᠤᠰᠬᠠᠭᠰᠠᠨ ᠪᠢᠯᠡ᠃ | ᠡᠳᠦᠭᠡ ᠪᠤᠳᠤᠪᠠᠰᠤ ᠪᠠᠭ᠎ᠠ ᠰᠤᠷᠭᠠᠭᠤᠯᠢ ᠶᠢᠨ ᠭᠤᠷᠪᠠᠳᠤᠭᠠᠷ ᠣᠨ ᠤ ᠬᠡᠦᠬᠡᠳ ᠶᠠᠭᠠᠬᠢᠵᠤ ᠣᠶᠢᠯᠠᠭᠠᠬᠤ | ᠪᠤᠢ ᠳ᠋ᠠ ᠭᠡᠮᠡᠷ ᠲᠡᠷᠡ ᠯᠠ ᠨᠣᠮ ᠮᠢᠨᠤ ᠴᠢᠰᠤ ᠶᠢ ᠣᠶᠢᠯᠤᠭᠤᠯᠵᠤ ᠵᠢᠷᠦᠬᠡ ᠶᠢ ᠳᠡᠯᠡᠰᠦᠭᠦᠯᠵᠦ᠂ ᠡᠷ᠎ᠡ ᠶᠢᠨ ᠰᠠᠶᠢᠨ ᠢ | ᠪᠠᠭ᠋ᠠᠳᠤᠨ ᠭᠦᠯᠦᠭ ᠤᠨ ᠰᠠᠶᠢᠨ ᠢ ᠱᠠᠭᠰᠢᠷᠠᠵᠤ᠂ ᠳᠠᠭᠠᠷᠠᠬᠤ ᠬᠦᠢᠲᠡᠨ ᠦᠭᠡᠢ᠂ ᠬᠠᠯᠠᠭᠠᠬᠤ ᠬᠠᠯᠠᠭᠤᠨ ᠦᠭᠡᠢ᠂ ᠰᠡᠷ | ᠰᠡᠷ ᠭᠡᠰᠡᠨ ᠰᠠᠯᠬᠢ ᠲᠠᠢ᠂ ᠪᠤᠷ ᠪᠤᠷ ᠭᠡᠰᠡᠨ ᠬᠤᠷ᠎ᠠ ᠲᠠᠢ ᠪᠤᠮᠪᠠ ᠶᠢᠨ ᠰᠠᠶᠢᠬᠠᠨ ᠣᠷᠣᠨ ᠳᠤ ᠴᠠᠭ ᠤᠨ | ᠣᠭᠲᠠᠷᠭᠤᠢ ᠶᠢ ᠠᠯᠭᠠᠰᠠᠨ ᠣᠷᠣᠨ ᠤ ᠬᠢᠵᠠᠭᠠᠷ ᠢ ᠡᠪᠳᠡᠭᠡᠳ ᠪᠤᠳᠠ ᠪᠡᠶ᠎ᠡ ᠪᠠᠷ ᠢᠶᠠᠨ ᠭᠦᠷᠦᠭᠡᠳ ᠣᠴᠢᠭᠰᠠᠨ | ᠮᠡᠲᠦ ᠭᠠᠶᠢᠬᠠᠯᠲᠠᠢ ᠮᠡᠳᠡᠷᠡᠮᠵᠢ ᠶᠢ ᠲᠦᠷᠦᠭᠦᠯᠦᠭᠰᠡᠭᠡᠷ ᠪᠠᠶᠢᠭᠰᠠᠨ ᠤ ᠠᠯᠢ ᠶᠢ ᠲᠡᠷᠡ ᠭᠡᠬᠦ ᠪᠤᠢ᠃ ᠠᠷᠠᠨᠵᠠᠯ | ᠵᠡᠭᠡᠷᠳᠡ ᠭᠦᠯᠦᠭ ᠲᠠᠢ ᠠᠯᠳᠠᠷ ᠨᠣᠶᠠᠨ ᠵᠠᠩᠭᠠᠷ ᠤᠨ ᠪᠠᠷᠠᠭᠤᠨ ᠪᠡᠶ᠎ᠡ ᠶᠢ ᠠᠬᠠᠯᠠᠳᠠᠭ ᠠᠭᠰᠤᠮ ᠵᠡᠭᠡᠷᠳᠡ ᠮᠣᠷᠢ ᠲᠠᠢ | ᠪᠠᠶᠠᠨ ᠭᠦᠩᠭᠡ ᠶᠢᠨ ᠠᠯᠲᠠᠨ ᠴᠡᠭᠡᠵᠢ᠂ ᠵᠡᠭᠦᠨ ᠪᠡᠶ᠎ᠡ ᠶᠢ ᠠᠬᠠᠯᠠᠳᠠᠭ ᠤᠴᠤᠯ ᠬᠥᠬᠡ ᠬᠠᠯᠵᠠᠨ ᠭᠦᠯᠦᠭ ᠲᠠᠢ | ᠵᠡᠭᠦᠳᠦᠨ ᠪᠣᠯᠤᠭᠰᠠᠨ ᠠᠷᠠᠭ ᠤᠯᠠᠭᠠᠨ ᠬᠤᠩᠭᠤᠷ ᠠᠴᠠ ᠡᠬᠢᠯᠡᠭᠡᠳ ᠵᠠᠭᠠᠨ ᠤ ᠲᠠᠪᠠᠭᠲᠤ ᠬᠠᠶᠢᠰᠠᠨ ᠬᠠᠷ᠎ᠠ ᠭᠦᠯᠦᠭ | ᠲᠠᠢ ᠭᠦᠵᠡᠭᠡᠨ ᠭᠦᠮᠪᠢ᠂ ᠬᠦᠷᠡᠩ ᠬᠠᠯᠵᠠᠨ ᠮᠣᠷᠢ ᠲᠠᠢ ᠬᠥᠮᠥᠨ ᠤ ᠨᠠᠴᠢᠨ ᠬᠦᠨᠳᠦ ᠭᠠᠷᠲᠤ ᠰᠠᠪᠠᠷ᠂ ᠪᠤᠭᠤᠷᠤᠯ | ᠬᠠᠯᠵᠠᠨ ᠭᠦᠯᠦᠭ ᠲᠠᠢ ᠪᠤᠯᠠᠩᠭᠢᠷ ᠤᠨ ᠬᠥᠪᠡᠭᠦᠨ ᠳᠤᠬᠰᠢᠨ ᠬᠠᠷ᠎ᠠ ᠰᠠᠨᠠᠯ᠂ ᠬᠤᠷᠳᠤᠨ ᠬᠠᠷ᠎ᠠ ᠮᠣᠷᠢ ᠲᠠᠢ ᠬᠥᠬᠡ | ᠮᠥᠩᠭᠦᠨ ᠰᠢᠭᠰᠢᠷᠡᠭᠡ᠂ ᠴᠠᠭᠠᠰᠢᠳᠠ ᠪᠠᠨ ᠶᠡᠷᠡᠨ ᠨᠢᠭᠡᠨ ᠴᠢᠪᠬᠠᠳᠠᠰᠤ ᠲᠠᠢ ᠶᠡᠨᠳᠡᠷ ᠮᠥᠩᠭᠦᠨ ᠬᠤᠭᠤᠷ ᠢᠶᠠᠨ | ᠵᠢᠩᠭᠢᠰ ᠬᠢᠲᠡᠯ᠎ᠡ ᠲᠠᠲᠠᠳᠠᠭ ᠠᠯᠳᠠᠷ ᠵᠠᠩᠭᠠᠷ ᠤᠨ ᠬᠠᠲᠤᠨ ᠠᠭᠠᠢ ᠱᠠᠪᠲᠠᠯ᠎ᠠ᠂ ᠠᠭᠠᠢ ᠱᠠᠪᠳᠠᠯ᠎ᠠ ᠶᠢᠨ ᠬᠤᠭᠤᠷ ᠤᠨ | ᠡᠭᠡᠰᠢᠭ ᠢ ᠠᠯᠳᠠᠯ ᠦᠭᠡᠢ ᠳᠠᠭᠠᠵᠤ ᠳᠠᠭᠤᠯᠠᠳᠠᠭ ᠠᠯᠲᠠᠨ ᠰᠢᠷᠭᠠᠯ ᠮᠣᠷᠢ ᠲᠠᠢ ᠣᠷᠴᠢᠯᠠᠩ ᠤᠨ ᠰᠠᠶᠢᠬᠠᠨ ᠮᠢᠩᠶᠡᠨ | ᠭᠡᠳ ᠪᠦᠭᠦᠳᠡ ᠮᠢᠨᠤ ᠪᠤᠳᠤᠯ ᠰᠡᠳᠬᠢᠯ ᠳᠤ ᠠᠮᠢᠯᠠᠨ ᠪᠣᠰᠣᠭᠠᠳ ᠪᠢ ᠲᠡᠲᠡᠨ ᠲᠠᠢ ᠴᠤᠭ ᠳᠠᠶᠢᠯᠠᠬᠤ ᠳᠠᠶᠢᠰᠤᠨ | ᠬᠡᠵᠢᠶ᠎ᠡ ᠤᠴᠠᠷᠠᠬᠤ ᠪᠤᠢ᠂ ᠭᠥᠷᠥᠭᠡᠯᠡᠬᠦ ᠭᠥᠷᠥᠭᠡᠰᠦᠨ ᠬᠡᠵᠢᠶ᠎ᠡ ᠲᠠᠭᠠᠷᠠᠯᠳᠤᠬᠤ ᠪᠤᠢ ᠭᠡᠳ ᠲᠠᠲᠠᠯᠳᠤᠵᠤ | ᠰᠢᠭᠦᠷᠡᠯᠳᠦᠵᠦ ᠰᠠᠭᠤᠳᠠᠭ ᠪᠣᠯᠤᠭᠰᠠᠨ᠃ ᠳᠡᠭᠡᠭᠦ ᠲᠤᠰᠤᠮ ᠢᠶᠠᠨ ᠰᠢᠩᠭᠡᠨ ᠪᠤᠭᠤᠷᠤᠯ ᠭᠡᠵᠢᠭᠡ ᠲᠠᠢ ᠰᠢᠷᠠᠮᠠᠩ | ᠨᠢᠮᠭᠡᠨ ᠴᠢᠷᠠᠢ ᠲᠠᠢ ᠡᠩᠬᠡᠪᠠᠶᠠᠷ ᠠᠪᠤ ᠶᠢ ᠠᠯᠲᠠᠨ ᠴᠡᠭᠡᠵᠢ᠂ ᠳᠠᠰ ᠬᠢᠭᠰᠡᠨ ᠲᠠᠭᠤ ᠲᠠᠢ ᠢᠷᠠᠰ ᠬᠢᠭᠰᠡᠨ ᠰᠢᠳᠦ ᠲᠠᠢ | ᠰᠦᠮᠪᠦᠷ ᠠᠪᠠᠢ ᠶᠢ ᠬᠤᠩᠭᠤᠷ᠂ ᠬᠦᠴᠦ ᠪᠢᠷ᠎ᠠ ᠲᠠᠢ ᠬᠦᠳᠡᠷ ᠰᠠᠶᠢᠬᠠᠨ ᠪᠡᠶ᠎ᠡ ᠲᠠᠢ ᠪᠤᠤᠰᠤᠸᠠᠷ ᠠᠬ᠎ᠠ ᠶᠢ ᠬᠦᠨᠳᠦ | ᠭᠠᠷᠲᠤ ᠰᠠᠪᠠᠷ ᠮᠥᠨ ᠰᠠᠨ ᠪᠣᠯᠪᠠ ᠤᠤ ᠬᠡᠮᠡᠨ ᠭᠠᠴᠠᠭᠠᠨ ᠤ ᠪᠠᠨ ᠬᠥᠮᠥᠰ ᠢ ᠵᠠᠩᠭᠠᠷ ᠤᠨ ᠪᠠᠭᠠᠲᠤᠷ ᠤᠳ ᠢᠶᠠᠷ | ᠲᠥᠰᠥᠭᠡᠯᠡᠵᠦ᠂ ᠠᠪᠤ ᠶᠢᠨ ᠬᠠᠷᠢᠭᠤᠯᠳᠠᠭ ᠠᠳᠤᠭᠤᠨ ᠤ ᠳᠣᠲᠣᠷ᠎ᠠ ᠠᠴᠠ ᠲᠦᠮᠡ ᠨᠠᠢᠮᠠᠨ ᠮᠢᠩᠭᠠᠨ ᠴᠢᠰᠤᠨ | ᠵᠡᠭᠡᠷᠳᠡ ᠠᠭᠲᠠ ᠰᠠᠯᠭᠠᠨ ᠠᠯᠢᠶ᠎ᠠ ᠮᠤᠩᠭᠤᠯᠠᠢ ᠪᠣᠯᠵᠤ ᠭᠡᠯᠢᠨ ᠳᠠᠪᠬᠢᠭᠤᠯᠬᠤ ᠶᠤᠮ ᠰᠠᠨ ᠭᠡᠵᠦ ᠮᠥᠷᠥᠭᠡᠳᠳᠡᠭ ᠴᠤ | ᠪᠠᠶᠢᠯ᠎ᠠ᠃ ᠬᠡᠦᠬᠡᠳ ᠦᠵᠡᠭᠰᠡᠨ ᠢᠶᠠᠨ ᠭᠡᠭᠴᠢ ᠪᠠᠷ ᠦᠶ᠎ᠡ ᠶᠢᠨ ᠬᠢᠨ ᠳᠡᠭᠡᠨ ᠵᠠᠩᠭᠠᠷ ᠤᠨ ᠦᠯᠢᠭᠡᠷ ᠢ ᠶᠠᠷᠢᠨ | ᠰᠣᠨᠣᠰᠬᠠᠬᠤ ᠬᠦᠰᠡᠯ ᠪᠠᠶᠢᠨ ᠪᠠᠶᠢᠨ ᠳᠡᠪᠡᠯᠵᠡᠭᠡᠳ ᠡᠴᠦᠰ ᠲᠡᠭᠡᠨ ᠨᠢᠭᠡᠨ ᠡᠳᠦᠷ ᠳᠡᠰᠴᠦ ᠴᠢᠳᠠᠯ ᠦᠭᠡᠢ ᠳᠡᠭᠡᠷ᠎ᠡ | ᠳᠣᠣᠷ᠎ᠠ ᠣᠨ ᠤ ᠬᠡᠳᠦᠨ ᠬᠡᠦᠬᠡᠳ ᠤᠨ ᠳᠤᠮᠳᠠ ᠳᠡᠪᠡᠯ ᠳᠡᠭᠡᠨ ᠪᠠᠭᠲᠠᠵᠤ ᠶᠠᠳᠠᠭᠰᠠᠨ ᠰᠦᠷᠡᠬᠡᠢ ᠠᠮᠢᠲᠠᠨ᠄ ︽ᠡᠵᠡᠨ | ᠨᠣᠶᠠᠨ ᠵᠠᠩᠭᠠᠷ᠂ ᠣᠷᠴᠢᠯᠠᠩ ᠤᠨ ᠰᠠᠶᠢᠬᠠᠨ ᠮᠢᠩᠶᠠᠨ ᠢᠶᠠᠨ ᠳᠠᠭᠠᠭᠤᠯᠤᠭᠠᠳ ᠳᠡᠯᠳᠡᠩ ᠳᠡᠯᠳᠡᠩ ᠰᠠᠶᠢᠪᠤᠷ ᠢᠶᠠᠷ | ᠰᠠᠶᠢᠪᠤᠷᠯᠠᠭᠤᠯᠤᠭᠠᠳ ᠪᠤᠮ ᠭᠦᠢᠴᠡᠭᠰᠡᠨ ᠵᠠᠬᠠᠷ ᠤᠨ ᠡᠮᠦᠨ᠎ᠡ ᠪᠡᠶ᠎ᠡ ᠪᠠᠷ ᠭᠠᠷᠤᠭᠠᠳ ᠢᠷᠡᠬᠦ ᠶᠢᠨ ᠴᠠᠭ ᠲᠤ ᠭᠤᠣᠯ | ᠳᠡᠭᠡᠷ᠎ᠡ ᠤᠰᠤ ᠠᠪᠴᠤ ᠪᠠᠶᠢᠭᠰᠠᠨ ᠡᠮᠡᠭᠡᠨ ᠬᠥᠮᠥᠨ ᠦᠵᠡᠭᠡᠳ ᠤᠳᠬᠤᠭᠤᠷ ᠢᠶᠠᠷ ᠢᠶᠠᠨ ᠭᠠᠵᠠᠷ ᠳᠡᠯᠡᠳᠦᠨ᠂ ᠠᠢ | ᠴᠠᠪᠠᠰᠤ ᠮᠢᠨᠢ᠂ ᠠᠷᠪᠠᠨ ᠲᠠᠪᠤᠨ ᠨᠠᠰᠤᠨ ᠳᠤ ᠤᠴᠠᠷᠠᠬᠤ ᠪᠠᠨ ᠶᠠᠭᠠᠬᠢᠯ᠎ᠠ ᠡᠶᠢᠮᠦ ᠰᠠᠶᠢᠬᠠᠨ ᠬᠥᠮᠥᠨ ᠲᠠᠢ ᠭᠡᠳ | ᠤᠭᠢᠯᠠᠨ ᠬᠠᠶᠢᠯᠠᠵᠤ ᠪᠠᠶᠢᠨ᠎ᠠ ᠭᠡᠨ᠎ᠡ︾ ᠬᠡᠮᠡᠨ ᠬᠤᠩᠭᠤᠷ ᠤᠨ ᠭᠡᠷ ᠠᠪᠤᠯᠭ᠎ᠠ ᠶᠢᠨ ᠪᠦᠯᠦᠭ ᠢ ᠬᠡᠯᠡᠭᠡᠳ ᠰᠠᠭᠤᠵᠤ | ᠪᠠᠶᠢᠬᠤ ᠶᠢᠨ ᠴᠠᠭ ᠲᠤ ᠠᠷᠤ ᠳᠤ ᠳᠠᠰ ᠬᠢᠭᠰᠡᠨ ᠳᠠᠭᠤ ᠭᠠᠷᠴᠤ᠂ ᠤᠷᠢᠳᠤ ᠨᠢ ᠪᠠᠭᠰᠢ ᠬᠢᠵᠦ ᠪᠠᠶᠢᠭᠰᠠᠨ ᠨᠢᠭᠡᠨ | ᠤᠯᠴᠠᠭᠠᠷ ᠤᠯᠠᠭᠠᠨ ᠡᠷ᠎ᠡ᠄ ︽ᠭᠡᠶᠢᠷᠦᠪ ᠤᠨ ᠬᠦᠦ ᠴᠢ ᠶᠠᠭᠠᠬᠢᠵᠤ ᠡᠶᠢᠮᠦ ᠬᠠᠷ᠎ᠠ ᠹᠧᠣᠳᠠᠯ ᠤᠨ ᠬᠤᠭ ᠪᠣᠯᠤᠭᠰᠠᠨ | ᠮᠠᠭᠤᠬᠠᠢ ᠦᠯᠢᠭᠡᠷ ᠬᠡᠯᠡᠳᠡᠭ ᠪᠠᠶᠢᠨ᠎ᠠ︖ ᠨᠣᠮ ᠠᠴᠠ ᠤᠩᠰᠢᠭᠰᠠᠨ ᠪᠣᠯ ᠨᠣᠮ ᠴᠢᠨᠢ ᠬᠠᠮᠢᠭ᠎ᠠ ᠪᠠᠶᠢᠨ᠎ᠠ︖ | ᠬᠥᠮᠥᠨ ᠠᠴᠠ ᠰᠣᠨᠣᠰᠤᠭᠰᠠᠨ ᠪᠣᠯ ᠬᠥᠮᠥᠨ ᠨᠢ ᠬᠡᠨ ᠪᠤᠢ︖︾ ᠬᠡᠮᠡᠨ ᠵᠠᠩᠨᠠᠵᠤ ᠭᠠᠷᠬᠤ ᠳᠤᠨᠢ ᠬᠡᠦᠬᠡᠨ ᠴᠠᠭᠠᠨ | ᠨᠣᠶᠠᠨ ᠢ ᠪᠦᠰᠡᠨ ᠠᠴᠠ ᠨᠢ ᠰᠢᠭᠦᠷᠡᠵᠦ ᠡᠮᠦᠨ᠎ᠡ ᠪᠠᠨ ᠪᠠᠷᠢᠭᠠᠳ ᠠᠯᠲᠠᠨ ᠲᠤᠷᠯᠢᠭ ᠪᠠᠶᠢᠰᠢᠩ ᠤᠨ ᠳᠤᠮᠳᠠ | ᠠᠪᠤᠭᠠᠳ ᠣᠷᠣᠭᠰᠠᠨ ᠬᠤᠰᠢᠭᠤᠨ ᠤᠯᠠᠭᠠᠨ ᠠᠳᠠᠯᠢ ᠭᠡᠳᠡᠰᠬᠢᠵᠦ᠄ ︽ᠬᠡᠨ ᠤ ᠬᠦᠦ ᠭᠡᠭᠴᠢ ᠶᠢ ᠨᠢ ᠮᠡᠳᠡᠭᠰᠡᠭᠡᠷ | ᠪᠠᠶᠢᠵᠤ᠂ ᠬᠡᠨ ᠠᠴᠠ ᠰᠣᠨᠣᠰᠤᠭᠰᠠᠨ ᠭᠡᠭᠴᠢ ᠶᠢ ᠨᠢ ᠰᠠᠨᠠᠳᠠᠭ ᠦᠭᠡᠢ ᠤᠤ ᠲᠠ︾ ᠭᠡᠰᠡᠨ ᠰᠠᠨ᠃ ᠨᠦᠭᠦᠭᠡ ᠬᠥᠮᠥᠨ | ᠬᠠᠮᠠᠷ ᠢᠶᠠᠷ ᠢᠶᠠᠨ ᠵᠠᠨᠤᠭᠠᠳ ᠡᠷᠭᠢᠭᠡᠳ ᠶᠠᠪᠤᠭᠰᠠᠨ ᠤ ᠬᠢᠨᠢ ᠠᠷᠤ ᠳᠤ ᠠᠪᠤ ᠠᠴᠠ ᠠᠰᠠᠭᠤᠪᠠᠯ ᠶᠠᠭᠠᠬᠢᠨ᠎ᠠ ᠬᠡᠮᠡᠨ | ᠠᠶᠢᠳᠠᠰ ᠲᠤ ᠣᠷᠢᠶᠠᠭᠳᠠᠨ ᠲᠠᠭᠵᠢᠭᠰᠠᠨ ᠬᠢᠷᠢ ᠨᠢ ᠪᠠᠨ ᠦᠭᠦᠴᠡᠨ ᠤ ᠴᠢᠯᠦᠭᠡ ᠪᠠᠷ ᠬᠠᠷᠢᠬᠤ ᠲᠠᠰᠢᠷᠠᠮ ᠢᠶᠠᠷ | ᠠᠪᠤ ᠳᠠᠭᠠᠨ ᠦᠶ᠎ᠡ ᠶᠢᠨ ᠥᠨᠥᠴᠢᠨ ᠵᠠᠩᠭᠠᠷ ᠤᠨ ᠦᠯᠢᠭᠡᠷ ᠲᠤᠤᠯᠢ ᠭᠡᠳ ᠵᠢᠷᠭᠢᠵᠦ ᠭᠠᠷᠤᠭᠰᠠᠨ ᠪᠢᠯᠡ᠃ ᠳᠡᠭᠡᠭᠦ | ᠳᠤ ᠠᠪᠤ ᠮᠠᠨᠢ ︽ᠳ᠋ᠠᠨᠢᠰᠲᠠᠨ ᠭᠠᠷᠤᠳᠢ︾ ᠬᠡᠮᠡᠬᠦ ᠪᠡᠰᠡᠷᠡᠭ ᠲᠤᠤᠯᠢ ᠶᠢ ᠪᠠᠭ᠎ᠠ ᠳᠠᠭᠠᠨ ᠰᠣᠨᠣᠰᠴᠤ ᠪᠠᠶᠢᠯ᠎ᠠ ᠭᠡᠳ ᠨᠠᠳᠠ | ᠳᠤ ᠪᠦᠷᠢᠨ ᠤᠳᠬ᠎ᠠ ᠪᠠᠷ ᠨᠢ ᠶᠠᠷᠢᠭᠰᠠᠨ ᠨᠢ ᠬᠤᠰᠢᠭᠤᠨ ᠤᠯᠠᠭᠠᠨ᠂ ᠪᠠᠭᠠᠲᠤᠷ ᠵᠢᠯᠭᠠᠨ᠂ ᠠᠯᠢᠶ᠎ᠠ ᠱᠣᠩᠬᠤᠷ ᠤᠨ | ᠪᠦᠯᠦᠭ ᠲᠠᠢ ᠲᠡᠩᠴᠡᠮ᠎ᠡ ᠰᠠᠶᠢᠬᠠᠨ ᠰᠠᠨᠠᠭᠳᠠᠬᠤ ᠪᠠᠷ ᠨᠢ ᠪᠢ ᠠᠪᠤ ᠪᠠᠨ ᠲᠤᠤᠯᠢ ᠮᠡᠳᠡᠳᠡᠭ ᠶᠤᠮ ᠪᠠᠶᠢᠨ᠎ᠠ ᠬᠡᠮᠡᠨ | ᠣᠶᠢᠯᠠᠭᠠᠵᠤ ᠲᠠᠶᠢᠳᠬᠤᠷᠠᠭᠰᠠᠨ ᠳ᠋ᠠᠭ᠃ | 1958 ᠣᠨ ᠳᠤ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠠᠴᠠ ᠬᠡᠪᠯᠡᠭᠦᠯᠦᠭᠰᠡᠨ ᠲᠡᠷᠡ | ᠬᠦ ᠠᠷᠪᠠᠨ ᠭᠤᠷᠪᠠᠨ ᠪᠦᠯᠦᠭᠲᠦ ︽ᠵᠠᠩᠭᠠᠷ︾ ᠢᠶᠠᠨ ᠡᠭᠡᠴᠢ ᠮᠠᠨᠢ ᠨᠠᠮ᠎ᠠ ᠶᠢ ᠳᠤᠮᠳᠠᠳᠤ ᠰᠤᠷᠭᠠᠭᠤᠯᠢ ᠳᠤ | ᠣᠷᠣᠭᠰᠠᠨ ᠤ ᠬᠤᠶᠢᠨ᠎ᠠ ᠨᠠᠳᠠ ᠳᠤ ᠥᠭᠭᠦᠭᠰᠡᠨ ᠨᠢ ᠤᠳᠤ ᠴᠤ ᠮᠢᠨᠤ ᠬᠠᠳᠠᠭᠠᠯᠠᠮᠵᠢ ᠳᠤ ᠪᠠᠶᠢᠭᠰᠠᠭᠠᠷ ᠪᠠᠶᠢᠨ᠎ᠠ᠃ | ᠤᠷᠠᠨ ᠰᠠᠨᠠᠭᠠᠨ ᠤ ᠵᠢᠭᠦᠷ ᠳᠠᠯᠠᠪᠴᠢ ᠪᠠᠨ ᠴᠢᠯᠦᠭᠡᠲᠡᠢ ᠳᠡᠪᠢᠬᠦ ᠳᠤ ᠮᠠᠨᠢ ᠲᠤᠰᠠᠯᠠᠭᠰᠠᠨ ᠤᠤᠯ ᠨᠣᠮ ᠤᠨ ᠠᠮᠢᠳᠤ | ᠳᠦᠷᠰᠦᠯᠢᠭ ᠵᠡᠭᠦᠯᠲᠡ ᠵᠢᠷᠤᠭ ᠪᠣᠯᠣᠨ ᠵᠢᠭᠢᠷᠢᠭ ᠵᠢᠷᠤᠭ ᠤᠳ ᠪᠣᠯ ᠦᠨᠡᠬᠡᠷ ᠰᠠᠶᠢᠬᠠᠨ ᠤᠷᠠᠯᠢᠭ ᠤᠨ ᠪᠦᠲᠦᠭᠡᠯ | ᠤᠳ ᠪᠢᠯᠡ᠃ ᠳᠠᠩᠴᠤ ᠲᠤᠬᠠᠢ ᠶᠢᠨ ᠦᠶ᠎ᠡ ᠶᠢᠨ ᠬᠡᠪᠯᠡᠯ ᠤᠨ ᠮᠡᠷᠭᠡᠵᠢᠯ ᠠᠴᠠ ᠰᠢᠯᠲᠠᠭᠠᠯᠠᠭᠠᠳ ᠲᠡᠳᠡᠭᠡᠷ ᠪᠠᠷ | ᠵᠢᠷᠤᠭ ᠤᠨ ᠵᠢᠷᠤᠭᠠᠰᠤ ᠲᠠᠲᠠᠯᠭ᠎ᠠ ᠨᠢ ᠪᠠᠯᠠᠷᠠᠬᠤ ᠪᠤᠶᠤ ᠵᠠᠯᠭᠠᠯᠳᠤᠭᠠᠳ ᠪᠦᠳᠦᠭᠦᠪᠴᠢ ᠵᠢᠷᠤᠭ ᠲᠡᠳᠦᠢ | ᠪᠣᠯᠴᠢᠬᠠᠭᠠᠳ ᠪᠠᠶᠢᠭᠰᠠᠨ ᠢ 2018 ᠣᠨ ᠳᠤ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠠᠴᠠ | ᠳᠠᠭᠢᠨ ᠬᠡᠪ ᠬᠢᠵᠦ ᠬᠡᠪᠯᠡᠭᠦᠯᠬᠦ ᠳᠤᠨᠢ ᠪᠢ ᠨᠢᠭᠡ ᠨᠢᠭᠡ ᠵᠢᠷᠤᠭᠠᠰᠤ᠂ ᠨᠢᠭᠡ ᠨᠢᠭᠡ ᠴᠡᠭ ᠳᠤᠰᠤᠯ ᠭᠦᠷᠲᠡᠯ᠎ᠡ ᠨᠢ | ᠨᠠᠷᠢᠪᠴᠢᠯᠠᠨ ᠬᠢᠨᠠᠵᠤ ᠠᠷᠢᠭᠤᠳᠬᠠᠨ ᠰᠡᠷᠭᠦᠭᠡᠵᠦ ᠵᠢᠷᠤᠭᠰᠠᠨ᠃ ᠳᠡᠭᠡᠭᠦ ᠳᠤ ᠳᠥᠴᠢᠨ ᠵᠢᠯ ᠤᠨ ᠡᠮᠦᠨ᠎ᠡ ᠰᠤᠳᠠᠯ | ᠳᠤ ᠮᠠᠨᠢ ᠪᠠᠭᠲᠠᠨ ᠶᠠᠳᠠᠨ ᠬᠦᠷᠬᠢᠷᠡᠨ ᠴᠠᠯᠭᠢᠯᠠᠵᠤ ᠠᠭᠰᠠᠨ ᠨᠢᠯᠬ᠎ᠠ ᠪᠠᠭ᠎ᠠ ᠶᠢᠨ ᠴᠢᠰᠤᠨ ᠤ ᠱᠤᠤᠭᠢᠶᠠᠨ ᠮᠥᠨ ᠯᠠ | ᠲᠣᠳᠣᠬᠠᠨ ᠰᠣᠨᠣᠰᠳᠠᠵᠤ ᠪᠠᠶᠢᠯ᠎ᠠ᠃ | | | | ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ᠄ | ᠪᠡᠰᠦᠲᠡᠢ ᠬᠠᠰᠪᠢᠯᠢᠭ᠌ 1969 ᠣᠨ ᠳᠤ ᠲᠦᠷᠦᠭᠰᠡᠨ᠃ ᠦᠦᠰᠢᠨ ᠨᠤᠲᠤᠭ ᠲᠠᠢ᠃ ᠥᠪᠥᠷ ᠮᠣᠩᠭᠤᠯ ᠤᠨ | ᠠᠷᠠᠳ ᠤᠨ ᠬᠡᠪᠯᠡᠯ ᠤᠨ ᠬᠤᠷᠢᠶ᠎ᠠ ᠶᠢᠨ ᠬᠢᠨᠠᠨ ᠨᠠᠶᠢᠷᠠᠭᠤᠯᠤᠭᠴᠢ᠂ ᠥᠪᠥᠷ ᠮᠣᠩᠭᠤᠯ ᠤᠨ ᠠᠩᠬᠠᠳᠤᠭᠠᠷ ᠤᠳᠠᠭᠠᠨ ᠤ | ︽ᠠᠷᠪᠠᠨ ᠰᠣᠳᠣᠨ ᠨᠠᠶᠢᠷᠠᠭᠤᠯᠤᠭᠴᠢ︾᠃ ᠤᠯᠠᠨ ᠰᠲ᠋ᠢᠯᠢ ᠪᠠᠷ ᠤᠷᠠᠨ ᠪᠦᠲᠦᠭᠡᠯ ᠲᠤᠭᠤᠷᠪᠢᠵᠤ᠂ ᠤᠷᠢᠳ | ᠬᠤᠵᠢᠳ︽ᠠᠮᠢᠳᠤᠷᠠᠯ ᠤᠨ ᠬᠤᠷᠳᠤᠨ ᠲᠡᠷᠭᠡ︾᠂ ︽ᠶᠠᠰᠢᠯ︾᠂ ︽ᠬᠦᠷᠡᠯ ᠲᠣᠯᠢ︾᠂ ︽ᠳ᠋ᠧᠪᠡᠵᠡᠨ ᠤ ᠬᠡᠦᠬᠡᠳ︾ | ᠵᠡᠷᠭᠡ ᠨᠣᠮ ᠪᠦᠲᠦᠭᠡᠯ ᠢᠶᠠᠨ ᠬᠡᠪᠯᠡᠭᠦᠯᠦᠭᠰᠡᠨ᠃ | | |