ᠦᠴᠦᠸᠠᠨ ᠰᠢᠶᠠᠨ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠳᠤ ᠶᠠᠭᠠᠷᠠᠨ᠎ᠠ
ᠨᠡᠶᠢᠲᠡᠯᠡᠭᠰᠡᠨ ᠴᠠᠭ᠄
2024/3/15
     ᠬᠠᠪᠤᠷ ᠤᠨ ᠤᠯᠠᠷᠢᠯ ᠡᠬᠡ ᠭᠠᠵᠠᠷ ᠲᠤ ᠰᠠᠭᠠᠲᠠᠵᠤ᠂ ᠲᠦᠮᠡᠨ ︽ᠲᠠᠷᠢᠶᠠᠯᠠᠭ᠎ᠠ︾ ᠰᠢᠨ᠎ᠡ ᠪᠠᠷ ᠪᠢᠯᠬᠠᠨ᠎ᠠ᠃ ᠠᠭᠠᠷ ᠤᠨ ᠳᠤᠯᠠᠭᠠᠨ ᠠᠭᠠᠵᠢᠮ ᠢᠶᠠᠷ ᠳᠤᠯᠠᠭᠠᠷᠠᠬᠤ ᠶᠢ ᠳᠠᠭᠠᠯᠳᠤᠨ᠂ ᠲᠠᠷᠢᠶᠠᠴᠢᠨ ᠡᠷᠤᠬᠡ ᠬᠤᠶᠢᠨ᠎ᠠ ᠬᠤᠶᠢᠨ᠎ᠠ ᠠᠴᠠ ᠪᠠᠨ ᠲᠠᠷᠢᠶᠠᠯᠠᠩ ᠤᠨ ᠴᠠᠭ ᠢ ᠠᠮᠵᠢᠨ ᠬᠠᠪᠤᠷ ᠤᠨ ᠦᠵᠡᠮᠵᠢ ᠶᠢ ᠦᠯᠦ ᠬᠥᠰᠡᠷᠳᠡᠭᠦᠯᠵᠦ᠂ ᠡᠯ᠎ᠡ ᠵᠦᠢᠯ ᠤᠨ ᠲᠠᠷᠢᠶᠠᠯᠠᠩ ᠤᠨ ᠶᠠᠪᠤᠳᠠᠯ ᠢ ᠡᠳᠦᠷ ᠲᠤᠳᠤᠮ ᠤᠨ ᠵᠥᠪᠯᠡᠬᠦ ᠵᠦᠢᠯ ᠳᠡᠭᠡᠨ ᠣᠷᠣᠭᠤᠯᠵᠤ᠂ ᠮᠠᠨ ᠤ ᠰᠢᠶᠠᠨ ᠤ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠶᠠᠭ ᠡᠮᠬᠢ ᠳᠢᠭᠯᠢᠮ ᠲᠠᠢ ᠶᠠᠪᠤᠭᠳᠠᠵᠤ ᠪᠠᠶᠢᠨ᠎ᠠ᠃      3 ᠰᠠᠷ᠎ᠠ ᠶᠢᠨ 14 ᠤ ᠦᠳᠡ ᠶᠢᠨ ᠡᠮᠦᠨ᠎ᠡ᠂ ᠦᠴᠦᠸᠠᠨ ᠰᠢᠶᠠᠨ ᠤ ᠲᠠᠷᠢᠶᠠᠯᠠᠩ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠶᠢᠨ ᠬᠠᠮᠢᠶ᠎ᠠ ᠪᠦᠬᠦᠢ ᠬᠠᠷᠢᠭᠤᠴᠠᠯᠭᠠᠲᠠᠨ ᠵᠢᠴᠢ ᠮᠡᠷᠭᠡᠵᠢᠯ ᠤᠨ ᠠᠵᠢᠯᠲᠠᠳ ᠬᠤᠭᠤᠯᠠᠢ ᠠᠭᠤᠯᠠ ᠰᠢᠶᠠᠩ ᠳᠤ ︽ᠨᠠᠮ ᠤᠨ ᠠᠴᠢ ᠶᠢ ᠮᠡᠳᠡᠷᠡᠵᠦ ᠨᠠᠮ ᠤᠨ ᠦᠭᠡ ᠶᠢ ᠰᠣᠨᠣᠰᠴᠤ ᠨᠠᠮ ᠢᠶᠠᠨ ᠳᠠᠭᠠᠬᠤ︾ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠤᠨ ᠲᠠᠷᠢᠶᠠᠯᠠᠩ ᠤᠨ ᠮᠡᠷᠭᠡᠵᠢᠯ ᠢ ᠳᠡᠯᠭᠡᠷᠡᠭᠦᠯᠬᠦ ᠦᠢᠯᠡᠴᠢᠯᠡᠭᠡ ᠶᠢ ᠦᠨᠳᠦᠰᠦᠨ ᠱᠠᠲᠤᠨ ᠳᠤ ᠪᠠᠭᠤᠯᠭᠠᠬᠤ ᠬᠤᠷᠠᠯ ᠬᠤᠷᠠᠯᠳᠤᠭᠤᠯᠵᠤ᠂ ᠥᠷᠭᠡᠨ ᠤᠯᠠᠨ ᠲᠠᠷᠢᠶᠠᠴᠢᠨ ᠡᠷᠦᠬᠡ ᠳᠤ ᠲᠠᠷᠢᠶᠠᠴᠢᠳ ᠲᠤ ᠠᠰᠢᠭ ᠬᠦᠷᠲᠡᠭᠡᠬᠦ ᠲᠦᠷᠦ ᠶᠢᠨ ᠪᠣᠳᠣᠯᠭ᠎ᠠ᠂ ᠲᠠᠷᠢᠶᠠᠯᠠᠩ ᠤᠨ ᠬᠡᠷᠡᠭᠰᠡᠯ ᠢ ᠬᠤᠳᠠᠯᠳᠤᠨ ᠠᠪᠬᠤ ᠳᠤ ᠠᠩᠬᠠᠷᠬᠤ ᠵᠦᠢᠯᠡᠰ ᠵᠢᠴᠢ ᠬᠠᠮᠢᠶ᠎ᠠ ᠪᠦᠬᠦᠢ ᠲᠠᠷᠢᠮᠠᠯ ᠤᠨ ᠮᠡᠷᠭᠡᠵᠢᠯ ᠵᠡᠷᠭᠡ ᠶᠢ ᠤᠬᠠᠭᠤᠯᠤᠨ ᠲᠠᠶᠢᠯᠪᠤᠷᠢᠯᠠᠵᠤ᠂ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠳᠤ ᠪᠠᠲᠤ ᠪᠠᠬᠢ ᠰᠠᠭᠤᠷᠢ ᠶᠢ ᠲᠠᠯᠪᠢᠵᠤ ᠥᠭᠴᠡᠢ᠃
     ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠠᠯᠬᠤᠮ ᠠᠯᠬᠤᠮ ᠢᠶᠠᠷ ᠥᠷᠨᠢᠬᠦ ᠶᠢ ᠳᠠᠭᠠᠯᠳᠤᠨ᠂ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠬᠡᠷᠡᠭᠴᠡᠭᠡ ᠴᠦ ᠬᠥᠭᠵᠢᠯᠲᠡᠢ ᠤᠯᠠᠷᠢᠯ ᠳᠤ ᠣᠷᠣᠭᠰᠠᠨ ᠪᠠᠶᠢᠨ᠎ᠠ᠃ ᠡᠳ᠋ ᠪᠣᠳᠠᠰ ᠤᠨ ᠪᠠᠲᠤᠯᠠᠭ᠎ᠠ ᠶᠢ ᠴᠢᠩᠭ᠎ᠠ ᠠᠳᠬᠤᠵᠤ᠂ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠢ ᠰᠠᠶᠢᠲᠤᠷ ᠬᠢᠵᠦ᠂ ᠡᠳ᠋ ᠪᠣᠳᠠᠰ ᠤᠨ ᠨᠥᠭᠡᠴᠡᠯᠡᠯᠲᠡ ᠶᠢᠨ ᠰᠠᠭᠤᠷᠢ ᠲᠤᠭ᠎ᠠ ᠶᠢ ᠴᠠᠭ ᠲᠤᠬᠠᠢ ᠳᠤᠨᠢ ᠲᠣᠳᠣᠷᠬᠠᠢ ᠣᠶᠢᠯᠠᠭᠠᠵᠤ᠂ ᠪᠠᠲᠤᠯᠠᠭ᠎ᠠ ᠶᠢᠨ ᠰᠠᠭᠤᠷᠢ ᠶᠢ ᠪᠠᠲᠤᠳᠬᠠᠨ᠂ ᠦᠷ᠎ᠡ᠂ ᠬᠢᠮᠢ ᠶᠢᠨ ᠪᠣᠷᠳᠣᠭᠤᠷ᠂ ᠲᠠᠷᠢᠶᠠᠨ ᠡᠮ ᠵᠡᠷᠭᠡ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢ ᠰᠠᠶᠢᠲᠤᠷ ᠠᠳᠬᠤᠵᠤ᠂ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠵᠠᠬ᠎ᠠ ᠳᠡᠯᠭᠡᠭᠦᠷ ᠢ ᠴᠡᠪᠡᠷᠰᠢᠭᠦᠯᠦᠨ᠂ ᠬᠠᠪᠤᠷ ᠤᠨ ᠲᠠᠷᠢᠶᠠᠯᠠᠭ᠎ᠠ ᠶᠢᠨ ᠠᠶᠤᠯᠭᠦᠢ ᠦᠢᠯᠡᠳᠪᠦᠷᠢᠯᠡᠯ ᠢ ᠪᠠᠲᠣᠯᠠᠬᠤ ᠶᠢᠨ ᠲᠥᠯᠥᠭᠡ᠂ ᠦᠴᠦᠸᠠᠨ ᠰᠢᠶᠠᠨ ᠤ ᠲᠠᠷᠢᠶᠠᠯᠠᠩ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠪᠦᠬᠦ ᠰᠢᠶᠠᠨ ᠤ ᠲᠠᠷᠢᠶᠠᠨ ᠡᠮ᠂ ᠦᠷ᠎ᠡ᠂ ᠪᠣᠷᠳᠣᠭᠤᠷ ᠪᠠ ᠲᠠᠷᠢᠶᠠᠯᠠᠩ ᠤᠨ ᠮᠠᠰᠢᠨ ᠵᠡᠷᠭᠡ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠨᠥᠭᠡᠴᠡᠯᠡᠯᠲᠡ ᠶᠢᠨ ᠰᠠᠭᠤᠷᠢ ᠲᠤᠭ᠎ᠠ ᠪᠠ ᠪᠦᠬᠦ ᠰᠢᠶᠠᠨ ᠤ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠬᠡᠷᠡᠭᠴᠡᠭᠡ ᠶᠢ ᠤᠷᠢᠳᠴᠢᠯᠠᠨ ᠪᠠᠶᠢᠴᠠᠭᠠᠨ ᠭᠠᠷᠭᠠᠵᠤ᠂ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠪᠦᠲᠦᠭᠡᠭᠳᠡᠬᠦᠨ ᠤ ᠲᠦᠷᠦᠯ ᠵᠦᠢᠯ ᠪᠦᠷᠢᠨ᠂ ᠨᠥᠭᠡᠴᠡ ᠭᠦᠢᠴᠡᠳ ᠪᠠᠶᠢᠬᠤ ᠶᠢ ᠪᠠᠲᠤᠯᠠᠪᠠ᠃
     ︽2024 ᠣᠨ ᠳᠤ ᠪᠦᠬᠦ ᠰᠢᠶᠠᠨ ᠤ ᠲᠠᠷᠢᠮᠠᠯ ᠤᠨ ᠲᠠᠯᠠᠪᠠᠢ ᠶᠢ ᠦᠨᠳᠦᠰᠦᠨ ᠳᠡᠭᠡᠨ 182 ᠲᠦᠮᠡᠨ ᠮᠦ ᠣᠷᠴᠢᠮ ᠳᠤ ᠲᠣᠭᠲᠠᠪᠤᠷᠢᠵᠢᠭᠤᠯᠪᠠ᠂ ᠣᠳᠣᠬᠠᠨ ᠳᠤ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠠᠴᠠ ᠡᠮᠦᠨᠡᠬᠢ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠢ ᠴᠦ ᠵᠠᠯᠭᠠᠪᠡᠷ ᠪᠣᠳᠠᠲᠠᠶᠢᠵᠢᠭᠤᠯᠪᠠ᠂ ᠡᠭᠦᠨ ᠳᠤ ᠦᠷ᠎ᠡ᠂ ᠬᠢᠮᠢ ᠶᠢᠨ ᠪᠣᠷᠳᠣᠭᠤᠷ᠂ ᠲᠠᠷᠢᠶᠠᠨ ᠡᠮ᠂ ᠲᠠᠷᠢᠶᠠᠯᠠᠩ ᠤᠨ ᠮᠠᠰᠢᠨ ᠵᠡᠷᠭᠡ ᠪᠠᠭᠲᠠᠨ᠎ᠠ︾ ᠭᠡᠵᠦ ᠦᠴᠦᠸᠠᠨ ᠰᠢᠶᠠᠨ ᠤ ᠲᠠᠷᠢᠶᠠᠯᠠᠩ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠶᠢᠨ ᠳᠡᠯᠭᠡᠷᠡᠭᠦᠯᠬᠦ ᠲᠥᠪ ᠤᠨ ᠡᠷᠬᠢᠯᠡᠭᠴᠢ ᠯᠢ ᠪᠢᠩ ᠬᠤᠸᠠ ᠲᠠᠨᠢᠯᠴᠠᠭᠤᠯᠪᠠ᠃
     ᠣᠶᠢᠯᠠᠭᠠᠭᠰᠠᠨ ᠢᠶᠠᠷ᠂ 2023 ᠣᠨ ᠳᠤ᠂ ᠮᠠᠨ ᠤ ᠰᠢᠶᠠᠨ ᠤ ᠲᠠᠷᠢᠮᠠᠯ ᠤᠨ ᠡᠰᠢ ᠰᠦᠷᠡᠯ ᠤᠨ ᠲᠠᠯᠠᠪᠠᠶ 23.3 ᠲᠦᠮᠡᠨ ᠮᠦ ᠪᠠᠶᠢᠵᠤ᠂ ᠡᠰᠢ ᠰᠦᠷᠡᠯ ᠤᠨ ᠬᠡᠮᠵᠢᠶ᠎ᠡ ᠨᠢ 4.5 ᠲᠦᠮᠡᠨ ᠲᠣᠨ ᠪᠠᠶᠢᠵᠤ᠂ ᠣᠲᠣ ᠪᠣᠯᠲᠠᠯ᠎ᠠ ᠪᠤᠴᠠᠭᠠᠨ ᠬᠤᠷᠢᠶᠠᠭᠰᠠᠨ ᠨᠣᠷᠮ᠎ᠠ ᠨᠢ 91.5% ᠳᠤ ᠬᠦᠷᠪᠡ᠃ ᠰᠦᠯᠢᠶᠥᠦ ᠪᠦᠷᠬᠦᠪᠴᠢ ᠶᠢᠨ ᠪᠦᠷᠬᠦᠴᠡ ᠶᠢᠨ ᠲᠠᠯᠠᠪᠠᠶ 41.87 ᠲᠦᠮᠡᠨ ᠮᠦ ᠳᠤ ᠬᠦᠷᠴᠦ᠂ ᠬᠡᠷᠡᠭᠯᠡᠬᠦ ᠬᠡᠮᠵᠢᠶ᠎ᠡ ᠨᠢ 0.16 ᠲᠦᠮᠡᠨ ᠲᠣᠨ ᠳᠤ ᠬᠦᠷᠴᠦ᠂ ᠣᠳᠣ ᠪᠣᠯᠲᠠᠯ᠎ᠠ ᠡᠭᠡᠭᠦᠯᠦᠨ ᠬᠤᠷᠢᠶᠠᠬᠤ ᠨᠣᠷᠮ᠎ᠠ ᠨᠢ 45.01% ᠳᠤ ᠬᠦᠷᠴᠦ᠂ ᠲᠥᠯᠥᠪᠯᠡᠭᠡ ᠪᠠᠷ 4 ᠰᠠᠷ᠎ᠠ ᠶᠢᠨ ᠡᠴᠦᠰ ᠲᠤ ᠪᠦᠬᠦᠨ ᠢ ᠡᠭᠡᠭᠦᠯᠦᠨ ᠬᠤᠷᠢᠶᠠᠵᠤ᠂ ᠬᠠᠶᠠᠭᠳᠠᠮᠠᠯ ᠬᠠᠭᠤᠴᠢᠨ ᠰᠦᠯᠢᠶᠥᠦ ᠪᠦᠷᠬᠦᠪᠴᠢ ᠶᠢᠨ ᠡᠭᠡᠭᠦᠯᠦᠨ ᠬᠤᠷᠢᠶᠠᠬᠤ ᠨᠣᠷᠮ᠎ᠠ ᠶᠢ 85% ᠠᠴᠠ ᠳᠡᠭᠡᠭᠰᠢ ᠳᠤ ᠬᠦᠷᠭᠡᠨ᠎ᠡ᠃      ᠡᠭᠦᠨ ᠠᠴᠠ ᠭᠠᠳᠠᠨ᠎ᠠ᠂ ᠰᠦᠯᠢᠶᠥᠦ ᠪᠦᠷᠬᠦᠪᠴᠢ ᠶᠢ ᠬᠤᠷᠢᠶᠠᠨ ᠠᠪᠴᠢᠷᠠᠬᠤ ᠠᠵᠢᠯ ᠤᠨ ᠨᠠᠩ ᠥᠨᠳᠥᠷ ᠪᠦᠲᠦᠮᠵᠢᠲᠡᠶ ᠪᠠᠶᠢᠬᠤ ᠶᠢ ᠦᠨᠡᠨ ᠬᠦ ᠪᠠᠲᠤᠯᠠᠬᠤ ᠶᠢᠨ ᠲᠥᠯᠥᠭᠡ᠂ ᠯᠢ ᠪᠢᠩ ᠬᠤᠸᠠ ︽ᠡᠨᠡ ᠵᠢᠯ ᠪᠥᠬᠦ ᠰᠢᠶᠠᠨ ᠳᠤ 30 ᠲᠦᠮᠡᠨ ᠮᠦ ᠵᠤᠵᠠᠭᠠᠨ ᠰᠦᠯᠢᠶᠥᠦ ᠪᠦᠷᠬᠦᠪᠴᠢ ᠶᠢ ᠳᠡᠯᠭᠡᠷᠡᠭᠦᠯᠵᠦ᠂ ᠡᠪᠬᠡᠮᠡᠯ ᠪᠦᠷᠢ ᠳᠤ 52.4 ᠲᠥᠭᠦᠷᠢᠭ ᠤᠨ ᠨᠥᠬᠦᠪᠦᠷᠢ ᠥᠭᠴᠦ᠂ ᠲᠠᠷᠢᠶᠠᠴᠢᠨ ᠡᠷᠦᠬᠡ ᠵᠠᠬ᠎ᠠ ᠳᠡᠯᠭᠡᠭᠦᠷ ᠤᠨ ᠦᠨ᠎ᠡ ᠶᠢᠨ ᠨᠥᠬᠦᠪᠦᠷᠢ ᠶᠢᠨ ᠵᠥᠷᠢᠶᠡᠲᠦ ᠦᠨ᠎ᠡ ᠶᠢ ᠦᠨᠳᠦᠰᠦᠯᠡᠨ ᠵᠤᠵᠠᠭᠠᠨ ᠰᠦᠯᠢᠶᠥᠦ ᠪᠦᠷᠬᠦᠪᠴᠢ ᠶᠢ ᠬᠤᠳᠠᠯᠳᠤᠨ ᠠᠪᠴᠤ ᠪᠣᠯᠥᠨ᠎ᠠ︾ ᠭᠡᠵᠦ ᠲᠠᠨᠢᠯᠴᠠᠭᠤᠯᠪᠠ᠃
     ︽ᠬᠠᠪᠤᠷ ᠤᠨ ᠲᠠᠷᠢᠶᠠᠯᠠᠭ᠎ᠠ ᠶᠢ ᠲᠡᠷᠢᠭᠦᠨ ᠳᠤ ᠲᠠᠯᠪᠢᠨ᠎ᠠ︾᠂ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ  ᠢ ᠯᠠᠪᠳᠠᠭᠤᠨ ᠢᠶᠠᠷ ᠲᠦᠯᠬᠢᠨ ᠠᠬᠢᠭᠤᠯᠬᠤ ᠪᠣᠯ ᠪᠦᠬᠦ ᠵᠢᠯ ᠤᠨ ᠠᠮᠤ ᠪᠤᠳᠠᠭᠠᠨ ᠤ ᠤᠨᠠᠯᠲᠠ ᠶᠢ ᠲᠣᠭᠲᠠᠭᠤᠨ ᠢᠶᠠᠷ ᠨᠡᠮᠡᠭᠳᠡᠭᠦᠯᠬᠦ ᠶᠢᠨ ᠵᠠᠩᠭᠢᠯᠠᠭ᠎ᠠ ᠮᠥᠨ᠃ ᠦᠴᠦᠸᠠᠨ ᠰᠢᠶᠠᠨ ᠤ ᠨᠠᠮ ᠤᠨ ᠬᠤᠷᠢᠶ᠎ᠠ᠂ ᠰᠢᠶᠠᠨ ᠤ ᠵᠠᠰᠠᠭ ᠤᠨ ᠣᠷᠳᠣᠨ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠤᠷᠢᠳᠴᠢᠯᠠᠨ ᠲᠥᠯᠥᠪᠵᠢᠭᠦᠯᠵᠦ᠂ ᠵᠣᠬᠢᠰᠲᠠᠢ ᠲᠣᠬᠢᠷᠠᠭᠤᠯᠤᠨ ᠪᠠᠶᠢᠷᠢᠯᠠᠭᠤᠯᠪᠠ᠃ ᠦᠴᠦᠸᠠᠨ ᠰᠢᠶᠠᠨ ᠤ ᠲᠠᠷᠢᠶᠠᠯᠠᠩ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠤᠳᠤ ᠶᠠᠭ ᠡᠯ᠎ᠡ ᠲᠣᠰᠬᠤᠨ ᠳᠤ ᠭᠦᠨᠵᠡᠭᠡᠶᠢᠷᠡᠨ ᠲᠠᠷᠢᠶᠠᠴᠢᠳ ᠲᠤ ᠲᠠᠷᠢᠶᠠᠯᠠᠩ ᠤᠨ ᠦᠢᠯᠡᠳᠪᠦᠷᠢᠯᠡᠯ ᠤᠨ ᠬᠤᠯᠪᠣᠭᠳᠠᠯ ᠪᠦᠬᠦᠢ ᠲᠦᠷᠦ ᠶᠢᠨ ᠪᠣᠳᠣᠯᠭ᠎ᠠ ᠶᠢᠨ ᠳᠡᠮᠵᠢᠯᠭᠡ ᠶᠢ ᠲᠠᠶᠢᠯᠪᠤᠷᠢᠯᠠᠵᠤ᠂ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠪᠠᠲᠤᠯᠠᠭ᠎ᠠ ᠶᠢ ᠴᠢᠩᠭ᠎ᠠ ᠠᠩᠬᠠᠷᠴᠤ᠂ ᠮᠡᠷᠭᠡᠵᠢᠯ ᠤᠨ ᠵᠢᠯᠣᠭᠤᠳᠤᠯᠭ᠎ᠠ ᠬᠠᠩᠭᠠᠵᠤ᠂ ᠲᠣᠰᠬᠤᠨ ᠤ ᠠᠷᠠᠳ ᠤᠨ ᠬᠦᠴᠢᠷ ᠵᠣᠪᠠᠭᠤᠷᠢ ᠶᠢ ᠰᠢᠢᠳᠪᠦᠷᠢᠯᠡᠨ ᠥᠭᠴᠦ᠂ ᠬᠠᠪᠤᠷ ᠤᠨ ᠲᠠᠷᠢᠶᠠᠯᠠᠭ᠎ᠠ ᠶᠢᠨ ᠦᠢᠯᠡᠳᠪᠦᠷᠢᠯᠡᠯ ᠢ ᠬᠠᠮᠠᠭᠠᠯᠠᠵᠤ᠂ ᠪᠦᠬᠦ ᠵᠢᠯ ᠤᠨ ᠲᠠᠷᠢᠶᠠᠯᠠᠩ ᠤᠨ ᠦᠢᠯᠡᠳᠪᠦᠷᠢᠯᠡᠯ ᠳᠤ ᠰᠠᠶᠢᠨ ᠡᠬᠢᠯᠡᠯᠲᠡ ᠲᠠᠢ ᠪᠣᠯᠭᠠᠵᠤ ᠪᠠᠶᠢᠨ᠎ᠠ᠃              ᠢᠷᠡᠯᠲᠡ᠄ ᠦᠴᠦᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ
 
ᠢᠷᠡᠯᠲᠡ᠄ ᠦᠴᠦᠸᠠᠨ ᠰᠢᠶᠠᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号