ᠮᠠᠨ ᠤ ᠣᠷᠣᠨ ᠡᠨᠡ ᠵᠢᠯ ᠤᠨ ᠰᠡᠭᠦᠯᠴᠢ ᠪᠤᠯᠲᠠᠯ᠎ᠠ ᠣᠷᠣᠨ ᠤ ᠰᠢᠭᠤᠳ ᠬᠠᠷᠢᠶ᠎ᠠ ᠪᠠᠶᠢᠭᠤᠯᠭ᠎ᠠ ᠶᠢ ᠴᠥᠮ ᠤᠰᠤ ᠠᠷᠪᠢᠯᠠᠬᠤ ᠭᠡᠯᠪᠡᠷᠢ ᠶᠢᠨ ᠨᠢᠭᠡᠴᠢ ᠪᠣᠯᠭᠠᠨ ᠪᠠᠶᠢᠭᠤᠯᠬᠤ ᠪᠠᠷ ᠪᠤᠢ
ᠨᠡᠶᠢᠲᠡᠯᠡᠭᠰᠡᠨ ᠴᠠᠭ᠄
2024/3/22
     ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠣᠯᠠᠨ ᠨᠡᠶᠢᠲᠡ ᠶᠢᠨ ᠪᠠᠶᠢᠭᠤᠯᠤᠮᠵᠢ ᠶᠢ ᠤᠰᠤ ᠠᠷᠪᠢᠯᠠᠬᠤ ᠭᠡᠯᠪᠡᠷᠢ ᠶᠢᠨ ᠨᠢᠭᠡᠴᠢ ᠶᠢᠨ ᠪᠣᠯᠭᠠᠨ ᠪᠠᠶᠢᠭᠤᠯᠬᠤ ᠶᠢ ᠲᠦᠷᠭᠡᠳᠬᠡᠨ ᠠᠬᠢᠭᠤᠯᠬᠤ ᠶᠢᠨ ᠲᠥᠯᠥᠭᠡ᠂ ᠥᠪᠡᠷᠲᠡᠭᠡᠨ ᠵᠠᠰᠠᠬᠤ ᠣᠷᠣᠨ ᠤ ᠤᠰᠤᠨ ᠠᠰᠢᠭᠯᠠᠯᠲᠠ ᠶᠢᠨ ᠲᠢᠩᠬᠢᠮ ᠣᠶᠢᠷ᠎ᠠ ᠳᠤ ᠥᠪᠡᠷᠲᠡᠭᠡᠨ ᠵᠠᠰᠠᠬᠤ ᠣᠷᠣᠨ  ᠤ ᠪᠠᠶᠢᠭᠤᠯᠭ᠎ᠠ ᠶᠢᠨ ᠶᠠᠪᠤᠳᠠᠯ ᠤᠨ ᠬᠠᠮᠢᠶᠠᠷᠤᠯᠲᠠ ᠶᠢᠨ ᠲᠣᠪᠴᠢᠶ᠎ᠠ ᠲᠠᠢ ᠬᠠᠮᠲᠤᠷᠠᠨ ︽ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠣᠯᠠᠨ ᠨᠡᠶᠢᠲᠡ ᠶᠢᠨ ᠪᠠᠶᠢᠭᠤᠯᠤᠮᠵᠢ ᠶᠢ ᠤᠰᠤ ᠠᠷᠪᠢᠯᠠᠬᠤ ᠭᠡᠯᠪᠡᠷᠢ ᠶᠢᠨ ᠨᠢᠭᠡᠴᠢ ᠪᠣᠯᠭᠠᠨ ᠪᠠᠶᠢᠭᠤᠯᠬᠤ ᠠᠵᠢᠯ ᠢ ᠲᠦᠷᠭᠡᠳᠬᠡᠨ ᠠᠬᠢᠭᠤᠯᠬᠤ ᠲᠤᠬᠠᠢ ᠮᠡᠳᠡᠭᠳᠡᠯ︾ ᠢ ᠳᠠᠷᠤᠮᠠᠯᠯᠠᠨ ᠲᠠᠷᠬᠠᠭᠠᠵᠤ᠂ ᠡᠨᠡ ᠵᠢᠯ ᠤᠨ ᠰᠡᠭᠦᠯᠴᠢ ᠪᠤᠯᠲᠠᠯ᠎ᠠ ᠣᠷᠣᠨ ᠤ ᠰᠢᠭᠤᠳ ᠬᠠᠷᠢᠶ᠎ᠠ ᠪᠠᠶᠢᠭᠤᠯᠭ᠎ᠠ ᠶᠢ ᠴᠥᠮ ᠤᠰᠤ ᠠᠷᠪᠢᠯᠠᠬᠤ ᠭᠡᠯᠪᠡᠷᠢ  ᠶᠢᠨ ᠨᠢᠭᠡᠴᠢ ᠪᠣᠯᠭᠠᠨ ᠪᠠᠶᠢᠭᠤᠯᠬᠤ ᠪᠠᠷ  ᠬᠦᠴᠦᠯᠡᠨ᠎ᠡ ᠭᠡᠵᠦ ᠳᠤᠷᠠᠳᠴᠠᠢ᠃      ᠲᠤᠰ ︽ᠮᠡᠳᠡᠭᠳᠡᠯ︾ ᠳᠤ᠂ ᠤᠰᠤ ᠠᠷᠪᠢᠯᠠᠬᠤ ᠭᠡᠯᠪᠡᠷᠢ ᠶᠢᠨ ᠨᠢᠭᠡᠴᠢ ᠪᠣᠯᠭᠠᠨ ᠪᠠᠶᠢᠭᠤᠯᠤᠭᠠᠳᠤᠢ ᠥᠪᠡᠷᠲᠡᠭᠡᠨ ᠵᠠᠰᠠᠬᠤ ᠣᠷᠣᠨ ᠤ 10 ᠰᠢᠭᠤᠳ ᠬᠠᠷᠢᠶ᠎ᠠ ᠪᠠᠶᠢᠭᠤᠯᠭ᠎ᠠ ᠨᠢ ᠤᠰᠤ ᠠᠷᠪᠢᠯᠠᠬᠤ ᠳᠦᠷᠢᠮ ᠪᠠᠶᠢᠭᠤᠯᠬᠤ᠂ ᠤᠰᠤ ᠠᠷᠪᠢᠯᠠᠬᠤ ᠡᠳᠦᠷ ᠲᠤᠲᠤᠮ ᠤᠨ ᠬᠠᠮᠢᠶᠠᠷᠤᠯᠲᠠ ᠶᠢ ᠴᠢᠩᠭᠠᠳᠬᠠᠬᠤ᠂ ᠤᠰᠤ ᠠᠷᠪᠢᠯᠠᠬᠤ ᠪᠠᠭᠠᠵᠢ ᠬᠡᠷᠡᠭᠰᠡᠯ ᠢ ᠳᠡᠯᠭᠡᠷᠡᠭᠦᠯᠦᠨ ᠬᠡᠷᠡᠭᠯᠡᠬᠦ᠂ ᠬᠡᠪ ᠤᠨ ᠪᠤᠰᠤ ᠤᠰᠤ ᠶᠢ ᠠᠰᠢᠭᠯᠠᠬᠤ᠂ ᠤᠰᠤ ᠬᠡᠷᠡᠭᠯᠡᠬᠦ ᠬᠡᠮᠵᠢᠯᠲᠡ ᠶᠢ ᠲᠡᠭᠦᠯᠳᠡᠷᠵᠢᠭᠦᠯᠬᠦ ᠵᠢᠴᠢ ᠤᠰᠤ ᠠᠷᠪᠢᠯᠠᠬᠤ ᠤᠬᠠᠭᠤᠯᠭ᠎ᠠ ᠬᠥᠮᠦᠵᠢᠯ ᠤᠨ ᠲᠣᠭᠤᠷᠢᠨ ᠳᠤ ᠣᠯᠠᠨ ᠨᠡᠶᠢᠲᠡ ᠶᠢᠨ ᠪᠠᠶᠢᠭᠤᠯᠤᠮᠵᠢ ᠶᠢ ᠤᠰᠤ ᠠᠷᠪᠢᠯᠠᠬᠤ ᠭᠡᠯᠪᠡᠷᠢ ᠶᠢᠨ ᠨᠢᠭᠡᠴᠢ ᠪᠣᠯᠭᠠᠨ ᠪᠠᠶᠢᠭᠤᠯᠬᠤ ᠶᠢ ᠢᠳᠡᠪᠬᠢᠲᠡᠢ ᠥᠷᠨᠢᠭᠦᠯᠬᠦ ᠬᠡᠷᠡᠭᠲᠡᠢ᠃ ᠡᠯ᠎ᠡ ᠨᠢᠭᠡᠴᠢ ᠶᠢᠨ ᠨᠢᠭᠡᠳᠦᠭᠡᠷ ᠳᠡᠰ ᠪᠣᠯᠣᠨ ᠬᠤᠶᠠᠳᠤᠭᠠᠷ ᠳᠡᠰ ᠤᠨ ᠤᠰᠤᠨ ᠤ ᠬᠡᠮᠵᠢᠯᠲᠡ ᠶᠢᠨ ᠪᠠᠭᠠᠵᠢ ᠬᠡᠷᠡᠭᠰᠡᠯ  ᠲᠣᠬᠢᠷᠠᠭᠤᠯᠬᠤ  ᠨᠣᠷᠮ᠎ᠠ   ᠶᠢ  ᠲᠤᠰ ᠲᠤᠰ 100%  ᠪᠠ  95% ᠳᠤ ᠬᠦᠷᠭᠡᠵᠦ᠂ ᠤᠰᠤ ᠠᠷᠪᠢᠯᠠᠬᠤ  ᠪᠠᠭᠠᠵᠢ ᠬᠡᠷᠡᠭᠰᠡᠯ ᠢ ᠲᠦᠭᠡᠮᠡᠯᠵᠢᠭᠦᠯᠬᠦ ᠨᠣᠷᠮ᠎ᠠ ᠶᠢ 96% ᠠᠴᠠ ᠳᠣᠣᠷ᠎ᠠ ᠪᠠᠶᠢᠯᠭᠠᠵᠤ  ᠪᠤᠯᠬᠤ ᠦᠭᠡᠢ᠂ ᠤᠰᠤ  ᠬᠡᠷᠡᠭᠯᠡᠬᠦ  ᠪᠠᠭᠠᠵᠢ ᠬᠡᠷᠡᠭᠰᠡᠯ ᠤᠨ ᠤᠰᠤ ᠭᠤᠭᠤᠵᠢᠬᠤ ᠨᠣᠷᠮ᠎ᠠ ᠶᠢ 4% ᠶᠢᠨ ᠳᠣᠲᠣᠷ᠎ᠠ ᠬᠢᠵᠠᠭᠠᠷᠯᠠᠬᠤ ᠬᠡᠷᠡᠭᠲᠡᠢ ᠭᠡᠵᠦ ᠱᠠᠭᠠᠷᠳᠠᠪᠠ᠃      ᠣᠶᠢᠯᠠᠭᠠᠭᠰᠠᠨ ᠢᠶᠠᠷ᠂ ᠮᠠᠨ ᠤ ᠣᠷᠣᠨ ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠣᠯᠠᠨ ᠨᠡᠶᠢᠲᠡ  ᠶᠢᠨ ᠪᠠᠶᠢᠭᠤᠯᠤᠮᠵᠢ ᠶᠢ ᠤᠰᠤ ᠠᠷᠪᠢᠯᠠᠬᠤ ᠭᠡᠯᠪᠡᠷᠢ ᠶᠢᠨ ᠨᠢᠭᠡᠴᠢ ᠪᠣᠯᠭᠠᠨ ᠪᠠᠶᠢᠭᠤᠯᠬᠤ ᠡᠷᠴᠢᠮ ᠢ ᠦᠷᠭᠦᠯᠵᠢᠯᠡᠨ ᠴᠢᠩᠭᠠᠷᠠᠭᠤᠯᠵᠤ᠂ ᠪᠦᠲᠦᠭᠡᠨ ᠪᠠᠶᠢᠭᠤᠯᠬᠤ ᠶᠠᠰᠤ ᠴᠢᠨᠠᠷ ᠪᠠ ᠲᠤᠭ᠎ᠠ ᠬᠡᠮᠵᠢᠶ᠎ᠡ ᠶᠢ ᠳᠡᠭᠡᠭᠰᠢᠯᠡᠭᠦᠯᠭᠦ ᠪᠣᠯᠣᠨ᠎ᠠ᠃ ᠡᠭᠦᠨ ᠤ ᠬᠠᠮᠲᠤ ︽ᠳᠡᠯᠡᠬᠡᠢ ᠶᠢᠨ ᠤᠰᠤᠨ ᠤ ᠡᠳᠦᠷ︾᠂ ︽ᠳᠤᠮᠳᠠᠳᠤ ᠤᠯᠤᠰ ᠤᠨ ᠤᠰᠤᠨ ᠤ ᠭᠠᠷᠠᠭ︾ ᠵᠡᠷᠭᠡ ᠵᠠᠩᠭᠢᠯᠠᠭ᠎ᠠ ᠶᠢᠨ ᠴᠡᠭ ᠢᠶᠠᠷ ᠠᠵᠠ ᠲᠣᠭᠢᠶᠠᠯ ᠪᠣᠯᠭᠠᠨ᠂ ᠬᠤᠯᠪᠣᠭᠳᠠᠯ ᠪᠦᠬᠦᠢ ᠪᠠᠶᠢᠭᠤᠯᠭ᠎ᠠ ᠨᠢᠭᠡᠴᠢ ᠶᠢ ᠵᠣᠬᠢᠶᠠᠨ ᠪᠠᠶᠢᠭᠤᠯᠵᠤ ᠤᠰᠤ ᠠᠷᠪᠢᠯᠠᠬᠤ ᠭᠡᠯᠪᠡᠷᠢ ᠶᠢᠨ ᠨᠢᠭᠡᠴᠢ ᠶᠢᠨ ᠪᠠᠶᠢᠭᠤᠯᠤᠯᠲᠠ ᠶᠢᠨ ᠪᠣᠯᠪᠠᠰᠤᠷᠠᠯ ᠤᠨ ᠬᠤᠷᠠᠯ ᠬᠢᠵᠦ᠂ ᠣᠯᠠᠨ ᠨᠡᠶᠢᠲᠡ ᠶᠢᠨ ᠪᠠᠶᠢᠭᠤᠯᠤᠮᠵᠢ ᠶᠢᠨ ᠤᠰᠤ ᠠᠷᠪᠢᠯᠠᠬᠤ ᠳᠠᠯᠳᠠ ᠬᠦᠴᠦᠨ ᠢ ᠲᠠᠰᠤᠷᠠᠯᠲᠠ ᠦᠭᠡᠢ ᠠᠭᠤᠳᠠᠯᠤᠨ᠂ ᠤᠰᠤ ᠠᠷᠪᠢᠯᠠᠬᠤ ᠭᠡᠯᠪᠡᠷᠢ ᠶᠢᠨ ᠨᠡᠶᠢᠭᠡᠮ ᠤᠨ ᠪᠠᠶᠢᠭᠤᠯᠤᠯᠲᠠ ᠳᠠᠬᠢ ᠣᠯᠠᠨ ᠨᠡᠶᠢᠲᠡ ᠶᠢᠨ ᠪᠠᠶᠢᠭᠤᠯᠤᠮᠵᠢ ᠶᠢᠨ ᠵᠢᠱᠢᠶ᠎ᠡ ᠦᠵᠡᠭᠦᠯᠵᠦ ᠬᠥᠲᠥᠯᠥᠨ ᠳᠠᠭᠠᠭᠤᠯᠬᠤ ᠦᠢᠯᠡᠳᠦᠯ ᠢ ᠭᠦᠢᠴᠡᠳ ᠪᠠᠳᠠᠷᠠᠭᠤᠯᠬᠤ ᠪᠠᠷ ᠪᠤᠢ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号