ᠦᠴᠦᠸᠠᠨ ᠰᠢᠶᠠᠨ ᠤ ᠪᠥᠬᠦ ᠰᠢᠶᠠᠨ ᠤ ᠬᠡᠦᠬᠡᠳ ᠤᠨ ᠴᠡᠴᠡᠷᠯᠢᠭ ᠤᠨ ᠪᠠᠭᠰᠢ ᠶᠢᠨ ᠲᠤᠬᠠᠶᠢᠯᠠᠭᠰᠠᠨ ᠠᠵᠢᠯ ᠤᠨ ᠴᠢᠳᠠᠪᠤᠷᠢ ᠶᠢ ᠳᠡᠭᠡᠭᠰᠢᠯᠡᠭᠦᠯᠬᠦ ᠪᠣᠯᠪᠠᠰᠤᠷᠠᠭᠤᠯᠤᠯ ᠤᠨ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2024/4/1
     ᠬᠡᠦᠬᠡᠳ ᠤᠨ ᠰᠤᠷᠭᠠᠨ ᠬᠥᠮᠦᠵᠢᠯ ᠤᠨ ᠡᠮᠦᠨ᠎ᠡ ᠵᠠᠬ᠎ᠠ ᠶᠢ ᠪᠦᠬᠦ ᠲᠠᠯ᠎ᠠ ᠪᠠᠷ ᠣᠶᠢᠯᠠᠭᠠᠵᠤ᠂ ︽ᠲᠣᠭᠯᠠᠭᠠᠮ ᠪᠣᠯ ᠬᠡᠦᠬᠡᠳ ᠤᠨ ᠦᠨᠳᠦᠰᠦᠨ ᠠᠵᠢᠯᠯᠠᠭ᠎ᠠ ᠮᠥᠨ︾ ᠭᠡᠬᠦ ᠰᠤᠷᠭᠠᠨ ᠬᠥᠮᠦᠵᠢᠯ ᠤᠨ ᠣᠶᠢᠯᠠᠭᠠᠭᠳᠠᠬᠤᠨ ᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠬᠡᠦᠬᠡᠳ ᠤᠨ ᠨᠢᠭᠡ ᠡᠳᠦᠷ ᠤᠨ ᠠᠵᠢᠯᠯᠠᠭ᠎ᠠ ᠶᠢ ᠰᠢᠨᠵᠢᠯᠡᠬᠦ ᠤᠬᠠᠭᠠᠨᠴᠢ ᠪᠠᠷ ᠵᠦᠢ ᠵᠣᠬᠢᠰᠲᠠᠢ ᠪᠠᠷ ᠲᠣᠬᠢᠷᠠᠭᠤᠯᠵᠤ᠂ ᠬᠡᠦᠬᠡᠳ ᠢ ᠲᠣᠭᠯᠠᠭᠠᠮ ᠤᠨ ᠳᠤᠮᠳᠠ ᠥᠰᠬᠡᠨ ᠪᠣᠶᠢᠵᠢᠭᠤᠯᠵᠤ᠂ ᠮᠠᠨ ᠤ ᠰᠢᠶᠠᠨ ᠤ ᠬᠡᠦᠬᠡᠳ ᠤᠨ ᠴᠡᠴᠡᠷᠯᠢᠭ ᠤᠨ ᠪᠠᠭᠰᠢ ᠶᠢᠨ ᠲᠤᠬᠠᠶᠢᠯᠠᠭᠰᠠᠨ ᠠᠵᠢᠯ ᠤᠨ ᠬᠢᠷᠢ ᠬᠡᠮᠵᠢᠶ᠎ᠡ ᠪᠣᠯᠣᠨ ᠲᠤᠰᠬᠠᠢ ᠮᠡᠷᠭᠡᠵᠢᠯ ᠤᠨ ᠬᠡᠪ ᠪᠣᠯᠪᠠᠰᠤᠷᠠᠯ ᠢ ᠪᠦᠬᠦ ᠲᠠᠯ᠎ᠠ ᠪᠠᠷ ᠪᠦᠲᠦᠮᠵᠢᠲᠡᠶ ᠪᠠᠷ ᠳᠡᠭᠡᠭᠰᠢᠯᠡᠭᠦᠯᠬᠦ ᠶᠢᠨ ᠲᠥᠯᠥᠭᠡ᠂ 3 ᠰᠠᠷ᠎ᠠ ᠶᠢᠨ 30 ᠤ ᠡᠳᠦᠷ᠂ ᠦᠴᠦᠸᠠᠨ ᠰᠢᠶᠠᠨ ᠪᠥᠬᠦ ᠰᠢᠶᠠᠨ ᠤ ᠬᠡᠦᠬᠡᠳ ᠤᠨ ᠴᠡᠴᠡᠷᠯᠢᠭ ᠤᠨ ᠪᠠᠭᠰᠢ ᠶᠢᠨ ᠲᠤᠬᠠᠶᠢᠯᠠᠭᠰᠠᠨ ᠠᠵᠢᠯ ᠤᠨ ᠴᠢᠳᠠᠪᠤᠷᠢ ᠶᠢ ᠳᠡᠭᠡᠭᠰᠢᠯᠡᠭᠦᠯᠬᠦ ᠪᠣᠯᠪᠠᠰᠤᠷᠠᠭᠤᠯᠤᠯ ᠤᠨ ᠬᠤᠷᠠᠯ ᠡᠷᠭᠢᠯᠡᠵᠦ᠂ ᠰᠢᠶᠠᠨ ᠤ ᠰᠤᠷᠭᠠᠨ ᠬᠥᠮᠦᠵᠢᠯ ᠤᠨ ᠲᠣᠪᠴᠢᠶ᠎ᠠ ᠶᠢᠨ ᠬᠠᠮᠢᠶ᠎ᠠ ᠪᠦᠬᠦᠢ ᠬᠠᠷᠢᠭᠤᠴᠠᠯᠭᠠᠲᠠᠨ᠂ ᠪᠥᠬᠦ ᠰᠢᠶᠠᠨ ᠤ ᠡᠯ᠎ᠡ ᠬᠡᠦᠬᠡᠳ ᠤᠨ ᠴᠡᠴᠡᠷᠯᠢᠭ ᠤᠨ ᠳᠠᠷᠤᠭ᠎ᠠ ᠵᠢᠴᠢ ᠪᠠᠭᠰᠢ ᠨᠠᠷ ᠪᠣᠯᠪᠠᠰᠤᠷᠠᠭᠤᠯᠤᠯ ᠳᠤ ᠣᠷᠣᠯᠴᠠᠪᠠ᠃
     ᠲᠣᠰ ᠤᠳᠠᠭᠠᠨ ᠤ ᠪᠣᠯᠪᠠᠰᠤᠷᠠᠭᠤᠯᠤᠯ ᠳᠤ ᠱᠠᠨᠳᠦ᠋ᠩ ᠮᠤᠵᠢ ᠶᠢᠨ ᠯᠢᠵᠢᠨ ᠰᠢᠶᠠᠨ ᠤ ᠬᠤᠶᠠᠳᠤᠭᠠᠷ ᠲᠤᠷᠰᠢᠯᠲᠠ ᠶᠢᠨ ᠬᠡᠦᠬᠡᠳ ᠤᠨ ᠴᠡᠴᠡᠷᠯᠢᠭ ᠤᠨ ᠳᠠᠷᠤᠭ᠎ᠠ᠂ ᠵᠢᠩᠬᠢᠨᠢ ᠳᠡᠭᠡᠳᠦ ᠲᠠᠰ ᠤᠨ ᠪᠠᠭᠰᠢ ᠵᠣᠣ ᠯᠠᠨ ᠬᠤᠶ ᠪᠣᠯᠣᠨ ᠬᠥᠬᠡᠬᠤᠲᠠ ᠶᠢᠨ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠰᠤᠳᠤᠯᠭᠠᠨ ᠤ ᠲᠥᠪ ᠤᠨ ᠰᠤᠷᠬᠤ ᠨᠠᠰᠤᠨ  ᠠᠴᠠ ᠡᠮᠦᠨᠡᠬᠢ ᠰᠤᠷᠭᠠᠨ ᠬᠥᠮᠦᠵᠢᠯ ᠤᠨ ᠰᠤᠳᠤᠯᠤᠭᠴᠢ ᠯᠢ ᠯᠢ ᠶᠢ ᠲᠤᠰᠬᠠᠶᠢᠯᠠᠨ ᠤᠷᠢᠵᠤ ᠲᠤᠰᠬᠠᠢ ᠰᠡᠳᠦᠪᠲᠦ ᠲᠠᠶᠢᠯᠤᠮᠵᠢ ᠬᠢᠯᠭᠡᠵᠡᠢ᠃      ᠬᠡᠦᠬᠡᠳ ᠤᠨ ᠰᠤᠷᠭᠠᠨ ᠬᠥᠮᠦᠵᠢᠯ ᠪᠣᠯ ᠰᠠᠭᠤᠷᠢ ᠰᠤᠷᠭᠠᠨ ᠬᠥᠮᠦᠵᠢᠯ ᠤᠨ ᠴᠢᠬᠤᠯᠠ ᠪᠦᠷᠢᠯᠳᠦᠭᠦᠨ ᠬᠡᠰᠡᠭ ᠮᠥᠨ᠂ ᠰᠤᠷᠭᠠᠭᠤᠯᠢ ᠶᠢᠨ ᠰᠤᠷᠭᠠᠨ ᠬᠥᠮᠦᠵᠢᠯ ᠪᠠ ᠨᠠᠰᠤᠨ ᠲᠤᠷᠰᠢᠲᠠ ᠶᠢᠨ ᠰᠤᠷᠭᠠᠨ ᠬᠥᠮᠦᠵᠢᠯ ᠤᠨ ᠰᠠᠭᠤᠷᠢ ᠲᠠᠯᠪᠢᠬᠤ ᠱᠠᠲᠤ ᠦᠶ᠎ᠡ ᠮᠥᠨ᠃ ᠲᠣᠰ ᠤᠳᠠᠭᠠᠨ ᠤ ᠪᠣᠯᠪᠠᠰᠤᠷᠠᠭᠤᠯᠤᠯ ᠤᠨ ᠠᠵᠢᠯᠯᠠᠭ᠎ᠠ ᠨᠢ ᠪᠥᠬᠦ ᠰᠢᠶᠠᠨ ᠤ ᠥᠷᠭᠡᠨ ᠣᠯᠠᠨ ᠬᠡᠦᠬᠡᠳ ᠤᠨ ᠴᠡᠴᠡᠷᠯᠢᠭ ᠤᠨ ᠪᠠᠭᠰᠢ ᠨᠠᠷ ᠲᠤ ᠰᠤᠷᠤᠯᠴᠠᠵᠤ ᠰᠣᠯᠢᠯᠴᠠᠬᠤ ᠲᠠᠪᠴᠠᠩ ᠪᠠᠶᠢᠭᠤᠯᠤᠨ ᠥᠭᠴᠦ᠂ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠲᠠᠯ᠎ᠠ ᠪᠠᠷ ᠰᠢᠨ᠎ᠡ ᠶᠢ ᠡᠭᠦᠳᠬᠦ ᠪᠠ ᠬᠥᠭᠵᠢᠬᠦ ᠶᠢ ᠠᠬᠢᠭᠤᠯᠤᠨ᠂ ᠴᠢᠨᠠᠷ ᠰᠠᠶᠢᠲᠠᠢ ᠬᠡᠦᠬᠡᠳ ᠤᠨ ᠰᠤᠷᠭᠠᠨ ᠬᠥᠮᠦᠵᠢᠯ ᠢ ᠪᠣᠶ ᠪᠣᠯᠭᠠᠬᠤ ᠳᠤ ᠰᠠᠭᠤᠷᠢ ᠲᠠᠯᠪᠢᠵᠤ ᠥᠭᠭᠦᠭᠰᠡᠨ ᠪᠠᠶᠢᠨ᠎ᠠ᠃ ᠣᠯᠠᠨ ᠵᠦᠢᠯ ᠤᠨ ᠬᠡᠯᠪᠡᠷᠢ ᠪᠠᠷ ᠬᠡᠦᠬᠡᠳ ᠤᠨ ᠴᠡᠴᠡᠷᠯᠢᠭ ᠤᠨ ᠪᠠᠭᠰᠢ ᠶᠢᠨ ᠶᠣᠰᠣ ᠮᠣᠷᠠᠯ ᠤᠨ ᠬᠥᠮᠦᠵᠢᠯ᠂ ᠰᠠᠭᠤᠷᠢ ᠮᠡᠳᠡᠯᠭᠡ᠂ ᠵᠢᠭᠠᠨ ᠰᠤᠷᠭᠠᠯᠲᠠ ᠶᠢᠨ ᠤᠷ᠎ᠠ ᠴᠢᠳᠠᠪᠤᠷᠢ ᠳᠤ ᠪᠣᠯᠪᠠᠰᠤᠷᠠᠭᠤᠯᠤᠯ ᠬᠢᠵᠦ᠂ ᠬᠡᠦᠬᠡᠳ ᠤᠨ ᠴᠡᠴᠡᠷᠯᠢᠭ ᠤᠨ ᠪᠠᠭᠰᠢ ᠶᠢᠨ ᠡᠩᠨᠡᠭᠡ ᠶᠢᠨ ᠪᠠᠶᠢᠭᠤᠯᠤᠯᠲᠠ ᠶᠢ ᠲᠠᠰᠤᠷᠠᠯᠲᠠ ᠦᠭᠡᠢ ᠴᠢᠩᠭᠠᠳᠬᠠᠨ᠂ ᠪᠦᠬᠦᠯᠢ ᠴᠣᠭᠴᠠ ᠶᠢᠨ ᠬᠡᠪ ᠴᠢᠨᠠᠷ ᠢ ᠪᠥᠬᠦ ᠲᠠᠯ᠎ᠠ ᠪᠠᠷ ᠳᠡᠭᠡᠭᠰᠢᠯᠡᠭᠦᠯᠵᠦ᠂ ᠬᠡᠦᠬᠡᠳ ᠤᠨ ᠴᠡᠴᠡᠷᠯᠢᠭ ᠤᠨ ᠠᠰᠠᠷᠠᠨ ᠬᠥᠮᠥᠵᠢᠭᠦᠯᠬᠦ ᠶᠠᠰᠤ ᠴᠢᠨᠠᠷ ᠢ ᠲᠤᠶᠢᠯ ᠤᠨ ᠶᠡᠭᠡ ᠪᠠᠷ ᠳᠡᠭᠡᠭᠰᠢᠯᠡᠭᠦᠯᠦᠨ᠂ ᠬᠡᠦᠬᠡᠳ ᠤᠳ ᠲᠤ ᠨᠢᠭᠡᠨ ᠲᠠᠭᠠᠯᠠᠮᠵᠢᠲᠠᠢ᠂ ᠪᠠᠶᠠᠷ ᠬᠥᠷ ᠲᠠᠢ ᠰᠤᠷᠭᠠᠨ ᠬᠥᠮᠦᠵᠢᠯ ᠤᠨ ᠠᠮᠢᠳᠤᠷᠠᠯ ᠤᠨ ᠣᠷᠴᠢᠨ ᠲᠣᠭᠤᠷᠢᠨ ᠢ ᠪᠣᠶ ᠪᠣᠯᠭᠠᠵᠤ᠂ ᠪᠥᠬᠦ ᠰᠢᠶᠠᠨ ᠤ ᠬᠡᠦᠬᠡᠳ ᠤᠨ ᠰᠤᠷᠭᠠᠨ ᠬᠥᠮᠦᠵᠢᠯ ᠤᠨ ᠴᠢᠨᠠᠷ ᠰᠠᠶᠢᠲᠠᠢ ᠬᠥᠭᠵᠢᠯᠲᠡ ᠶᠢ ᠲᠦᠯᠬᠢᠨ ᠠᠬᠢᠭᠤᠯᠤᠨ᠎ᠠ᠃ ︵ᠰᠤᠷᠪᠤᠯᠵᠢᠯᠠᠭᠴᠢ᠄ ᠵᠧᠦ ᠶᠠᠨ  ᠵᠧᠨ ᠶᠤᠸᠠᠨ ᠪᠦᠥᠸ᠋︶              ᠢᠷᠡᠯᠲᠡ᠄ ᠦᠴᠦᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ
 
ᠢᠷᠡᠯᠲᠡ᠄ ᠦᠴᠦᠸᠠᠨ ᠰᠢᠶᠠᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号