ᠭᠦᠭᠡᠬᠤᠲᠠ ᠶᠢᠨ ᠠᠩᠬᠠᠳᠤᠭᠠᠷ ᠬᠤᠭᠤᠴᠠᠭᠠᠨ ᠤ ᠴᠠᠭᠠᠰᠤᠨ ᠰᠢᠪᠠᠭᠤ ᠶᠢᠨ ᠤᠷᠠᠯᠢᠭ ᠤᠨ ᠨᠠᠶᠢᠷ ᠭᠦᠷ | ᠬᠥᠭᠵᠢᠶᠡᠨ ᠲᠠᠢ ᠶᠠᠪᠤᠭᠳᠠᠨ᠂ ᠬᠤᠳᠠ ᠶᠢᠨ ᠠᠷᠠᠳ ᠬᠢᠭᠡᠳ ᠵᠢᠭᠤᠯᠴᠢᠯᠠᠬᠰᠠᠳ ᠲᠤ ᠬᠠᠪᠤᠷ ᠤᠨ ᠵᠢᠭᠤᠯᠴᠢᠯᠠᠯ ᠤᠨ | ᠪᠠᠶᠠᠷ ᠪᠠᠭ᠋ᠠᠳᠤᠯ ᠢ ᠡᠳ᠋ᠯᠡᠭᠦᠯᠵᠦ᠂ ᠬᠡᠰᠡᠭ ᠠᠵᠢᠯᠯᠠᠭ᠎ᠠ ᠨᠢ 4 ᠰᠠᠷ᠎ᠠ ᠶᠢᠨ 30 ᠤ ᠡᠳᠦᠷ ᠪᠤᠯᠲᠠᠯ᠎ᠠ ᠦᠷᠭᠦᠯᠵᠢᠯᠡᠵᠦ᠂ | ᠬᠠᠪᠤᠷ ᠤᠨ ᠤᠯᠠᠷᠢᠯ ᠤᠨ ᠵᠢᠭᠤᠯᠴᠢᠯᠠᠯ ᠤᠨ ᠠᠮᠢᠵᠢᠷᠠᠯ ᠤᠨ ᠬᠦᠴᠦᠨ ᠢ ᠭᠦᠢᠴᠡᠳ ᠪᠠᠳᠠᠷᠠᠭᠤᠯᠪᠠ᠃ | ᠡᠨᠡ ᠵᠢᠯ ᠠᠴᠠ ᠨᠠᠭᠠᠰᠢ᠂ ᠭᠦᠭᠡᠬᠤᠳᠠ ᠰᠣᠶᠣᠯ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠡᠮᠬᠢ ᠳᠢᠭᠯᠢᠮ ᠢ | ᠪᠠᠲᠤᠯᠠᠨ᠂ ᠤᠯᠠᠨ ᠠᠷᠭ᠎ᠠ ᠵᠠᠮ ᠢᠶᠠᠷ ᠬᠡᠷᠡᠭᠡᠯᠡᠭᠴᠢᠳ ᠤᠨ ᠡᠷᠬᠡ ᠠᠰᠢᠭ ᠢ ᠬᠠᠮᠠᠭᠠᠯᠠᠵᠤ᠂ ᠠᠰᠠᠭᠤᠳᠠᠯ ᠢ ᠴᠠᠭ | ᠲᠤᠬᠠᠢ ᠳᠤᠨᠢ ᠰᠢᠢᠳᠪᠦᠷᠢᠯᠡᠨ᠂ ᠰᠣᠶᠣᠯ ᠵᠢᠭᠤᠯᠴᠢᠯᠠᠯ ᠤᠨ ᠰᠤᠷᠲᠠᠯ ᠤᠬᠠᠭᠤᠯᠭ᠎ᠠ ᠶᠢ ᠴᠢᠩᠭᠠᠳᠬᠠᠵᠤ᠂ ᠭᠦᠭᠡᠬᠤᠳᠠ | ᠶᠢᠨ ᠨᠡᠷ᠎ᠡ ᠠᠯᠳᠠᠷᠰᠢᠯ ᠢ ᠤᠯᠠᠮ ᠨᠡᠮᠡᠭᠳᠡᠭᠦᠯᠪᠡ᠃ ᠡᠨᠡ ᠬᠠᠪᠤᠷ᠂ ᠭᠦᠭᠡᠬᠤᠳᠠ ᠶᠢᠨ ᠳᠠᠯᠠᠨ ᠬᠠᠷ᠎ᠠ ᠠᠭᠤᠯᠠ ᠶᠢᠨ | ᠬᠡᠭᠡᠷ᠎ᠡ ᠶᠢᠨ ᠠᠮᠢᠳᠠᠨ ᠤ ᠬᠦᠷᠢᠶᠡᠯᠡᠩ ᠨᠢ ᠬᠡᠦᠬᠡᠯᠳᠡᠢ ᠵᠦᠴᠦᠭᠡ ᠲᠣᠭᠯᠠᠬᠤ᠂ ᠬᠥᠭᠦᠷᠭᠡᠨ ᠵᠠᠮ ᠢᠶᠠᠷ ᠠᠶᠠᠯᠠᠬᠤ | ᠬᠥᠳᠡᠯᠭᠡᠭᠡᠨ ᠥᠷᠨᠢᠭᠦᠯᠵᠦ᠂ ᠭᠦᠭᠡᠬᠤᠲᠠ ᠶᠢᠨ ᠨᠣᠮ ᠤᠨ ᠰᠠᠩ ︽ᠲᠡᠦᠬᠡ ᠶᠢ ᠮᠡᠳᠡᠵᠦ ᠠᠯᠤᠰ ᠢ ᠵᠣᠷᠢᠬᠤᠢ︾ | ᠳᠤᠮᠳᠠᠳᠤ ᠤᠯᠤᠰ ᠤᠨ ᠲᠡᠦᠬᠡ ᠶᠢᠨ ᠨᠣᠮ ᠤᠨ ᠦᠵᠡᠭᠦᠯᠭᠡ ᠭᠠᠷᠭᠠᠨ᠂ ᠭᠦᠭᠡᠬᠤᠲᠠ ᠶᠢᠨ ᠰᠣᠶᠣᠯ ᠤᠨ ᠣᠷᠳᠣᠨ | ︽ᠤᠮᠠᠷᠠᠲᠤ ᠬᠢᠯᠢ ᠶᠢᠨ ᠦᠵᠡᠰᠭᠦᠯᠡᠩ ᠦᠵᠡᠮᠵᠢ ᠰᠠᠶᠢᠲᠠᠢ ᠭᠦᠭᠡᠬᠤᠲᠠ︾ ᠡᠮᠡᠭᠲᠡᠢ ᠤᠷᠠᠯᠢᠭᠴᠢᠳ ᠤᠨ ᠪᠦᠲᠦᠭᠡᠯ | ᠤᠨ ᠦᠵᠡᠭᠦᠯᠭᠡ ᠡᠷᠭᠢᠯᠡᠵᠤ᠂ ᠬᠤᠳᠠ ᠶᠢᠨ ᠠᠷᠠᠳ ᠤᠨ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠤᠭᠰᠠᠨ ᠪᠠᠶᠢᠨ᠎ᠠ᠃ | ᠬᠠᠩᠰᠢ ᠶᠢᠨ ᠠᠮᠠᠷᠠᠯᠲᠠ ᠳᠤ ᠪᠠᠰᠠ ︽ᠬᠠᠪᠤᠷ ᠢ ᠤᠭᠲᠤᠬᠤ ᠭᠦᠭᠡᠬᠤᠲᠠ ᠶᠢᠨ ᠪᠣᠯᠵᠤᠭ᠎ᠠ︾ ᠪᠠᠷ ᠭᠤᠣᠯ ᠰᠡᠳᠦᠪ | ᠪᠣᠯᠭᠠᠨ︽ᠦᠵᠡᠮᠵᠢ︾᠂ ︽ᠵᠤᠭ᠎ᠠ︾᠂ ︽ᠵᠢᠭᠤᠯᠴᠢᠯᠠᠯ︾ ᠭᠡᠬᠦ ᠭᠤᠷᠪᠠᠨ ᠰᠡᠳᠦᠪ ᠤᠨ ᠲᠣᠭᠤᠷᠢᠨ ᠳᠤ 52 ᠵᠦᠢᠯ | ᠤᠨ ᠰᠣᠶᠣᠯ ᠵᠢᠭᠤᠯᠴᠢᠯᠠᠯ ᠤᠨ ᠠᠵᠢᠯᠯᠠᠭ᠎ᠠ ᠶᠠᠪᠤᠭᠳᠠᠭᠤᠯᠵᠤ᠂ 10 ᠦᠵᠡᠮᠵᠢ ᠶᠢᠨ ᠭᠠᠵᠠᠷ᠂ 3 ᠵᠤᠷᠪᠤᠰ ᠬᠠᠪᠤᠷ | ᠤᠨ ᠤᠯᠠᠷᠢᠯ ᠤᠨ ᠰᠣᠳᠣᠨ ᠵᠢᠭᠤᠯᠴᠢᠯᠠᠯ ᠤᠨ ᠵᠠᠮ ᠱᠤᠭᠤᠮ ᠭᠠᠷᠭᠠᠨ᠂ 131.21 ᠲᠦᠮᠡᠨ ᠵᠢᠭᠤᠯᠴᠢᠯᠠᠭᠴᠢ ᠶᠢ | ᠭᠥᠯᠢᠶᠡᠨ ᠠᠪᠴᠤ᠂ ᠵᠢᠭᠤᠯᠴᠢᠯᠠᠯ ᠤᠨ ᠬᠡᠷᠡᠭᠯᠡᠭᠡ ᠨᠢ 9.4 ᠳ᠋ᠦᠩᠰᠢᠭᠤᠷ ᠲᠥᠭᠦᠷᠢᠭ ᠭᠦᠷᠪᠡ᠃ ᠡᠭᠦᠨ ᠳᠤ | ᠭᠦᠭᠡᠬᠤᠳᠠ ᠶᠢᠨ ᠰᠣᠶᠣᠯ ᠲᠡᠦᠬᠡ᠂ ᠵᠠᠩ ᠦᠢᠯᠡ᠂ ᠤᠳᠬ᠎ᠠ ᠤᠷᠠᠯᠢᠭ ᠢ ᠪᠦᠷᠢᠨ ᠬᠠᠷᠠᠭᠤᠯᠤᠭᠰᠠᠨ ᠭᠤᠣᠯ ᠪᠤᠯᠬᠤ | ᠰᠣᠶᠣᠯ ᠦᠵᠡᠰᠭᠦᠯᠡᠩ ᠤᠨ ᠣᠷᠳᠣᠨ ᠨᠢ ᠨᠡᠶᠢᠲᠡ 11.6 ᠲᠦᠮᠡᠨ ᠵᠢᠭᠤᠯᠴᠢᠯᠠᠭᠴᠢ ᠶᠢ ᠭᠥᠯᠢᠶᠡᠨ ᠠᠪᠴᠠᠢ᠃ | | |