4 ᠳ᠋ᠦ᠋ᠭᠡᠷ ᠰᠠᠷ᠎ᠠ ᠶᠢᠨ 21 ᠤ ᠡᠳᠦᠷ ᠠᠴᠠ 22 ᠤᠨ ᠡᠳᠦᠷ ᠪᠣᠯᠲᠠᠯ᠎ᠠ ᠥᠪᠤᠷ ᠮᠣᠩᠭᠤᠯ ᠤᠨ ᠶᠡᠬᠡᠩᠬᠢ | ᠨᠤᠲᠤᠭ ᠲᠤ ᠡᠭᠦᠯᠡᠰᠢᠵᠦ᠂ ᠠᠯᠠᠱᠠ ᠶᠢᠨ ᠳᠤᠮᠳᠠ ᠪᠡᠶ᠎ᠡ᠂ ᠪᠠᠶᠠᠨᠨᠠᠭᠤᠷ ᠤᠨ ᠶᠡᠬᠡᠩᠬᠢ ᠨᠤᠲᠤᠭ᠂ ᠦᠬᠠᠢ᠂ | ᠣᠷᠳᠤᠰ ᠤᠨ ᠳᠤᠮᠳᠠ ᠪᠡᠶ᠎ᠡ ᠪᠠ ᠬᠤᠶᠢᠲᠤ ᠪᠡᠶ᠎ᠡ᠂ ᠪᠤᠭᠤᠲᠤ᠂ ᠬᠦᠬᠡᠬᠤᠲᠠ ᠶᠢᠨ ᠬᠤᠶᠢᠲᠦ ᠪᠡᠶ᠎ᠡ᠂ | ᠤᠯᠠᠭᠠᠨᠴᠠᠪ ᠤᠨ ᠶᠡᠬᠡᠩᠬᠢ ᠨᠤᠲᠤᠭ᠂ ᠰᠢᠯᠢ ᠶᠢᠨ ᠭᠤᠣᠯ ᠂ ᠤᠯᠠᠭᠠᠨᠬᠠᠳᠠ ᠶᠢᠨ ᠶᠡᠬᠡᠩᠬᠢ ᠨᠤᠲᠤᠭ᠂ | ᠲᠦᠩᠯᠢᠶᠤᠤ ᠶᠢᠨ ᠬᠤᠶᠢᠲᠦ ᠪᠡᠶ᠎ᠡ᠂ ᠬᠢᠩᠭᠠᠨ ᠤ ᠪᠠᠷᠠᠭᠤᠨ ᠪᠠ ᠳᠤᠮᠳᠠ ᠪᠡᠶ᠎ᠡ᠂ ᠬᠥᠯᠦᠨ ᠪᠤᠶᠢᠷ ᠵᠡᠷᠭᠡ | ᠨᠤᠲᠤᠭ ᠢᠶᠠᠷ ᠪᠠᠭ᠎ᠠ ᠪᠣᠷᠤᠭᠠᠨ ᠣᠷᠤᠬᠤ ᠪᠤᠶᠤ ᠴᠠᠰᠤ ᠪᠣᠷᠤᠭ᠎ᠠ ᠬᠤᠯᠢᠯᠳᠤᠵᠤ ᠣᠷᠤᠨ᠎ᠠ᠃ ᠬᠥᠯᠦᠨ ᠪᠤᠶᠢᠷ ᠤᠨ | ᠵᠡᠭᠦᠨ ᠬᠤᠶᠢᠲᠦ ᠪᠡᠶ᠎ᠡ ᠶᠢᠨ ᠵᠠᠷᠢᠮ ᠨᠤᠲᠤᠭ ᠲᠤ ᠳᠤᠮᠳᠠ ᠵᠡᠷᠭᠡ ᠶᠢᠨ ᠪᠣᠷᠤᠭ᠎ᠠ ᠣᠷᠤᠨ᠎ᠠ᠃ ᠳᠤᠮᠳᠠ ᠪᠠᠷᠠᠭᠤᠨ | ᠪᠡᠶ᠎ᠡ ᠶᠢᠨ ᠶᠡᠬᠡᠩᠬᠢ ᠨᠤᠲᠤᠭ ᠢᠶᠠᠷ ᠪᠠᠷᠠᠭᠤᠨ ᠬᠤᠶᠢᠨ᠎ᠡ ᠪᠤᠶᠤ ᠪᠠᠷᠠᠭᠤᠨ ᠡᠮᠦᠨ᠎ᠡ ᠠᠴᠠ 4 ᠠᠴᠠ 5 ᠳᠡᠰ ᠤᠨ | ᠰᠠᠯᠬᠢ ᠰᠠᠯᠬᠢᠯᠠᠵᠤ᠂ ᠬᠡᠰᠡᠭ ᠲᠡᠭᠡᠨ6 ᠳᠡᠰ ᠤᠨ ᠰᠠᠯᠬᠢ ᠰᠠᠯᠬᠢᠯᠠᠵᠤ᠂ ᠪᠠᠷᠠᠭᠤᠨ ᠪᠡᠶ᠎ᠡ ᠳᠤ ᠡᠯᠡᠰᠦᠨ ᠰᠢᠭᠤᠷᠭ᠎ᠠ | ᠳᠡᠭᠳᠡᠵᠦ ᠮᠡᠳᠡᠨ᠎ᠡ᠃ ᠪᠠᠷᠠᠭᠤᠨ ᠪᠡᠶ᠎ᠡ ᠶᠢᠨ ᠬᠤᠶᠢᠲᠦ ᠪᠡᠶ᠎ᠡ᠂ ᠳᠤᠮᠳᠠ ᠪᠡᠶ᠎ᠡ ᠶᠢᠨ ᠶᠡᠬᠡᠩᠬᠢ ᠨᠤᠲᠤᠭ ᠤᠨ | ᠠᠭᠠᠷ ᠤᠨ ᠳᠤᠯᠠᠭᠠᠨ 6 ᠠᠴᠠ 8 ᠭᠷᠡᠳᠦ᠋ᠰ ᠳᠣᠷᠤᠭᠰᠢᠯᠠᠨ᠂ ᠳᠤᠮᠳᠠ ᠪᠡᠶ᠎ᠡ ᠶᠢᠨ ᠬᠤᠶᠢᠲᠦ ᠬᠡᠰᠡᠭ ᠤᠨ | ᠠᠭᠠᠷ ᠤᠨ ᠳᠤᠯᠠᠭᠠᠨ8 ᠠᠴᠠ10 ᠭᠷᠡᠳᠦ᠋ᠰ ᠳᠣᠷᠤᠭᠰᠢᠯᠠᠨ᠂ ᠵᠠᠷᠢᠮ ᠨᠤᠲᠤᠭ ᠤᠨ ᠠᠭᠠᠷ ᠤᠨ ᠳᠤᠯᠠᠭᠠᠨ 10 | ᠭᠷᠡᠳᠦ᠋ᠰ ᠠᠴᠠ ᠢᠯᠡᠭᠦᠦ ᠳᠣᠷᠤᠭᠰᠢᠯᠠᠨ᠎ᠠ᠃ | | 4 ᠳ᠋ᠦ᠋ᠭᠡᠷ ᠰᠠᠷ᠎ᠠ ᠶᠢᠨ 22 ᠤᠨ ᠡᠳᠦᠷ ᠠᠴᠠ 23 ᠤ ᠡᠳᠦᠷ ᠪᠣᠯᠲᠠᠯ᠎ᠠ ᠪᠠᠷᠭᠠᠤᠨ ᠪᠡᠶ᠎ᠡ ᠶᠢᠨ ᠵᠡᠭᠦᠨ | ᠬᠤᠶᠢᠲᠦ ᠬᠡᠰᠡᠭ᠂ ᠳᠤᠮᠳᠠ ᠪᠡᠶ᠎ᠡ ᠪᠠ ᠵᠡᠭᠦᠨ ᠪᠡᠶ᠎ᠡ ᠳᠤ ᠡᠭᠦᠯᠡᠷᠬᠡᠭ᠂ ᠪᠠᠶᠠᠨᠨᠠᠭᠤᠷ ᠤᠨ ᠳᠤᠮᠳᠠ ᠪᠠ ᠬᠤᠶᠢᠲᠦ | ᠪᠡᠶ᠎ᠡ᠂ ᠪᠤᠭᠤᠲᠤ ᠶᠢᠨ ᠬᠤᠶᠢᠲᠦ ᠪᠡᠶ᠎ᠡ᠂ ᠬᠥᠬᠡᠬᠤᠲᠠ ᠶᠢᠨ ᠶᠡᠬᠡᠩᠬᠢ ᠭᠠᠵᠠᠷ᠂ ᠤᠯᠠᠭᠠᠨᠴᠠᠪ ᠪᠠ ᠰᠢᠯᠢ ᠶᠢᠨ | ᠭᠤᠣᠯ ᠤᠨ ᠵᠡᠭᠦᠨ ᠬᠤᠶᠢᠲᠦ ᠪᠡᠶ᠎ᠡ ᠪᠠ ᠡᠮᠦᠨ᠎ᠡ ᠪᠡᠶ᠎ᠡ᠂ ᠤᠯᠠᠭᠠᠨᠬᠠᠲᠠ ᠬᠤᠲᠠ ᠶᠢᠨ ᠳᠤᠮᠳᠠ ᠬᠡᠰᠡᠭ ᠪᠠ ᠡᠮᠦᠨ᠎ᠡ | ᠬᠡᠰᠡᠭ᠂ ᠲᠦᠩᠯᠢᠶᠤᠤ ᠶᠢᠨ ᠳᠤᠮᠳᠠ ᠪᠠ ᠡᠮᠦᠨ᠎ᠡ ᠬᠡᠰᠡᠭ᠂ ᠬᠢᠩᠭᠠᠨ ᠤ ᠵᠡᠭᠦᠨ ᠬᠡᠰᠡᠭ᠂ ᠬᠥᠯᠦᠨ ᠪᠤᠶᠢᠷ ᠤᠨ | ᠶᠡᠬᠡᠩᠬᠢ ᠨᠤᠲᠤᠭ ᠲᠤ ᠪᠠᠭ᠎ᠠ ᠪᠣᠷᠤᠭᠠᠨ ᠪᠤᠶᠤ ᠴᠠᠰᠤ ᠪᠤᠷᠤᠭᠠᠨ ᠬᠤᠯᠢᠯᠳᠤᠨ ᠣᠷᠤᠨ᠎ᠠ᠃ ᠡᠭᠦᠨ ᠳᠤ | ᠤᠯᠠᠭᠠᠨᠬᠠᠲᠠ ᠶᠢᠨ ᠡᠮᠦᠨ᠎ᠡ ᠪᠡᠶ᠎ᠡ᠂ ᠲᠦᠩᠯᠢᠶᠤᠤ ᠶᠢᠨ ᠡᠮᠦᠨ᠎ᠡ ᠬᠡᠰᠡᠭ ᠲᠤ ᠳᠤᠮᠳᠠ ᠵᠡᠷᠭᠡ ᠶᠢᠨ ᠪᠣᠷᠤᠭᠠᠨ ᠲᠠᠢ᠂ | ᠪᠤᠰᠤᠤᠨ ᠭᠠᠵᠠᠷ ᠲᠤ ᠲᠤᠩᠭᠠᠯᠠᠭ᠂ ᠬᠡᠰᠡᠭ ᠲᠡᠭᠡᠨ ᠡᠭᠦᠯᠡ ᠲᠠᠢ᠂ ᠪᠠᠷᠠᠭᠤᠨ ᠪᠡᠶ᠎ᠡ᠂ ᠵᠡᠭᠦᠨ ᠬᠤᠶᠢᠲᠦ ᠪᠡᠶ᠎ᠡ ᠶᠢᠨ | ᠪᠠᠷᠠᠭᠤᠨ ᠬᠡᠰᠡᠭ ᠢᠶᠠᠷ ᠪᠠᠷᠠᠭᠤᠨ ᠬᠤᠶᠢᠨ᠎ᠠ ᠪᠤᠶᠤ ᠪᠠᠷᠠᠭᠤᠨ ᠡᠮᠦᠨ᠎ᠡ ᠠᠴᠠ 5 ᠠᠴᠠ 6 ᠳᠡᠰ ᠤᠨ ᠰᠠᠯᠬᠢ ᠲᠠᠢ ᠂ | ᠬᠡᠰᠡᠭ ᠲᠡᠭᠡᠨ 7 ᠠᠴᠠ 8 ᠳᠡᠰ ᠪᠣᠯᠵᠤ ᠰᠠᠯᠬᠢᠯᠠᠨ᠂ ᠬᠡᠰᠡᠭ ᠨᠤᠲᠤᠭ ᠢᠶᠠᠷ ᠡᠯᠡᠰᠦᠨ ᠰᠢᠭᠤᠷᠭ᠎ᠠ ᠳᠡᠭᠳᠡᠨ᠎ᠡ᠃ | ᠪᠠᠷᠠᠭᠤᠨ ᠪᠡᠶ᠎ᠡ ᠶᠢᠨ ᠡᠮᠦᠨ᠎ᠡ ᠬᠡᠰᠡᠭ᠂ ᠵᠡᠭᠦᠨ ᠡᠮᠦᠨ᠎ᠡ ᠪᠡᠶ᠎ᠡ ᠶᠢᠨ ᠡᠮᠦᠨ᠎ᠡ ᠨᠤᠲᠤᠭ ᠤᠨ ᠠᠭᠠᠷ ᠤᠨ ᠳᠤᠯᠠᠭᠠᠨ4 | ᠠᠴᠠ6 ᠭᠷᠡᠳᠦ᠋ᠰ ᠳᠣᠷᠤᠭᠰᠢᠯᠠᠬᠤ ᠪᠣᠯᠣᠨ᠎ᠠ᠃ | | | |