ᠮᠠᠨ ᠤ ᠤᠯᠤᠰ ᠤᠨ ᠢᠯᠡᠷᠡᠭᠦᠯᠦᠭᠰᠡᠨ ᠡᠨᠡ ᠬᠦ ᠱᠦᠭᠦᠷ ᠣᠳᠣ ᠡᠨᠡ ᠵᠢᠯ ᠤᠨ ᠬᠠᠮᠤᠭ ᠤᠨ ᠭᠡᠷᠡᠯᠲᠡᠢ ᠱᠦᠭᠦᠷ ᠣᠳᠣ ᠪᠤᠯᠬᠤ ᠪᠣᠯᠣᠯᠴᠠᠭ᠎ᠠ ᠲᠠᠢ
ᠨᠡᠶᠢᠲᠡᠯᠡᠭᠰᠡᠨ ᠴᠠᠭ᠄
2024/4/8
     ᠣᠶᠢᠷ᠎ᠠ ᠶᠢᠨ ᠬᠤᠭᠤᠴᠠᠭᠠᠨ ᠳᠤ᠂ 12P/Pons-Brooks ᠱᠦᠭᠦᠷ ᠣᠲᠣ ︵ᠳᠣᠷᠣᠭᠰᠢ 12P ᠱᠦᠭᠦᠷ ᠣᠲᠣ ᠭᠡᠵᠦ ᠳᠥᠭᠦᠮᠴᠢᠯᠡᠨ᠎ᠡ︶ ᠨᠢ ᠪᠦᠭᠦ ᠳᠡᠯᠡᠬᠡᠢ ᠶᠢᠨ ᠠᠩᠬᠠᠷᠤᠯ ᠢ  ᠲᠠᠲᠠᠵᠤ᠂ ᠮᠠᠰᠢ  ᠣᠯᠠᠨ ᠬᠥᠮᠥᠨ ᠳᠡᠭᠡᠳᠦ ᠲᠤᠳᠤᠷᠠᠴᠠᠳᠤ ᠲᠣᠮᠣ  ᠵᠢᠷᠤᠭ   ᠠᠴᠠ ᠡᠨᠡ ᠬᠦ  ᠨᠢᠭᠤᠴᠠᠭᠠᠢ ︽ᠬᠤᠯᠠ ᠶᠢᠨ ᠵᠣᠴᠢᠨ︾ ᠲᠠᠢ ᠲᠠᠨᠢᠯᠴᠠᠵᠠᠢ      ᠣᠳᠣᠨ ᠣᠷᠣᠨ ᠤ ᠰᠢᠨᠵᠢᠯᠡᠬᠦ ᠤᠬᠠᠭᠠᠨ ᠤ ᠲᠦᠭᠡᠮᠡᠯᠵᠢᠭᠦᠯᠦᠯᠲᠡ ᠶᠢᠨ ᠲᠤᠰᠬᠠᠢ ᠮᠡᠷᠭᠡᠵᠢᠯᠲᠡᠨ᠂ 12P ᠱᠦᠭᠦᠷ ᠣᠳᠣ ᠬᠡᠳᠦᠶᠢᠪᠡᠷ ᠶᠡᠷᠦ ᠪᠤᠰᠤ ᠶᠢᠨ ᠢᠯᠡᠷᠡᠯ ᠲᠠᠢ ᠪᠤᠯᠪᠠᠴᠤ ᠬᠠᠮᠤᠭ ᠤᠨ ᠬᠦᠰᠡᠨ ᠬᠦᠯᠢᠶᠡᠭᠦᠰᠢᠲᠡᠢ ᠱᠦᠭᠦᠷ ᠣᠳᠣ ᠪᠣᠯ ᠽᠢ ᠶᠢᠨ ᠱᠠᠨ  - ᠠᠲᠯᠠᠰ ᠱᠦᠭᠦᠷ ᠣᠳᠣ ᠪᠣᠯᠣᠨ᠎ᠠ᠂ ᠲᠡᠷᠡ ᠨᠢ ᠡᠨᠡ ᠵᠢᠯ ᠤᠨ ᠨᠢᠳᠦᠨ ᠳᠤ ᠦᠵᠡᠭᠳᠡᠬᠦ ᠭᠠᠶᠢᠬᠠᠮᠰᠢᠭᠲᠤ ᠦᠵᠡᠭᠳᠡᠯ ᠪᠣᠯᠵᠤ ᠮᠡᠳᠡᠨ᠎ᠡ ᠭᠡᠵᠦ ᠢᠯᠡᠳᠬᠡᠪᠡ᠃      ᠱᠦᠭᠦᠷ ᠣᠳᠣ ᠪᠣᠯ ᠨᠡᠷᠡᠨ ᠤ ᠠᠶᠢᠮᠠᠭ ᠳᠣᠲᠣᠷᠠᠬᠢ ᠨᠢᠭᠡ ᠵᠦᠢᠯ ᠤᠨ ᠵᠢᠵᠢᠭ ᠣᠳᠣᠨ ᠴᠣᠭᠴᠠᠰ ᠪᠣᠯᠣᠨ᠎ᠠ᠂ ᠳ᠋ᠢᠶᠠᠮᠧᠲᠷ ᠨᠢ ᠬᠡᠳᠦᠨ ᠺᠢᠯᠣᠮᠧᠲᠷ ᠠᠴᠠ ᠠᠷᠪᠠᠨ ᠬᠡᠳᠦᠨ ᠺᠢᠯᠣᠮᠧᠲᠷ ᠤᠨ ᠬᠤᠭᠤᠷᠣᠨᠳᠤ ᠪᠠᠶᠢᠳᠠᠭ᠂ ᠲᠡᠭᠦᠨ ᠤ ᠬᠠᠴᠢᠨ ᠵᠢᠭᠲᠡᠢ ᠭᠠᠳᠠᠷ ᠳᠦᠷᠰᠦ ᠪᠠ ᠣᠯᠵᠤ ᠦᠵᠡᠬᠦ ᠳᠤ ᠪᠡᠷᠬᠡ ᠪᠠᠶᠢᠳᠠᠭ ᠵᠡᠷᠭᠡ ᠠᠴᠠ ᠪᠣᠯᠵᠤ ᠬᠥᠮᠥᠰ ᠤᠨ ᠠᠩᠬᠠᠷᠤᠯ ᠢ ᠲᠠᠲᠠᠵᠤ ᠪᠠᠶᠢᠨ᠎ᠠ᠃      ᠳᠤᠮᠳᠠᠳᠤ ᠤᠯᠤᠰ ᠤᠨ ᠣᠳᠣᠨ ᠣᠷᠣᠨ ᠤ ᠰᠢᠨᠵᠢᠯᠡᠭᠡᠨ ᠤ ᠨᠡᠶᠢᠭᠡᠮᠯᠢᠭ ᠤᠨ ᠭᠡᠰᠢᠭᠦᠨ᠂ ᠣᠳᠣᠨ ᠣᠷᠣᠨ ᠤ ᠰᠢᠨᠵᠢᠯᠡᠬᠦ ᠤᠬᠠᠭᠠᠨ ᠤ ᠲᠦᠭᠡᠮᠡᠯᠵᠢᠭᠦᠯᠦᠯᠲᠡ ᠶᠢᠨ ᠲᠤᠰᠬᠠᠢ ᠮᠡᠷᠭᠡᠵᠢᠯᠲᠡᠨ ᠰᠢᠸ ᠯᠢ ᠫᠧᠩ᠂ ᠱᠦᠭᠦᠷ ᠣᠳᠣᠨ ᠤ ᠲᠤᠭ᠎ᠠ ᠬᠡᠮᠵᠢᠶ᠎ᠡ ᠨᠢ ᠬᠡᠳᠦᠶᠢᠪᠡᠷ ᠮᠠᠰᠢ ᠣᠯᠠᠨ ᠪᠤᠯᠪᠠᠴᠤ ᠣᠯᠠᠩᠬᠢ ᠴᠠᠭ ᠨᠢ ᠴᠥᠮ ᠨᠡᠷᠡᠨ ᠠᠴᠠ ᠬᠤᠯᠠ ᠪᠠᠶᠢᠵᠤ᠂ ᠭᠡᠷᠡᠯᠲᠦᠴᠡ ᠨᠢ ᠲᠤᠶᠢᠯ ᠤᠨ ᠳᠣᠣᠷ᠎ᠠ ᠪᠠᠶᠢᠳᠠᠭ ᠪᠣᠯᠬᠤᠷ ᠪᠢᠳᠡ ᠲᠡᠭᠦᠨ ᠢ ᠠᠵᠢᠭᠯᠠᠵᠤ ᠣᠯᠬᠤ ᠠᠷᠭ᠎ᠠ ᠦᠭᠡᠢ ᠶᠤᠮ᠃ ᠵᠥᠪᠭᠡᠨ ᠨᠡᠷᠡᠨ ᠤ ᠲᠠᠲᠠᠯᠲᠠ ᠶᠢᠨ ᠬᠦᠴᠦᠨ ᠤ ᠦᠢᠯᠡᠴᠢᠯᠡᠯ ᠳᠣᠣᠷ᠎ᠠ ᠨᠡᠷᠡᠨ ᠤ ᠣᠷᠴᠢᠨ ᠳᠤ ᠬᠦᠷᠬᠦ ᠦᠶ᠎ᠡ ᠳᠤ ᠰᠠᠶ᠋ᠢ ᠪᠢᠳᠡᠨ ᠳᠤ ᠠᠵᠢᠭᠯᠠᠭᠳᠠᠨ᠎ᠠ᠂ ᠡᠨᠡ ᠦᠶ᠎ᠡ ᠳᠤ ᠲᠡᠷᠡ ᠨᠢ ᠨᠡᠷᠡᠨ ᠤ ᠰᠠᠴᠤᠷᠠᠯᠲᠠ ᠶᠢᠨ ᠳᠣᠣᠷ᠎ᠠ ᠪᠠᠰᠠ ᠤᠷᠲᠤ ᠰᠡᠭᠦᠯ ᠣᠷᠭᠤᠵᠦ ᠭᠠᠷᠤᠨ᠎ᠠ᠃ ᠱᠦᠭᠦᠷ ᠣᠳᠣ ᠨᠢᠭᠡ ᠪᠦᠷᠢ ᠶᠢᠨ ᠶᠡᠭᠡ ᠪᠠᠭ᠎ᠠ ᠶᠢᠨ ᠠᠳᠠᠯᠢ ᠪᠤᠰᠤ ᠠᠴᠠ ᠨᠠᠷᠠ ᠪᠠ ᠳᠡᠯᠡᠬᠡᠢ ᠶᠢᠨ ᠪᠥᠮᠪᠥᠷᠴᠡᠭ ᠤᠨ ᠬᠤᠭᠤᠷᠣᠨᠳᠣᠭᠢ ᠵᠠᠢ ᠵᠢᠴᠢ ᠱᠦᠭᠦᠷ ᠣᠳᠣᠨ ᠤ ᠲᠤᠰ ᠪᠡᠶ᠎ᠡ ᠶᠢᠨ ᠪᠠᠶᠢᠳᠠᠯ ᠨᠢ ᠨᠡᠯᠢᠶᠡᠳ ᠶᠡᠭᠡ ᠵᠥᠷᠢᠶ᠎ᠡ ᠲᠠᠢ ᠪᠠᠶᠢᠵᠤ᠂ ᠨᠢᠳᠦᠨ ᠳᠤ ᠦᠵᠡᠭᠳᠡᠬᠦ ᠱᠦᠭᠦᠷ ᠣᠳᠣ ᠦᠨᠡᠬᠡᠷ ᠮᠠᠰᠢ ᠬᠤᠪᠣᠷ ᠬᠠᠷᠠᠭᠳᠠᠳᠠᠭ᠂ ᠭᠠᠷᠴᠤ ᠢᠷᠡᠮᠡᠭᠴᠡ ᠣᠳᠣᠨ ᠣᠷᠣᠨ ᠤ ᠪᠠᠭ᠋ᠠᠲᠠᠳ ᠤᠨ ᠠᠩᠬᠠᠷᠤᠯ ᠢ ᠲᠠᠲᠠᠳᠠᠭ ᠭᠡᠵᠦ ᠬᠡᠯᠡᠪᠡ᠃      ᠣᠶᠢᠷ᠎ᠠ ᠶᠢᠨ ᠬᠤᠭᠤᠴᠠᠭᠠᠨ ᠳᠤ ᠨᠡᠷᠡᠨ ᠤ ᠠᠶᠢᠮᠠᠭ ᠲᠤ ᠪᠤᠴᠠᠵᠤ ᠢᠷᠡᠭᠰᠡᠨ 12P ᠱᠦᠭᠦᠷ ᠣᠳᠣ ᠶᠢᠨ ᠭᠡᠷᠡᠯᠲᠦᠴᠡ ᠨᠢ ᠳᠡᠯᠡᠬᠡᠢ ᠶᠢᠨ ᠣᠳᠣᠨ ᠣᠷᠣᠨ ᠤ ᠰᠣᠨᠢᠷᠬᠠᠭᠴᠢᠳ ᠤᠨ ᠠᠩᠬᠠᠷᠤᠯ ᠢ ᠲᠠᠲᠠᠭᠰᠠᠨ ᠠᠴᠠ ᠪᠣᠯᠵᠤ᠂ ᠮᠠᠰᠢ ᠣᠯᠠᠨ ᠬᠥᠮᠥᠰ ᠡᠨᠡ ᠬᠦ ᠱᠦᠭᠦᠷ ᠣᠳᠣ ᠶᠢᠨ ᠭᠠᠶᠢᠬᠠᠮᠰᠢᠭᠲᠤ ᠪᠠᠷ᠎ᠠ ᠶᠢ ᠠᠮᠵᠢᠯᠲᠠ ᠲᠠᠢ ᠣᠯᠵᠤ ᠬᠠᠷᠠᠪᠠ᠃      ︽ᠵᠢᠯ ᠤᠨ ᠡᠬᠢᠨ ᠠᠴᠠ ᠨᠠᠭᠠᠰᠢ ᠬᠡᠳᠦᠶᠢᠪᠡᠷ ᠴᠥᠭᠡᠨ ᠪᠤᠰᠤ ᠱᠦᠭᠦᠷ ᠣᠲᠣ ᠣᠭᠲᠠᠷᠭᠤᠢ ᠳᠤ ᠢᠯᠡᠷᠡᠭᠰᠡᠨ ᠪᠤᠯᠪᠠᠴᠤ 12P ᠱᠦᠭᠦᠷ ᠣᠳᠣᠨ ᠤ ᠢᠯᠡᠷᠡᠯ ᠮᠠᠰᠢ ᠰᠠᠶᠢᠨ ᠪᠠᠶᠢᠨ᠎ᠠ᠂ ᠨᠢᠭᠡ ᠳᠤ᠂ ᠲᠡᠷᠡ ᠨᠢ ᠦᠨᠡᠬᠡᠷ ᠭᠦᠢᠴᠡᠳ ᠭᠡᠷᠡᠯ ᠲᠠᠢ ᠪᠠᠶᠢᠵᠤ᠂ 4 ᠰᠠᠷ᠎ᠠ ᠶᠢᠨ 21 ᠤ ᠡᠳᠦᠷ ᠤᠨ ᠨᠡᠷᠡᠨ ᠠᠴᠠ ᠣᠶᠢᠷ᠎ᠠ ᠴᠡᠭ ᠢ ᠥᠩᠭᠡᠷᠡᠬᠦ ᠠᠴᠠ ᠡᠮᠦᠨ᠎ᠡ᠂ ᠭᠡᠷᠡᠯᠲᠦᠴᠡ ᠨᠢ 4 ᠲᠠᠰ ᠣᠷᠴᠢᠮ ᠪᠤᠯᠬᠤ ᠪᠣᠯᠣᠯᠴᠠᠭ᠎ᠠ ᠲᠠᠢ᠂ ᠲᠤᠶᠢᠯ ᠤᠨ ᠰᠠᠶᠢᠨ ᠠᠵᠢᠭᠯᠠᠬᠤ ᠨᠥᠬᠦᠴᠡᠯ ᠳᠣᠣᠷ᠎ᠠ᠂ ᠨᠢᠳᠦ ᠪᠠᠷ ᠢᠶᠠᠨ ᠠᠵᠢᠭᠯᠠᠵᠤ ᠣᠯᠬᠤ ᠪᠣᠯᠣᠯᠴᠠᠭ᠎ᠠ ᠲᠠᠢ᠃ ᠬᠤᠶᠠᠷ ᠲᠤ᠂ ᠲᠡᠷᠡ ᠨᠢ ᠨᠠᠷᠠ ᠰᠢᠩᠭᠡᠭᠡᠳ ᠤᠳᠠᠭᠠᠳᠤᠢ ᠪᠠᠷᠠᠭᠤᠨ ᠬᠤᠶᠢᠲᠤ ᠣᠷᠣᠨ ᠤ ᠳᠣᠣᠷ᠎ᠠ ᠣᠭᠲᠠᠷᠭᠤᠢ ᠳᠤ ᠢᠯᠡᠷᠡᠵᠦ᠂ ᠣᠳᠣᠨ ᠣᠷᠣᠨ ᠤ ᠪᠠᠭ᠋ᠠᠲᠠᠳ  ᠤᠨ ᠠᠵᠢᠭᠯᠠᠨ ᠬᠡᠮᠵᠢᠬᠦ ᠪᠠ ᠭᠠᠵᠠᠷ ᠤᠨ ᠦᠵᠡᠮᠵᠢ ᠲᠠᠢ ᠤᠶᠠᠯᠳᠤᠭᠤᠯᠤᠨ ᠰᠡᠭᠦᠳᠡᠷᠯᠡᠬᠦ ᠳᠤ ᠲᠥᠭᠦᠮ ᠦᠵᠡᠭᠦᠯᠦᠨ᠎ᠡ︾ ᠭᠡᠵᠦ ᠰᠢᠦ ᠯᠢ ᠫᠧᠩ ᠬᠡᠯᠡᠪᠡ᠃      ᠬᠡᠳᠦᠶᠢᠪᠡᠷ12P ᠱᠦᠭᠦᠷ ᠣᠳᠣ ᠶᠢᠨ ᠢᠯᠡᠷᠡᠯ ᠨᠢ ᠭᠠᠶᠢᠬᠠᠮᠰᠢᠭᠲᠠᠢ ᠪᠤᠯᠪᠠᠴᠤ ᠡᠨᠡ ᠵᠢᠯ ᠤᠨ ᠵᠢᠩᠬᠢᠨᠢ ᠬᠦᠰᠡᠨ ᠬᠦᠯᠢᠶᠡᠭᠦᠰᠢᠲᠡᠢ ᠱᠦᠭᠦᠷ ᠣᠳᠣ ᠪᠣᠯ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠽᠢ ᠶᠢᠨ ᠱᠠᠨ ᠣᠳᠣᠨ ᠣᠷᠣᠨ ᠤ ᠥᠷᠲᠡᠭᠡ ᠶᠢᠨ 2023 ᠣᠨ ᠤ ᠡᠬᠢ ᠪᠠᠷ ᠢᠯᠡᠷᠡᠭᠦᠯᠦᠭᠰᠡᠨ C/2023 A3 ᠱᠦᠭᠦᠷ ᠣᠳᠣ ᠪᠣᠯᠣᠨ᠎ᠠ᠂ ᠬᠢᠲᠠᠳ ᠨᠡᠷ᠎ᠡ ᠨᠢ ᠽᠢ ᠶᠢᠨ ᠱᠠᠨ - ᠠᠲᠯᠠᠰ ᠭᠡᠳᠡᠭ ᠶᠤᠮ᠃      ᠣᠶᠢᠷ᠎ᠠ ᠶᠢᠨ ᠵᠢᠯ ᠳᠤ᠂ ᠵᠢᠯ ᠪᠦᠷᠢ ᠨᠢᠳᠦᠨ ᠳᠤ ᠦᠵᠡᠭᠳᠡᠬᠦ ᠭᠡᠭᠡᠨ ᠲᠤᠩᠭᠠᠯᠠᠭ ᠱᠦᠭᠦᠷ ᠣᠲᠣ ᠢᠯᠡᠷᠡᠵᠦ ᠪᠠᠶᠢᠨ᠎ᠠ᠂ ᠵᠢᠱᠢᠶᠡᠯᠡᠪᠡᠯ 2020 ᠣᠨ ᠤ ᠰᠢᠨ᠎ᠡ ᠣᠶᠤᠨᠲᠤ ᠱᠦᠭᠦᠷ ᠣᠲᠣ᠂ 2021 ᠣᠨ ᠤ ᠯᠦᠨᠨᠠᠳᠧ ᠱᠦᠭᠦᠷ ᠣᠲᠣ᠂ 2023 ᠣᠨ ᠤ C/2022 E3︵ZTF︶ ᠱᠦᠭᠦᠷ ᠣᠲᠣ ᠵᠡᠷᠭᠡ ᠪᠣᠯᠣᠨ᠎ᠠ᠂ ᠵᠢᠱᠢᠶᠡᠯᠡᠪᠡᠯ᠂ 2020 ᠣᠨ ᠤ ᠰᠢᠨ᠎ᠡ ᠣᠶᠤᠨᠲᠤ ᠱᠦᠭᠦᠷ ᠣᠲᠣ᠂ 2023 ᠣᠨ ᠤ C/2022 E3 ︵ZTF︶ ᠱᠦᠭᠦᠷ ᠣᠲᠣ ᠪᠣᠯ ᠵᠢᠯ ᠪᠦᠷᠢ ᠨᠢᠳᠦᠨ ᠳᠤ ᠦᠵᠡᠭᠳᠡᠬᠦ ᠭᠡᠭᠡᠨ ᠲᠤᠩᠭᠠᠯᠠᠭ ᠱᠦᠭᠦᠷ ᠣᠲᠣ ᠪᠣᠯᠣᠨ᠎ᠠ᠃      ︽ᠽᠢ ᠶᠢᠨ ᠱᠠᠨ - ᠠᠲᠯᠠᠰ ᠰᠢᠨ᠎ᠡ ᠣᠶᠤᠨᠲᠤ ᠱᠦᠭᠦᠷ ᠣᠳᠣ ᠠᠴᠠ ᠨᠠᠭᠠᠰᠢᠬᠢ ᠬᠠᠮᠤᠭ ᠤᠨ ᠭᠡᠷᠡᠯᠲᠡᠢ ᠱᠦᠭᠦᠷ ᠣᠳᠣ ᠪᠤᠯᠬᠤ ᠪᠣᠯᠣᠯᠴᠠᠭ᠎ᠠ ᠮᠠᠰᠢ ᠶᠡᠭᠡ ᠪᠠᠶᠢᠨ᠎ᠠ᠃ ᠡᠨᠡ ᠱᠦᠭᠦᠷ ᠣᠳᠣ 2024 ᠣᠨ ᠤ 9 ᠰᠠᠷ᠎ᠠ ᠶᠢᠨ 27 ᠤ ᠡᠳᠦᠷ ᠤᠨ ᠤᠷᠢᠳ ᠬᠤᠵᠢᠳ ᠢᠶᠠᠷ ᠨᠡᠷᠡᠨ ᠠᠴᠠ ᠣᠶᠢᠷ᠎ᠠ ᠴᠡᠭ ᠢ ᠥᠩᠭᠡᠷᠡᠵᠦ᠂ ᠭᠡᠷᠡᠯᠲᠦᠴᠡ ᠶᠢᠨ ᠬᠡᠮᠵᠢᠶ᠎ᠡ 0.2 ᠣᠷᠴᠢᠮ ᠪᠣᠯᠣᠨ᠎ᠠ ᠭᠡᠵᠦ ᠵᠢᠱᠢᠵᠦ ᠪᠤᠢ᠂ ᠡᠨᠡ ᠦᠶ᠎ᠡ ᠳᠤ ᠡᠮᠦᠨᠡᠲᠦ ᠬᠠᠭᠠᠰ ᠪᠥᠮᠪᠥᠷᠴᠡᠭ ᠲᠤ ᠣᠯᠵᠤ ᠬᠠᠷᠠᠨ᠎ᠠ᠃10 ᠰᠠᠷ᠎ᠠ ᠶᠢᠨ 10 ᠤ ᠡᠳᠦᠷ ᠠᠴᠠ ᠰᠡᠭᠦᠯᠡᠷ᠂ ᠲᠡᠷᠡ ᠨᠢ ᠤᠮᠠᠷᠠᠲᠤ ᠬᠠᠭᠠᠰ ᠪᠥᠮᠪᠥᠷᠴᠡᠭ ᠤᠨ ᠦᠳᠡᠰᠢ ᠶᠢᠨ ᠣᠭᠲᠠᠷᠭᠤᠢ ᠳᠤ ᠢᠯᠡᠷᠡᠬᠦ ᠪᠣᠯᠣᠨ᠎ᠠ᠂ ᠲᠡᠭᠷᠢ ᠴᠡᠯᠮᠡᠭ ᠲᠤᠩᠭᠠᠯᠠᠭ ᠪᠠᠶᠢᠳᠠᠯ ᠳᠣᠣᠷ᠎ᠠ᠂ ᠬᠥᠮᠥᠰ ᠲᠡᠭᠦᠨ ᠢ ᠨᠢᠳᠦ ᠪᠠᠷ ᠢᠶᠠᠨ ᠠᠮᠠᠷᠬᠠᠨ ᠣᠯᠵᠤ ᠬᠠᠷᠠᠬᠤ ᠪᠣᠯᠣᠨ᠎ᠠ᠂ ᠭᠡᠪᠡᠴᠦ ᠲᠡᠭᠦᠨ ᠤ ᠳᠦᠷᠰᠦ ᠪᠠᠶᠢᠳᠠᠯ ᠢ ᠲᠣᠳᠣᠷᠬᠠᠢ ᠣᠯᠵᠤ ᠬᠠᠷᠠᠶ᠎ᠠ ᠭᠡᠪᠡᠯ ᠬᠠᠰᠢ ᠯᠠ ᠵᠢᠵᠢᠭ ᠭᠡᠯᠪᠡᠷᠢ ᠶᠢᠨ ᠣᠳᠣᠨ ᠣᠷᠣᠨ ᠤ ᠳᠤᠷᠠᠨ ᠵᠡᠷᠭᠡ ᠲᠤᠰᠬᠠᠢ ᠮᠡᠷᠭᠡᠵᠢᠯ ᠤᠨ ᠲᠥᠬᠦᠭᠡᠷᠦᠮᠵᠢ ᠳᠤ ᠲᠦᠰᠢᠭᠯᠡᠪᠡᠯ ᠬᠠᠮᠤᠭ ᠰᠠᠶᠢᠨ ᠶᠤᠮ︾ ᠭᠡᠵᠦ ᠰᠢᠦ ᠯᠢ ᠫᠧᠩ ᠬᠡᠯᠡᠪᠡ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号