5 ᠰᠠᠷ᠎ᠠ ᠶᠢᠨ 18 ᠤ ᠡᠳᠦᠷ᠂ ᠭᠦᠭᠡᠬᠤᠳᠠ ᠶᠢᠨ ᠮᠦᠽᠧᠢ ︽ᠣᠯᠠᠨ ᠤᠯᠤᠰ ᠤᠨ ᠮᠦᠽᠧᠢ ᠶᠢᠨ ᠡᠳᠦᠷ︾ | ᠲᠤ ᠲᠣᠬᠢᠶᠠᠯᠳᠤᠭᠤᠯᠤᠨ᠂ ︽ᠱᠦ ᠶᠢᠨ ᠠᠰᠠᠭᠤᠯᠳᠠ - ᠵᠡᠭᠦᠨ ᠵᠧᠦ ᠤᠯᠤᠰ ᠤᠨ ᠦᠶ᠎ᠡ ᠶᠢᠨ ᠱᠦ ᠶᠢᠨ ᠰᠣᠶᠣᠯ ᠤᠨ | ᠣᠨᠴᠠ ᠦᠵᠡᠰᠭᠦᠯᠡᠩ︾ ᠭᠠᠷᠭᠠᠭᠰᠠᠨ ᠳᠤ ᠮᠠᠰᠢ ᠤᠯᠠᠨ ᠬᠥᠮᠥᠨ ᠰᠠᠨ ᠰᠢᠩ ᠳ᠋ᠦᠢ ᠶᠢᠨ ᠳᠤᠷᠠᠰᠬᠠᠯᠲᠤ ᠵᠦᠢᠯᠡᠰ ᠢ | ᠰᠣᠨᠢᠷᠬᠠᠬᠤ ᠪᠠᠷ ᠭᠦᠭᠡᠬᠤᠳᠠ ᠮᠦᠽᠧᠢ ᠳᠤ ᠴᠤᠭᠯᠠᠷᠠᠵᠤ᠂ ᠱᠠᠩ ᠤᠯᠤᠰ ᠤᠨ ᠬᠦᠷᠡᠯ ᠪᠠᠭ᠂ ᠱᠠᠩ ᠤᠯᠤᠰ ᠤᠨ | ᠬᠦᠷᠡᠯ ᠰᠦᠭᠦᠳᠦᠮᠡᠯ ᠭᠦᠷᠦᠭ ᠤᠨ ᠮᠥᠷᠥᠨ ᠳᠠᠬᠢ ᠯᠤᠤ ᠶᠢᠨ ᠵᠠᠰᠠᠯ᠂ ᠱᠠᠩ ᠤᠯᠤᠰ ᠤᠨ ᠬᠦᠷᠡᠯ ᠭᠦᠷᠦᠭ᠂ ᠱᠠᠩ | ᠤᠯᠤᠰ ᠤᠨ ᠬᠦᠷᠡᠯ ᠲᠣᠯᠣᠭᠠᠢ ᠶᠢᠨ ᠭᠦᠷᠦᠭ ᠵᠡᠷᠭᠡ ᠬᠠᠭᠤᠴᠢ ᠡᠳ᠋ ᠢ ᠪᠠᠭ᠋ᠠᠷᠬᠠᠨ ᠠᠵᠢᠭᠯᠠᠵᠤ ᠱᠠᠭᠰᠢᠵᠠᠭᠠᠵᠤ | ᠪᠠᠶᠢᠯ᠎ᠠ᠃ | 3600 ᠵᠢᠯ ᠤᠨ ᠡᠮᠦᠨ᠎ᠡ᠂ ᠡᠷᠲᠡᠨ ᠤ ᠱᠣ᠋ ᠤᠯᠤᠰ ᠳᠡᠭᠡᠳᠦ ᠬᠡᠮᠵᠢᠶ᠎ᠡ ᠪᠠᠷ ᠴᠡᠴᠡᠭᠯᠡᠨ ᠬᠥᠭᠵᠢᠭᠰᠡᠨ ᠰᠠᠨ | ᠰᠢᠩ ᠳ᠋ᠦᠢ ᠶᠢᠨ ᠪᠣᠯᠪᠠᠰᠤᠨ ᠢ ᠡᠭᠦᠳᠴᠦ᠂ ᠰᠠᠨ ᠰᠢᠩ ᠳ᠋ᠦᠢ ᠶᠢᠨ ᠪᠣᠯᠪᠠᠰᠤᠨ ᠳᠡᠯᠡᠬᠡᠢ ᠳ᠋ᠠᠬᠢᠨ ᠳᠤ ᠠᠯᠳᠠᠷ ᠴᠤᠤ | ᠮᠠᠨᠳᠤᠵᠤ᠂ ᠲᠤᠮᠳᠠᠳᠦ ᠶᠢᠨ ᠪᠣᠯᠪᠠᠰᠤᠨ ᠳᠤ ᠥᠩᠭᠡ ᠭᠡᠷᠡᠯ ᠨᠡᠮᠡᠷᠢᠯᠡᠵᠡᠢ᠃ ᠲᠤᠰ ᠦᠵᠡᠰᠭᠦᠯᠡᠩ ᠢ ᠭᠦᠭᠡᠬᠤᠳᠠ | ᠮᠦᠽᠧᠢ ᠶᠢᠨ ᠬᠢᠨ ᠰᠧᠴᠤᠸᠠᠨ ᠮᠤᠵᠢ᠂ ᠱᠠᠨᠰᠢ ᠮᠤᠵᠢ᠂ ᠬᠤᠪᠧᠢ ᠮᠤᠵᠢ ᠵᠡᠷᠭᠡ ᠭᠠᠵᠠᠷ ᠣᠷᠣᠨ ᠤ16 ᠰᠣᠶᠣᠯ ᠤᠨ | ᠮᠦᠽᠧᠢ ᠶᠢᠨ ᠨᠢᠭᠡᠴᠢ ᠵᠢᠴᠢ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ | ᠰᠤᠳᠤᠯᠤᠯ ᠤᠨ ᠬᠦᠷᠢᠶᠡᠯᠡᠩ ᠲᠠᠢ ᠬᠠᠮᠲᠤᠷᠠᠨ ᠡᠷᠭᠢᠯᠡᠵᠦ᠂ ᠬᠦᠷᠡᠯ ᠵᠡᠪᠰᠡᠭ᠂ ᠸᠠᠭᠠᠷ ᠤᠨ ᠰᠠᠪᠠ᠂ ᠰᠢᠷᠳᠡᠮᠡᠯ ᠰᠠᠪᠠ᠂ | ᠮᠣᠳᠣᠨ ᠴᠤᠭᠤᠳᠠᠰᠤ ᠵᠡᠷᠭᠡ ᠶᠢ ᠪᠠᠭᠲᠠᠭᠠᠭᠰᠠᠨ 215 ᠵᠦᠢᠯ ᠤᠨ ᠲᠡᠦᠬᠡ ᠶᠢᠨ ᠳᠤᠷᠠᠰᠬᠠᠯᠲᠤ ᠵᠦᠢᠯᠡᠰ ᠢ ᠳᠡᠯᠭᠡᠨ | ᠦᠵᠡᠭᠦᠯᠵᠦ᠂ ᠡᠭᠦᠨ ᠤ ᠳᠣᠲᠣᠷ᠎ᠠ ᠨᠢᠭᠡᠳᠦᠭᠡᠷ ᠳᠡᠰ ᠤᠨ ᠳᠤᠷᠠᠰᠬᠠᠯᠲᠤ ᠵᠦᠢᠯᠡᠰ 40 ᠪᠤᠢ᠃ ᠦᠵᠡᠰᠭᠦᠯᠡᠩ ᠨᠢ | ᠱᠣ᠋ ᠤᠯᠤᠰ ᠤᠨ ᠰᠣᠶᠣᠯ ᠤᠨ ᠭᠠᠵᠠᠷ ᠣᠷᠣᠨ ᠤ ᠣᠨᠴᠠᠯᠢᠭ ᠵᠢᠴᠢ ᠬᠥᠭᠵᠢᠯᠲᠡ ᠶᠢᠨ ᠶᠠᠪᠤᠴᠠ ᠶᠢ ᠡᠮᠬᠢᠯᠡᠨ᠂ ᠱᠣ᠋ | ᠶᠢᠨ ᠰᠣᠶᠣᠯ ᠤᠨ ᠥᠪᠡᠷᠮᠢᠴᠡ ᠣᠨᠴᠠᠯᠢᠭ ᠪᠠᠶᠠᠯᠢᠭ ᠠᠭᠤᠯᠭ᠎ᠠ ᠲᠠᠢ ᠪᠣᠯᠵᠤ ᠬᠥᠭᠵᠢᠭᠰᠡᠨ ᠲᠡᠦᠬᠡ ᠶᠢᠨ ᠶᠠᠪᠤᠴᠠ | ᠶᠢ ᠠᠮᠢᠳᠤᠯᠢᠭ ᠪᠣᠳᠠᠲᠠᠢ ᠬᠠᠷᠠᠭᠤᠯᠪᠠ᠃ | ᠲᠣᠰ ᠦᠵᠡᠰᠭᠦᠯᠡᠩ ᠨᠢ ᠡᠨᠡ ᠵᠢᠯ ᠤᠨ 9 ᠰᠠᠷ᠎ᠠ ᠶᠢᠨ 15 ᠤ ᠡᠳᠦᠷ ᠪᠤᠯᠲᠠᠯ᠎ᠠ ᠶᠠᠪᠤᠭᠳᠠᠬᠤ ᠪᠣᠯᠣᠨ᠎ᠠ᠃ | | | |