ᠬᠥᠬᠡᠬᠤᠲᠠ ᠶᠢᠨ ᠨᠢᠭᠡᠳᠦᠮᠡᠯ ᠹᠷᠣᠨᠲ ᠤᠨ ᠬᠢᠨ ᠦᠴᠦᠸᠠᠨ ᠰᠢᠶᠠᠨ ᠳᠤ ᠰᠢᠷᠢᠰ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/6/25
     ᠡᠯ᠎ᠡ ᠠᠷᠠᠳᠴᠢᠯᠠᠭᠰᠠᠨ ᠨᠠᠮ ᠪᠦᠯᠦᠭ᠂ ᠨᠠᠮ ᠪᠦᠯᠦᠭ ᠤᠨ ᠪᠤᠰᠤ ᠬᠥᠮᠥᠰ ᠪᠠ ᠨᠠᠮ ᠤᠨ ᠭᠠᠳᠠᠨᠠᠬᠢ ᠰᠡᠬᠡᠭᠡᠲᠡᠨ᠂ ᠨᠡᠶᠢᠲᠡ ᠶᠢᠨ ᠥᠮᠴᠢᠯᠡᠯ ᠤᠨ ᠪᠤᠰᠤ ᠠᠵᠤ ᠠᠬᠤᠢ ᠶᠢᠨ ᠬᠥᠮᠥᠰ᠂ ᠨᠡᠶᠢᠭᠡᠮ ᠤᠨ ᠰᠢᠨ᠎ᠡ ᠳᠠᠪᠬᠤᠷᠭ᠎ᠠ ᠶᠢᠨ ᠬᠥᠮᠥᠰ᠂ ᠰᠢᠶᠠᠩᠭᠠᠩ ᠣᠣᠮᠧᠨ ᠲᠠᠶᠢᠸᠠᠨ ᠤ ᠬᠠᠷᠢᠶᠠᠲᠤ ᠬᠥᠮᠥᠰ ᠵᠡᠷᠭᠡ ᠨᠢᠭᠡᠳᠦᠮᠡᠯ ᠹᠷᠣᠨᠲ ᠤᠨ ᠡᠯ᠎ᠡ ᠲᠠᠯ᠎ᠠ ᠶᠢᠨ ᠬᠦᠴᠦᠨ ᠤ ᠨᠡᠶᠢᠭᠡᠮ ᠤᠨ ᠦᠢᠯᠡᠴᠢᠯᠡᠭᠡ ᠳᠤ ᠢᠳᠡᠪᠬᠢᠲᠡᠢ ᠣᠷᠣᠯᠴᠠᠬᠤ ᠶᠢ ᠵᠣᠷᠢᠭᠵᠢᠭᠤᠯᠤᠨ ᠳᠡᠮᠵᠢᠬᠦ ᠶᠢᠨ ᠲᠥᠯᠥᠭᠡ᠂ 6 ᠰᠠᠷ᠎ᠠ ᠶᠢᠨ 21 ᠤ ᠡᠳᠦᠷ᠂ ᠬᠥᠬᠡᠬᠤᠲᠠ ᠶᠢᠨ ᠨᠢᠭᠡᠳᠦᠮᠡᠯ ᠹᠷᠣᠨᠲ ᠤᠨ ᠬᠢᠨ ᠦᠴᠦᠸᠠᠨ ᠰᠢᠶᠠᠨ ᠳᠤ ᠬᠦᠷᠴᠦ ᠰᠢᠷᠢᠰ ᠠᠵᠢᠯᠯᠠᠭ᠎ᠠ ᠥᠷᠨᠢᠭᠦᠯᠪᠡ᠃      ᠲᠣᠰ ᠤᠳᠠᠭᠠᠨ ᠤ ᠰᠢᠷᠢᠰ ᠠᠵᠢᠯᠯᠠᠭ᠎ᠠ ᠳᠤ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠶᠢ ᠤᠬᠠᠭᠤᠯᠤᠨ ᠲᠠᠶᠢᠯᠪᠤᠷᠢᠯᠠᠬᠤ᠂ ᠲᠥᠮᠥᠰᠥ ᠶᠢᠨ ᠠᠵᠤ ᠦᠢᠯᠡᠰ ᠤᠨ ᠮᠡᠷᠭᠡᠵᠢᠯ ᠤᠨ ᠵᠢᠯᠣᠭᠤᠳᠤᠯᠭ᠎ᠠ᠂ ᠠᠯᠪᠠᠨ ᠵᠢᠷᠤᠮ ᠤᠨ ᠡᠮᠴᠢᠯᠡᠭᠡ᠂ ᠬᠠᠤᠯᠢ ᠴᠠᠭᠠᠵᠠ ᠶᠢᠨ ᠯᠠᠪᠯᠠᠭ᠎ᠠ᠂ ᠨᠠᠰᠤᠨ ᠳᠤ ᠥᠯᠥ ᠭᠦᠷᠦᠭᠰᠡᠳ ᠢ ᠬᠠᠯᠠᠮᠵᠢᠯᠠᠨ ᠬᠠᠶᠢᠷᠠᠯᠠᠬᠤ ᠠᠵᠢᠯᠯᠠᠭ᠎ᠠ᠂ ︽ᠶᠠᠪᠤᠵᠤ ᠰᠠᠭᠤᠬᠤ ᠬᠢᠴᠢᠶᠡᠯ ᠤᠨ ᠲᠠᠩᠬᠢᠮ︾ ᠤᠨ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠤᠬᠠᠭᠤᠯᠭ᠎ᠠ ᠶᠢᠨ ᠠᠵᠢᠯᠯᠠᠭ᠎ᠠ ᠵᠡᠷᠭᠡ ᠵᠢᠷᠭᠤᠭᠠᠨ ᠬᠡᠰᠡᠭ ᠠᠭᠤᠯᠭ᠎ᠠ ᠪᠠᠭᠲᠠᠨ᠎ᠠ᠃
     ᠬᠤᠲᠠ ᠶᠢᠨ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ᠂ ᠳᠤᠮᠳᠠᠳᠤ ᠤᠯᠤᠰ ᠤᠨ ᠠᠷᠠᠳᠴᠢᠯᠠᠯ ᠢᠶᠠᠷ ᠤᠯᠤᠰ ᠢᠶᠠᠨ ᠪᠠᠶᠢᠭᠤᠯᠬᠤ ᠬᠤᠷᠠᠯ ᠤᠨ ᠬᠥᠬᠡᠬᠤᠲᠠ ᠶᠢᠨ ᠵᠥᠪᠯᠡᠯ ᠤᠨ ᠡᠷᠬᠢᠯᠡᠭᠴᠢ ᠭᠡᠰᠢᠭᠦᠨ ᠪᠠᠭᠠᠲᠤᠷ ᠵᠡᠷᠭᠡ ᠬᠤᠲᠠ ᠶᠢᠨ ᠤᠬᠠᠭᠤᠯᠤᠨ ᠲᠠᠶᠢᠯᠪᠤᠷᠢᠯᠠᠭᠴᠢ ᠠᠴᠠ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠬᠠᠮᠢᠶ᠎ᠠ ᠪᠦᠬᠦᠢ ᠠᠭᠤᠯᠭ᠎ᠠ ᠶᠢᠨ ᠲᠤᠬᠠᠢ ᠦᠴᠦᠸᠠᠨ ᠰᠢᠶᠠᠨ ᠤ ᠺᠠᠳ᠋ᠷ᠂ ᠣᠯᠠᠨ ᠲᠦᠮᠡᠨ᠂ ᠨᠡᠶᠢᠭᠡᠮ ᠲᠣᠭᠤᠷᠢᠭ ᠤᠨ 100 ᠭᠠᠷᠤᠢ ᠠᠵᠢᠯᠲᠠᠨ ᠳᠤ ᠨᠠᠷᠢᠨ ᠲᠠᠶᠢᠯᠤᠮᠵᠢ ᠬᠢᠵᠦ᠂ ᠲᠠᠶᠢᠯᠤᠮᠵᠢ ᠨᠢ ᠭᠦᠨᠵᠡᠭᠡᠢ ᠪᠥᠭᠡᠳ ᠣᠶᠢᠯᠠᠭᠠᠮᠵᠢᠲᠠᠢ᠂ ᠠᠭᠤᠯᠭ᠎ᠠ ᠨᠢ ᠪᠠᠶᠠᠯᠢᠭ᠂ ᠭᠤᠣᠯ ᠰᠡᠳᠦᠪ ᠨᠢ ᠢᠯᠡ ᠲᠣᠳᠣ ᠪᠠᠶᠢᠨ᠎ᠠ᠃
     ᠡᠭᠦᠨ ᠤ ᠬᠠᠮᠲᠤ᠂ ᠬᠤᠲᠠ ᠶᠢᠨ ᠨᠠᠮ ᠤᠨ ᠬᠤᠷᠢᠶᠠᠨ ᠤ ᠨᠢᠭᠡᠳᠦᠮᠡᠯ ᠹᠷᠣᠨᠲ ᠤᠨ ᠬᠡᠯᠲᠡᠰ᠂ ᠬᠤᠲᠠ ᠶᠢᠨ ᠦᠢᠯᠡᠳᠪᠦᠷᠢ ᠬᠤᠳᠠᠯᠳᠤᠭᠠᠨ ᠤ ᠬᠤᠯᠪᠣᠭ᠎ᠠ᠂ ︽9 · 3︾ ᠶᠢᠨ ᠡᠷᠳᠡᠮ ᠰᠢᠨᠵᠢᠯᠡᠭᠡᠨ ᠤ ᠨᠡᠶᠢᠭᠡᠮᠯᠢᠭ ᠤᠨ ᠬᠤᠲᠠ ᠶᠢᠨ ᠵᠥᠪᠯᠡᠯ ᠬᠠᠮᠲᠤᠪᠠᠷ ᠵᠣᠬᠢᠶᠠᠨ ᠪᠠᠶᠢᠭᠤᠯᠤᠭᠰᠠᠨ ᠠᠯᠪᠠᠨ ᠵᠢᠷᠤᠮ ᠤᠨ ᠡᠮᠴᠢᠯᠡᠭᠡᠨ ᠤ ᠠᠵᠢᠯᠯᠠᠭ᠎ᠠ ᠴᠤ ᠴᠢᠩᠱᠠᠨ ᠬᠦᠷᠢᠶᠡᠯᠡᠩ ᠪᠣᠯᠣᠨ ᠦᠴᠦᠸᠠᠨ ᠰᠢᠶᠠᠨ ᠤ ᠣᠨᠴᠠᠭᠠᠶ ᠰᠤᠷᠭᠠᠨ ᠬᠥᠮᠦᠵᠢᠯ ᠤᠨ ᠰᠤᠷᠭᠠᠭᠤᠯᠢ ᠳᠤ ᠵᠡᠷᠭᠡᠪᠡᠷ ᠥᠷᠨᠢᠭᠦᠯᠵᠦ᠂ ᠠᠯᠪᠠᠨ ᠵᠢᠷᠤᠮ ᠤᠨ ᠡᠮᠴᠢᠯᠡᠭᠡ ᠪᠠᠷ ᠪᠡᠭᠡᠵᠢᠩ ᠤᠨ ᠵᠧᠩ ᠵᠥᠩ ᠲᠠᠩ ᠬᠢᠲᠠᠳ ᠡᠮᠨᠡᠯᠭᠡ ᠶᠢᠨ ᠬᠤᠷᠢᠶ᠎ᠠ᠂ ᠥᠪᠥᠷ ᠮᠣᠩᠭᠤᠯ ᠤᠨ ᠡᠮᠨᠡᠯᠭᠡ ᠶᠢᠨ ᠬᠤᠷᠢᠶ᠎ᠠ᠂ ᠥᠪᠥᠷ ᠮᠣᠩᠭᠤᠯ ᠤᠨ ᠡᠮᠨᠡᠯᠭᠡ ᠶᠢᠨ ᠬᠤᠷᠢᠶᠠᠨ ᠤ ᠬᠠᠷᠢᠶᠠᠲᠤ ᠡᠮᠨᠡᠯᠭᠡ ᠶᠢᠨ ᠬᠤᠷᠢᠶ᠎ᠠ᠂ ᠥᠪᠥᠷ ᠮᠣᠩᠭᠤᠯ ᠤᠨ ᠠᠮᠠᠨ ᠬᠥᠨᠳᠡᠢ ᠶᠢᠨ ᠡᠮᠨᠡᠯᠭᠡ ᠶᠢᠨ ᠬᠤᠷᠢᠶ᠎ᠠ ᠵᠡᠷᠭᠡ ᠲᠣᠮᠣ ᠬᠡᠯᠪᠡᠷᠢ ᠶᠢᠨ ᠨᠠᠷᠠᠲᠤ ᠡᠮᠨᠡᠯᠭᠡ ᠶᠢᠨ ᠬᠤᠷᠢᠶᠠᠨ ᠤ ᠣᠯᠠᠨ ᠲᠤᠰᠬᠠᠢ ᠮᠡᠷᠭᠡᠵᠢᠯᠲᠡᠨ ᠢ ᠤᠷᠢᠵᠤ᠂ ᠳᠣᠲᠣᠷ ᠰᠠᠯᠠᠭ᠎ᠠ᠂ ᠭᠠᠳᠠᠷ ᠰᠠᠯᠠᠭ᠎ᠠ᠂ ᠠᠮᠠᠨ ᠬᠥᠨᠳᠡᠢ ᠶᠢᠨ ᠰᠠᠯᠠᠭ᠎ᠠ᠂ ᠨᠠᠰᠤᠲᠠᠶᠢᠴᠤᠳ ᠤᠨ ᠡᠪᠡᠳᠴᠢᠨ ᠤ ᠰᠠᠯᠠᠭ᠎ᠠ᠂ ᠡᠷᠡᠭᠦᠯᠵᠢᠯ ᠤᠨ ᠰᠠᠯᠠᠭ᠎ᠠ᠂ ᠵᠡᠭᠦᠦ ᠲᠥᠭᠡᠨᠡᠯᠭᠡ ᠶᠢᠨ ᠰᠠᠯᠠᠭ᠎ᠠ ᠵᠡᠷᠭᠡ ᠣᠯᠠᠨ ᠵᠦᠢᠯ ᠤᠨ ᠡᠮᠴᠢᠯᠡᠭᠡᠨ ᠤ ᠲᠥᠷᠥᠯ ᠵᠦᠢᠯ ᠳᠤ ᠡᠮᠨᠡᠭᠦᠯᠬᠦ ᠪᠠᠷ ᠢᠷᠡᠭᠰᠡᠨ ᠡᠪᠡᠳᠴᠢᠲᠡᠨ ᠢ ᠨᠠᠷᠢᠨ ᠨᠢᠮᠪᠠᠢ ᠣᠨᠣᠰᠢᠯᠠᠭᠰᠠᠨ ᠤ ᠬᠠᠮᠲᠤ ᠡᠮᠴᠢᠯᠡᠭᠡᠨ ᠤ ᠴᠢᠭᠯᠡᠯ ᠳᠤᠷᠠᠳᠴᠤ᠂ ᠡᠪᠡᠳᠴᠢᠲᠡᠨ ᠢ ᠭᠡᠷ ᠤᠨ ᠡᠭᠦᠳᠡᠨ ᠳᠤ ᠡᠷᠬᠡ ᠰᠦᠷᠲᠦ ᠲᠤᠰᠬᠠᠢ ᠮᠡᠷᠭᠡᠵᠢᠯᠲᠡᠨ ᠤ ᠬᠠᠶᠢᠷ᠎ᠠ ᠬᠠᠯᠠᠮᠵᠢ ᠶᠢ ᠮᠡᠳᠡᠷᠡᠭᠦᠯᠪᠡ᠃      ᠡᠭᠦᠨ ᠠᠴᠠ ᠭᠠᠳᠠᠨ᠎ᠠ᠂ ᠬᠤᠲᠠ ᠶᠢᠨ ᠨᠠᠮ ᠤᠨ ᠬᠤᠷᠢᠶᠠᠨ ᠤ ᠨᠢᠭᠡᠳᠦᠮᠡᠯ ᠹᠷᠣᠨᠲ ᠤᠨ ᠬᠡᠯᠲᠡᠰ ᠬᠠᠤᠯᠢᠴᠢ ᠶᠢᠨ ᠬᠡᠷᠡᠭ ᠡᠷᠬᠢᠯᠡᠬᠦ ᠭᠠᠵᠠᠷ ᠤᠨ ᠲᠤᠰᠬᠠᠢ ᠬᠠᠤᠯᠢᠴᠢ ᠶᠢ ᠵᠣᠬᠢᠶᠠᠨ ᠪᠠᠶᠢᠭᠤᠯᠵᠤ ᠲᠤᠬᠠᠢ ᠶᠢᠨ ᠲᠠᠯᠠᠪᠠᠶ ᠳᠤ ᠣᠯᠠᠨ ᠲᠦᠮᠡᠨ ᠳᠤ ᠠᠮᠢᠳᠤᠷᠠᠯ ᠳᠤ ᠬᠤᠯᠪᠣᠭᠳᠠᠬᠤ ᠢᠷᠭᠡᠨ ᠤ ᠬᠠᠤᠯᠢ ᠶᠢᠨ ᠠᠭᠤᠯᠭ᠎ᠠ ᠶᠢ ᠭᠤᠣᠯᠳᠠᠯᠭ᠎ᠠ ᠲᠠᠢ ᠶᠠᠷᠢᠵᠤ᠂ ᠡᠳ᠋ ᠬᠥᠷᠥᠩᠭᠡ᠂ ᠭᠡᠷ ᠪᠦᠯᠢ ᠶᠢᠨ ᠬᠠᠷᠢᠴᠠᠭ᠎ᠠ ᠵᠡᠷᠭᠡ ᠲᠠᠯ᠎ᠠ ᠪᠠᠷ ᠪᠣᠳᠠᠲᠤ ᠬᠡᠷᠡᠭ ᠤᠨ ᠵᠢᠱᠢᠶ᠎ᠡ ᠶᠢ ᠵᠢᠭᠰᠠᠭᠠᠬᠤ ᠠᠷᠭ᠎ᠠ ᠪᠠᠷ ᠳᠠᠮᠵᠢᠭᠤᠯᠤᠨ᠂ ᠭᠦᠨᠵᠡᠭᠡᠢ ᠪᠥᠭᠡᠳ ᠣᠶᠢᠯᠠᠭᠠᠮᠵᠢᠲᠠᠢ ᠪᠠᠷ ᠢᠷᠭᠡᠨ ᠤ ᠬᠠᠤᠯᠢ ᠶᠢᠨ ᠮᠡᠳᠡᠯᠭᠡ ᠶᠢ ᠰᠠᠭᠤᠭᠠᠯᠢ ᠠᠷᠠᠳ ᠲᠤ ᠤᠯᠠᠮᠵᠢᠯᠠᠪᠠ᠂ ᠲᠤᠰᠬᠠᠢ ᠬᠠᠤᠯᠢᠴᠢ ᠶᠢᠨ ᠤᠬᠠᠭᠤᠯᠭ᠎ᠠ ᠪᠠᠷ ᠳᠡᠮᠵᠢᠨ᠂ ᠣᠯᠠᠨ ᠲᠦᠮᠡᠨ ᠤ ᠬᠠᠤᠯᠢ ᠴᠠᠭᠠᠵᠠ ᠶᠢᠨ ᠤᠬᠠᠮᠰᠠᠷ ᠢ ᠳᠡᠭᠡᠭᠰᠢᠯᠡᠭᠦᠯᠵᠦ᠂ ᠪᠥᠬᠦ ᠠᠷᠠᠳ ᠢᠶᠠᠷ ᠢᠶᠠᠨ ᠬᠠᠤᠯᠢ ᠶᠢ ᠰᠤᠷᠬᠤ᠂ ᠬᠠᠤᠯᠢ ᠶᠢ ᠣᠶᠢᠯᠠᠭᠠᠬᠤ᠂ ᠬᠠᠤᠯᠢ ᠶᠢ ᠬᠡᠷᠡᠭᠯᠡᠬᠦ ᠭᠦᠨ ᠵᠤᠵᠠᠭᠠᠨ ᠠᠭᠤᠷ ᠠᠮᠢᠰᠬᠤᠯ ᠢ ᠪᠣᠶ ᠪᠣᠯᠭᠠᠪᠠ᠃      ᠠᠵᠢᠯᠯᠠᠭ᠎ᠠ ᠶᠢᠨ ᠬᠤᠭᠤᠴᠠᠭᠠᠨ ᠳᠤ᠂ ᠳᠤᠮᠳᠠᠳᠤ ᠤᠯᠤᠰ ᠤᠨ ᠲᠠᠷᠢᠶᠠᠴᠢᠨ ᠠᠵᠢᠯᠴᠢᠨ ᠤ ᠠᠷᠠᠳᠴᠢᠯᠠᠭᠰᠠᠨ ᠨᠠᠮ ᠤᠨ ᠬᠥᠬᠡᠬᠤᠲᠠ ᠶᠢᠨ ᠵᠥᠪᠯᠡᠯ ᠪᠠᠰᠠ ᠲᠠᠷᠢᠶᠠᠯᠠᠩ ᠤᠨ ᠲᠤᠰᠬᠠᠢ ᠮᠡᠷᠭᠡᠵᠢᠯᠲᠡᠨ ᠢ ᠲᠤᠰᠬᠠᠶᠢᠯᠠᠨ ᠤᠷᠢᠵᠤ ᠬᠤᠭᠤᠯᠠᠢ ᠠᠭᠤᠯᠠ ᠰᠢᠶᠠᠩ ᠤᠨ ᠳ᠋ᠠ ᠳ᠋ᠧᠦ ᠫᠦ᠋ ᠲᠣᠰᠬᠤᠨ ᠳᠤ ᠣᠴᠢᠭᠤᠯᠵᠤ ᠲᠥᠮᠥᠰᠥ ᠶᠢᠨ ᠠᠵᠤ ᠦᠢᠯᠡᠰ ᠤᠨ ᠮᠡᠷᠭᠡᠵᠢᠯ ᠤᠨ ᠵᠢᠯᠣᠭᠤᠳᠤᠯᠭ᠎ᠠ ᠥᠷᠨᠢᠭᠦᠯᠪᠡ᠃ ︵ᠰᠤᠷᠪᠤᠯᠵᠢᠯᠠᠭᠴᠢ᠄ ᠯᠢᠦᠢ ᠫᠢᠩ ᠫᠢᠩ  ᠶᠠᠩ ᠵᠢᠶᠧ︶              ᠢᠷᠡᠯᠲᠡ᠄ ᠦᠴᠦᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ
 
ᠢᠷᠡᠯᠲᠡ᠄ ᠦᠴᠦᠸᠠᠨ ᠰᠢᠶᠠᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号