ᠡᠨᠡ ᠪᠣᠯ ᠬᠥᠮᠥᠨ ᠲᠥᠷᠥᠯᠬᠢᠲᠡᠨ ᠤ ᠰᠠᠷᠠᠨ ᠪᠥᠮᠪᠥᠷᠴᠡᠭ ᠢ ᠬᠠᠶᠢᠨ ᠰᠦᠪᠡᠭᠴᠢᠯᠡᠬᠦ ᠲᠡᠦᠬᠡᠲᠦ ᠴᠢᠨᠠᠷᠲᠠᠢ | ᠴᠠᠭ ᠮᠥᠴᠡ ᠪᠣᠯᠣᠨ᠎ᠠ︕ 6 ᠰᠠᠷ᠎ᠠ ᠶᠢᠨ 2 ᠤᠨ ᠥᠷᠯᠥᠭᠡ᠂ ᠴᠠᠩ ᠧ ᠵᠢᠷᠭᠤᠳᠤᠭᠠᠷ ᠰᠠᠷᠠᠨ ᠪᠥᠮᠪᠥᠷᠴᠡᠭ ᠤᠨ | ᠠᠷᠤ ᠲᠠᠯ᠎ᠠ ᠶᠢᠨ ᠡᠮᠦᠨᠡᠲᠦ ᠲᠤᠶᠢᠯ - ᠠᠶᠢᠲᠸᠺᠧᠨ ᠬᠤᠲᠣᠭᠤᠷ ᠲᠤ ᠠᠮᠵᠢᠯᠲᠠ ᠲᠠᠢ ᠪᠠᠷ ᠪᠠᠭᠤᠵᠤ᠂ ᠬᠥᠮᠥᠨ | ᠲᠥᠷᠥᠯᠬᠢᠲᠡᠨ ᠤ ᠬᠠᠶᠢᠭᠤᠷ ᠤᠨ ᠠᠩᠬ᠎ᠠ ᠤᠳᠠᠭ᠎ᠠ ᠰᠠᠷᠠᠨ ᠪᠥᠮᠪᠥᠷᠴᠡᠭ ᠤᠨ ᠠᠷᠤ ᠲᠠᠯ᠎ᠠ ᠳᠤ ᠬᠡᠷᠡᠭᠵᠢᠭᠦᠯᠦᠭᠰᠡᠨ | ᠥᠯᠢᠭᠡᠷ ᠡᠳ᠋ ᠴᠤᠭᠯᠠᠭᠤᠯᠬᠤ ᠡᠭᠦᠷᠭᠡ ᠶᠢ ᠡᠬᠢᠯᠡᠭᠦᠯᠬᠦ ᠪᠠᠷ ᠪᠠᠶᠢᠨ᠎ᠠ᠃ | ᠪᠡᠭᠡᠵᠢᠩ ᠤᠨ ᠰᠠᠨᠰᠠᠷ ᠤᠨ ᠠᠶᠠᠯᠠᠯ ᠤᠨ ᠨᠢᠰᠦᠯᠲᠡ ᠶᠢ ᠡᠵᠡᠮᠳᠡᠬᠦ ᠲᠥᠪ ᠲᠤ ᠬᠠᠯᠠᠭᠤᠨ ᠠᠯᠠᠭ᠎ᠠ | ᠲᠡᠰᠢᠯᠲᠡ ᠶᠢᠨ ᠲᠠᠭᠤᠨ ᠨᠢᠵᠢᠭᠢᠨᠡᠵᠦ᠂ ᠴᠠᠩ ᠧ ᠵᠢᠷᠭᠤᠳᠤᠭᠠᠷ ᠤᠨ ᠭᠠᠵᠠᠷ ᠲᠤ ᠪᠠᠭᠤᠬᠤ ᠪᠠᠭᠠᠵᠢ ᠪᠣᠯᠣᠨ | ᠳᠡᠭᠡᠭᠰᠢᠯᠡᠬᠦ ᠪᠠᠭᠠᠵᠢ ᠶᠢᠨ ᠬᠠᠮ ᠴᠣᠭᠴᠠ ᠴᠢᠤᠸᠠᠢ ᠴᠢᠶᠤᠤ ᠬᠤᠶᠠᠳᠤᠭᠠᠷ ᠤᠨ ᠵᠠᠯᠭᠠᠯ ᠳᠠᠭᠠᠭᠤᠯᠢ ᠤᠳᠤ ᠶᠢᠨ | ᠳᠡᠮᠵᠢᠯᠭᠡ ᠳᠣᠣᠷ᠎ᠠ᠂ ᠠᠮᠵᠢᠯᠲᠠ ᠲᠠᠢ ᠪᠠᠷ ᠰᠠᠷᠠᠨ ᠪᠥᠮᠪᠥᠷᠴᠡᠭ ᠤᠨ ᠠᠷᠤ ᠲᠠᠯ᠎ᠠ ᠶᠢᠨ ᠡᠮᠦᠨᠡᠲᠦ ᠲᠤᠶᠢᠯ - | ᠠᠶᠢᠲᠸᠺᠧᠨ ᠬᠤᠲᠣᠭᠤᠷ ᠲᠤ ᠪᠠᠭᠤᠪᠠ᠃ | 5 ᠰᠠᠷ᠎ᠠ ᠶᠢᠨ 3 ᠤ ᠡᠳᠦᠷ ᠲᠣᠭᠤᠷᠢᠯᠲᠠ ᠶᠢᠨ ᠵᠠᠮ ᠳᠤ ᠣᠷᠣᠭᠰᠠᠨ ᠠᠴᠠ ᠨᠠᠭᠠᠰᠢ᠂ ᠴᠠᠩ ᠧ | ᠵᠢᠷᠭᠤᠳᠤᠭᠠᠷ ᠬᠠᠶᠢᠭᠤᠷ ᠪᠠᠷᠤᠭ 30 ᠡᠳᠦᠷ ᠤᠨ ᠰᠠᠷᠠᠨ ᠪᠥᠮᠪᠥᠷᠴᠡᠭ ᠲᠤ ᠭᠠᠷᠬᠤ ᠠᠶᠠᠯᠠᠯ ᠢ ᠥᠩᠭᠡᠷᠡᠭᠡᠵᠦ᠂ | ᠳᠡᠯᠡᠬᠡᠢ ᠶᠢᠨ ᠪᠥᠮᠪᠥᠷᠴᠡᠭ ᠠᠴᠠ ᠰᠠᠷᠠᠨ ᠪᠥᠮᠪᠥᠷᠴᠡᠭ ᠳᠡᠭᠡᠷ᠎ᠡ ᠰᠢᠯᠵᠢᠭᠦ᠂ ᠰᠠᠷᠠᠨ ᠪᠥᠮᠪᠥᠷᠴᠡᠭ ᠲᠠᠢ ᠣᠶᠢᠷᠠᠯᠴᠠᠭ᠎ᠠ | ᠲᠣᠷᠣᠮᠰᠤᠯᠠᠬᠤ᠂ ᠰᠠᠷᠠᠨ ᠪᠥᠮᠪᠥᠷᠴᠡᠭ ᠢ ᠲᠣᠭᠤᠷᠢᠨ ᠨᠢᠰᠬᠦ ᠵᠡᠷᠭᠡ ᠠᠯᠢ ᠣᠯᠠᠨ ᠵᠠᠩᠭᠢᠯᠠᠭ᠎ᠠ ᠶᠢᠨ ᠬᠥᠳᠡᠯᠭᠡᠭᠡᠨ ᠢ | ᠥᠩᠭᠡᠷᠡᠭᠡᠭᠰᠡᠨ ᠤ ᠳᠠᠷᠠᠭ᠎ᠠ᠂ ᠡᠨᠡ ᠬᠦ ᠳᠡᠯᠡᠬᠡᠢ ᠨᠡᠶᠢᠲᠡ ᠶᠢᠨ ᠠᠩᠬᠠᠷᠤᠯ ᠢ ᠲᠠᠲᠠᠭᠰᠠᠨ ︽ᠭᠤᠶᠢᠳᠠ ᠰᠠᠶᠢᠬᠠᠨ | ᠪᠠᠭᠤᠯᠲᠠ︾ ᠶᠢ ᠪᠡᠶᠡᠯᠡᠭᠦᠯᠦᠭᠰᠡᠨ ᠪᠠᠶᠢᠨ᠎ᠠ᠃ | ᠰᠠᠷᠠᠨ ᠪᠥᠮᠪᠥᠷᠴᠡᠭ ᠤᠨ ᠡᠮᠦᠨ᠎ᠡ ᠲᠠᠯ᠎ᠠ ᠳᠤ ᠪᠠᠭᠤᠬᠤ ᠲᠠᠢ ᠬᠠᠷᠢᠴᠠᠭᠤᠯᠪᠠᠯ᠂ ᠰᠠᠷᠠᠨ ᠪᠥᠮᠪᠥᠷᠴᠡᠭ ᠤᠨ ᠠᠷᠤ | ᠲᠠᠯ᠎ᠠ ᠳᠤ ᠪᠠᠭᠤᠬᠤ ᠨᠢ ᠬᠠᠷᠢᠯᠴᠠᠨ ᠬᠤᠯᠪᠣᠯᠳᠤᠬᠤ ᠴᠢᠨᠠᠷ ᠢᠶᠠᠷ ᠴᠢᠩᠭ᠎ᠠ ᠪᠥᠭᠡᠳ ᠠᠯᠬᠤᠮ ᠪᠦᠷᠢ ᠨᠢ ᠴᠥᠮ | ᠵᠠᠩᠭᠢᠯᠠᠭ᠎ᠠ ᠪᠣᠯᠣᠨ᠎ᠠ᠃ ᠣᠨᠴᠠᠭᠠᠶᠢᠯᠠᠨ ᠲᠣᠰ ᠤᠳᠠᠭᠠᠨ ᠤ ᠡᠭᠦᠷᠭᠡ ᠶᠢᠨ ᠤᠷᠢᠳᠴᠢᠯᠠᠨ ᠰᠣᠩᠭᠤᠭᠰᠠᠨ ᠪᠠᠭᠤᠬᠤ | ᠭᠠᠵᠠᠷ - ᠰᠠᠷᠠᠨ ᠪᠥᠮᠪᠥᠷᠴᠡᠭ ᠤᠨ ᠠᠷᠤ ᠲᠠᠯ᠎ᠠ ᠶᠢᠨ ᠡᠮᠦᠨᠡᠲᠦ ᠲᠤᠶᠢᠯ - ᠠᠶᠢᠲᠸᠺᠧᠨ ᠬᠤᠲᠣᠭᠤᠷ ᠤᠨ | ᠪᠠᠭᠤᠯᠲᠠ ᠶᠢᠨ ᠵᠥᠷᠢᠶ᠎ᠡ ᠨᠢ ᠠᠷᠪᠠᠨ ᠬᠡᠳᠦᠨ ᠺᠢᠯᠣᠮᠧᠲᠷ ᠪᠠᠶᠢᠵᠤ᠂ ᠶᠠᠭ ᠯᠠ ᠨᠢᠭᠡ ᠵᠢᠵᠢᠭ ᠠᠴᠢᠶᠠᠨ ᠤ ᠮᠠᠰᠢᠨ | ᠲᠡᠷᠭᠡ ᠶᠢ ᠥᠨᠳᠥᠷ ᠠᠭᠤᠯᠠ ᠠᠰᠬ᠎ᠠ ᠬᠠᠲᠠᠨ ᠳᠤ ᠪᠠᠭᠤᠯᠭᠠᠬᠤ ᠮᠡᠲᠦ ᠬᠦᠴᠢᠷ ᠪᠠᠶᠢᠵᠤ᠂ ᠠᠯᠬᠤᠮ ᠪᠦᠷᠢ ᠳᠤ | ᠶᠠᠭᠠᠬᠢᠭᠰᠠᠨ ᠴᠤ ᠬᠥᠩᠭᠡᠨ ᠬᠠᠭᠤᠮᠠᠭᠠᠢ ᠪᠠᠶᠢᠵᠤ ᠪᠤᠯᠬᠤ ᠦᠭᠡᠢ ᠶᠤᠮ᠂ ᠡᠨᠡ ᠨᠢ ᠳᠤᠮᠳᠠᠳᠤ ᠤᠯᠤᠰ ᠤᠨ | ᠰᠠᠨᠰᠠᠷᠴᠢᠳ ᠤᠨ ᠣᠶᠤᠨ ᠤᠬᠠᠭᠠᠨ ᠪᠠ ᠡᠭᠦᠳᠦᠨ ᠪᠦᠲᠦᠭᠡᠯᠲᠡ ᠶᠢ ᠭᠦᠢᠴᠡᠳ ᠬᠠᠷᠠᠭᠤᠯᠤᠭᠰᠠᠨ ᠪᠠᠶᠢᠨ᠎ᠠ᠃ | ︽ᠠᠭᠠᠵᠢᠮ ᠢᠶᠠᠷ ᠲᠣᠷᠣᠮᠰᠤᠯᠠᠵᠤ︾ ᠬᠤᠷᠳᠤᠴᠠ ᠪᠠᠨ ᠤᠳᠠᠭᠠᠰᠢᠷᠠᠭᠤᠯᠵᠤ ᠰᠠᠷᠠᠨ ᠪᠥᠮᠪᠥᠷᠴᠡᠭ ᠲᠠᠢ | ᠣᠶᠢᠷᠠᠳᠪᠠ - ᠭᠠᠵᠠᠷ ᠲᠤ ᠪᠠᠭᠤᠬᠤ ᠪᠠᠭᠠᠵᠢ ᠪᠠ ᠳᠡᠭᠡᠭᠰᠢᠯᠡᠬᠦ ᠪᠠᠭᠠᠵᠢ ᠶᠢᠨ ᠬᠠᠮ ᠴᠣᠭᠴᠠ ᠶᠢᠨ ᠬᠥᠳᠡᠯᠭᠡᠬᠦ | ᠬᠦᠴᠦᠨ ᠨᠢ ᠪᠠᠭᠤᠷᠠᠵᠤ᠂ ᠠᠴᠢᠶᠠᠯᠠᠭᠰᠠᠨ ᠭᠤᠣᠯ ᠬᠥᠳᠡᠯᠭᠡᠭᠦᠷ ᠨᠢ ᠨᠡᠭᠡᠭᠡᠭᠳᠡᠵᠦ᠂ ᠬᠠᠶᠢᠭᠤᠷ ᠤᠨ ᠰᠠᠷᠠᠨ | ᠪᠥᠮᠪᠥᠷᠴᠡᠭ ᠲᠠᠢ ᠬᠠᠷᠢᠴᠠᠭᠤᠯᠤᠭᠰᠠᠨ ᠬᠤᠷᠳᠤᠴᠠ ᠶᠢ ᠠᠯᠬᠤᠮ ᠠᠯᠬᠤᠮ ᠢᠶᠠᠷ ᠲᠡᠭ ᠪᠣᠯᠭᠠᠪᠠ᠃ ᠡᠨᠡ ᠬᠤᠭᠤᠷᠣᠨᠳᠤ | ᠬᠠᠮ ᠴᠣᠭᠴᠠ ᠨᠢ ᠲᠦᠷᠭᠡᠨ ᠲᠣᠬᠢᠷᠠᠭᠤᠯᠤᠯᠲᠠ ᠬᠢᠵᠦ᠂ ᠠᠭᠠᠵᠢᠮ ᠢᠶᠠᠷ ᠰᠠᠷᠠᠨ ᠪᠥᠮᠪᠥᠷᠴᠡᠭ ᠤᠨ ᠭᠠᠳᠠᠷᠭᠤ ᠲᠠᠢ | ᠣᠶᠢᠷᠠᠳᠪᠠ᠃ | ︽ᠭᠢᠷᠠᠬᠠᠢ ᠨᠢᠳᠦ︾ ᠨᠢ ᠲᠣᠬᠢᠲᠠᠢ ᠪᠠᠭᠤᠬᠤ ᠴᠡᠭ ᠢ ᠰᠣᠩᠭᠤᠪᠠ - ᠭᠠᠵᠠᠷ ᠲᠤ ᠪᠠᠭᠤᠬᠤ ᠪᠠᠭᠠᠵᠢ ᠪᠠ | ᠳᠡᠭᠡᠭᠰᠢᠯᠡᠬᠦ ᠪᠠᠭᠠᠵᠢ ᠶᠢᠨ ᠬᠠᠮ ᠴᠣᠭᠴᠠ ᠨᠢ ᠬᠠᠷᠠᠭᠠᠨ ᠰᠡᠷᠡᠯ ᠤᠨ ᠪᠡᠶ᠎ᠡ ᠪᠠᠨ ᠳᠠᠭᠠᠭᠠᠵᠤ ᠰᠠᠭᠠᠳ ᠠᠴᠠ ᠵᠠᠶᠢᠯᠠᠬᠤ | ᠰᠢᠰᠲ᠋ᠧᠮ ᠢᠶᠠᠷ ᠳᠠᠮᠵᠢᠭᠤᠯᠤᠨ ᠬᠠᠷᠰᠢ ᠰᠠᠭᠠᠳ ᠤᠨ ᠠᠦ᠋ᠲ᠋ᠣ᠋ ᠰᠢᠯᠭᠠᠨ ᠪᠠᠶᠢᠴᠠᠭᠠᠯᠲᠠ ᠬᠢᠵᠦ᠂ ᠦᠵᠡᠭᠳᠡᠬᠦ ᠭᠡᠷᠡᠯ ᠤᠨ | ᠵᠢᠷᠤᠭ ᠤᠨ ᠮᠠᠰᠢᠨ ᠢ ᠠᠰᠢᠭᠯᠠᠨ ᠰᠠᠷᠠᠨ ᠤ ᠭᠡᠭᠡᠨ ᠬᠠᠷᠠᠩᠭᠤᠢ ᠶᠢ ᠦᠨᠳᠦᠰᠦᠯᠡᠨ ᠶᠡᠭᠡ ᠲᠥᠯᠥᠪ ᠠᠮᠤᠷ ᠲᠦᠪᠰᠢᠨ | ᠴᠡᠭ ᠢ ᠰᠣᠩᠭᠤᠵᠤ᠂ ᠠᠮᠤᠷ ᠲᠦᠪᠰᠢᠨ ᠴᠡᠭ ᠤᠨ ᠳᠡᠭᠡᠷ᠎ᠡ ᠲᠠᠯ᠎ᠠ ᠶᠢᠨ 100 ᠮᠧᠲᠷ ᠤᠨ ᠭᠠᠵᠠᠷ ᠲᠤ ᠬᠡᠢ | ᠵᠣᠭᠰᠣᠵᠤ᠂ ᠯᠠᠶᠢᠰᠧᠷ ᠤᠨ ᠭᠤᠷᠪᠠᠨ ᠬᠡᠮᠵᠢᠯᠲᠦ ᠰᠢᠷᠪᠢᠯᠲᠡ ᠪᠠᠷ ᠨᠠᠷᠢᠯᠢᠭ ᠵᠢᠷᠤᠭ ᠠᠪᠴᠤ ᠰᠠᠷᠠᠨ ᠪᠥᠮᠪᠥᠷᠴᠡᠭ ᠤᠨ | ᠭᠠᠳᠠᠷᠭᠤ ᠶᠢᠨ ᠬᠠᠷᠰᠢ ᠰᠠᠭᠠᠳ ᠢ ᠪᠠᠶᠢᠴᠠᠭᠠᠨ ᠬᠡᠮᠵᠢᠵᠦ᠂ ᠬᠠᠮᠤᠭ ᠤᠨ ᠡᠴᠦᠰ ᠲᠤ ᠪᠠᠭᠤᠬᠤ ᠭᠠᠵᠠᠷ ᠢᠶᠠᠨ | ᠰᠣᠩᠭᠤᠨ ᠲᠣᠭᠲᠠᠭᠠᠵᠤ᠂ ᠬᠤᠷᠳᠤᠴᠠ ᠪᠠᠨ ᠤᠳᠠᠭᠠᠰᠢᠷᠠᠭᠤᠯᠵᠤ ᠡᠭᠴᠡ ᠪᠠᠷ ᠳᠣᠷᠣᠭᠰᠢᠯᠠᠪᠠ᠃ | ︽ᠵᠠᠩᠭᠢᠯᠠᠭ᠎ᠠ ᠶᠢᠨ ᠨᠠᠮᠬᠠᠳᠬᠠᠯ︾ ᠰᠠᠷᠠᠨ ᠪᠥᠮᠪᠥᠷᠴᠡᠭ ᠲᠤ ᠠᠮᠤᠷ ᠲᠦᠪᠰᠢᠨ ᠢᠶᠠᠷ ᠪᠠᠭᠤᠬᠤ ᠶᠢ | ᠪᠠᠲᠤᠯᠠᠪᠠ - ᠰᠠᠷᠠᠨ ᠪᠥᠮᠪᠥᠷᠴᠡᠭ ᠤᠨ ᠭᠠᠳᠠᠷᠭᠤ ᠳᠤ ᠭᠦᠷᠦᠮᠡᠷ ᠪᠤᠯᠬᠤ ᠳᠤ᠂ ᠬᠥᠳᠡᠯᠭᠡᠭᠦᠷ ᠢ ᠬᠠᠭᠠᠵᠤ᠂ | ᠨᠠᠮᠬᠠᠳᠬᠠᠬᠤ ᠰᠢᠰᠲ᠋ᠧᠮ ᠢ ᠠᠰᠢᠭᠯᠠᠨ ᠬᠠᠮ ᠴᠣᠭᠴᠠ ᠶᠢᠨ ᠴᠢᠯᠦᠭᠡᠲᠡᠢ ᠤᠨᠠᠬᠤ ᠭᠡᠯᠪᠡᠷᠢ ᠪᠠᠷ ᠰᠠᠷᠠᠨ | ᠪᠥᠮᠪᠥᠷᠴᠡᠭ ᠤᠨ ᠭᠠᠳᠠᠷᠭᠤ ᠳᠤ ᠬᠦᠷᠬᠦ ᠶᠢ ᠪᠠᠲᠤᠯᠠᠵᠤ᠂ ᠡᠴᠦᠰ ᠲᠡᠭᠡᠨ ᠰᠠᠷᠠᠨ ᠪᠥᠮᠪᠥᠷᠴᠡᠭ ᠤᠨ ᠠᠷᠤ ᠲᠠᠯ᠎ᠠ ᠶᠢᠨ | ᠡᠮᠦᠨᠡᠲᠦ ᠲᠤᠶᠢᠯ - ᠠᠶᠢᠲᠸᠺᠧᠨ ᠬᠤᠲᠣᠭᠤᠷ ᠲᠤ ᠲᠣᠭᠲᠠᠭᠤᠨ ᠢᠶᠠᠷ ᠪᠠᠭᠤᠪᠠ᠃ | ᠰᠠᠷᠠᠨ ᠪᠥᠮᠪᠥᠷᠴᠡᠭ ᠤᠨ ᠠᠷᠤ ᠲᠠᠯ᠎ᠠ ᠳᠤ ᠪᠠᠭᠤᠬᠤ ᠴᠠᠭ ᠣᠬᠤᠷ᠂ ᠬᠦᠴᠢᠷᠳᠡᠯ ᠶᠡᠭᠡ᠂ ᠠᠶᠤᠯ ᠲᠦᠭᠰᠢᠭᠦᠷᠢ | ᠶᠡᠭᠡ ᠪᠠᠶᠢᠳᠠᠭ᠂ ᠳᠡᠯᠡᠬᠡᠢ ᠳ᠋ᠠᠬᠢᠨ ᠢ ᠪᠠᠷᠠᠯᠠᠬᠤᠶ᠎ᠠ ᠮᠠᠨ ᠤ ᠤᠯᠤᠰ ᠤᠨ ᠴᠠᠩ ᠧ ᠳᠥᠷᠪᠡᠳᠦᠭᠡᠷ ᠬᠠᠶᠢᠭᠤᠷ 2019 | ᠣᠨ ᠤ ᠡᠬᠢ ᠪᠠᠷ ᠰᠠᠷᠠᠨ ᠪᠥᠮᠪᠥᠷᠴᠡᠭ ᠤᠨ ᠠᠷᠤ ᠲᠠᠯ᠎ᠠ ᠳᠤ ᠳᠥᠯᠭᠡᠨ ᠪᠠᠭᠤᠬᠤ ᠶᠢ ᠠᠮᠵᠢᠯᠲᠠ ᠲᠠᠢ | ᠪᠡᠶᠡᠯᠡᠭᠦᠯᠦᠭᠰᠡᠨ ᠪᠠᠶᠢᠨ᠎ᠠ᠃ ᠡᠨᠡ ᠤᠳᠠᠭ᠎ᠠ ᠴᠠᠩ ᠧ ᠵᠢᠷᠭᠤᠳᠤᠭᠠᠷ ᠰᠠᠷᠠᠨ ᠪᠥᠮᠪᠥᠷᠴᠡᠭ ᠤᠨ ᠠᠷᠤ ᠲᠠᠯ᠎ᠠ ᠳᠤ | ᠳᠥᠯᠭᠡᠨ ᠪᠠᠭᠤᠬᠤ ᠶᠢ ᠪᠡᠶᠡᠯᠡᠭᠦᠯᠦᠭᠰᠡᠨ ᠢᠶᠠᠷ ᠪᠠᠷᠠᠬᠤ ᠦᠭᠡᠢ᠂ ᠲᠥᠯᠥᠪᠯᠡᠭᠡ ᠶᠣᠰᠣᠭᠠᠷ ᠰᠠᠷᠠᠨ ᠪᠥᠮᠪᠥᠷᠴᠡᠭ ᠤᠨ | ᠠᠷᠤ ᠲᠠᠯ᠎ᠠ ᠶᠢᠨ ᠬᠥᠷᠥᠰᠥ ᠶᠢ ᠠᠪᠴᠤ᠂ ᠪᠤᠰᠤᠳ ᠤᠨ ᠶᠠᠪᠤᠵᠤ ᠥᠩᠭᠡᠷᠡᠭᠰᠡᠨ ᠦᠭᠡᠢ ᠵᠠᠮ ᠢᠶᠠᠷ ᠵᠠᠮᠨᠠᠬᠤ ᠪᠣᠯᠣᠨ᠎ᠠ᠃ | | 2004 ᠣᠨ ᠳᠤ᠂ ᠳᠤᠮᠳᠠᠳᠤ ᠤᠯᠤᠰ ᠤᠨ ᠰᠠᠷᠠᠨ ᠪᠥᠮᠪᠥᠷᠴᠡᠭ ᠢ ᠬᠠᠶᠢᠨ ᠰᠢᠨᠵᠢᠯᠡᠬᠦ ᠢᠨᠵᠧᠨᠧᠷᠢᠩ | ᠵᠢᠩᠬᠢᠨᠢ ᠪᠠᠷ ᠰᠡᠳᠦᠪ ᠲᠣᠭᠲᠠᠭᠠᠬᠤ ᠶᠢ ᠵᠥᠪᠰᠢᠶᠡᠷᠡᠪᠡ᠃ ᠴᠠᠩ ᠧ ᠨᠢᠭᠡᠳᠦᠭᠡᠷ ᠰᠠᠷᠠᠨ ᠪᠥᠮᠪᠥᠷᠴᠡᠭ ᠤᠨ ᠵᠢᠷᠤᠭ ᠢ | ᠰᠡᠭᠦᠳᠡᠷᠯᠡᠭᠰᠡᠨ ᠠᠴᠠ ᠴᠠᠩ ᠧ ᠳᠥᠷᠪᠡᠳᠦᠭᠡᠷ ᠬᠥᠮᠥᠨ ᠲᠥᠷᠥᠯᠬᠢᠲᠡᠨ ᠤ ᠰᠠᠷᠠᠨ ᠪᠥᠮᠪᠥᠷᠴᠡᠭ ᠤᠨ ᠠᠷᠤ | ᠲᠠᠯ᠎ᠠ ᠳᠤ ᠠᠩᠬ᠎ᠠ ᠤᠳᠠᠭ᠎ᠠ ᠳᠥᠯᠭᠡᠨ ᠪᠠᠭᠤᠬᠤ ᠭᠦᠷᠲᠡᠯ ᠡ; ᠴᠠᠩ ᠧ ᠲᠠᠪᠤᠳᠤᠭᠠᠷ ᠰᠠᠷᠠᠨ ᠪᠥᠮᠪᠥᠷᠴᠡᠭ ᠤᠨ | ᠬᠥᠷᠥᠰᠥ ᠶᠢ ᠠᠪᠴᠤ ᠢᠯᠠᠯᠲᠠ ᠲᠠᠢ ᠪᠠᠷ ᠪᠤᠴᠠᠵᠤ ᠢᠷᠡᠭᠰᠡᠨ ᠠᠴᠠ ᠣᠳᠣ ᠴᠠᠩ ᠧ ᠵᠢᠷᠭᠤᠳᠤᠭᠠᠷ ᠤᠨ ︽ᠡᠷᠳᠡᠨᠢ | ᠬᠠᠶᠢᠬᠤ︾ ᠭᠦᠷᠲᠡᠯ᠎ᠡ ᠁20 ᠵᠢᠯ ᠤᠨ ᠲᠤᠷᠰᠢ᠂ ᠳᠤᠮᠳᠠᠳᠤ ᠤᠯᠤᠰ ᠤᠨ ᠰᠠᠷᠠᠨ ᠪᠥᠮᠪᠥᠷᠴᠡᠭ ᠢ ᠬᠠᠶᠢᠨ | ᠰᠢᠨᠵᠢᠯᠡᠬᠦ ᠢᠨᠵᠧᠨᠧᠷᠢᠩ ᠬᠥᠮᠥᠨ ᠲᠥᠷᠥᠯᠬᠢᠲᠡᠨ ᠤ ᠰᠠᠷᠠᠨ ᠪᠥᠮᠪᠥᠷᠴᠡᠭ ᠢ ᠬᠠᠶᠢᠨ ᠬᠡᠮᠵᠢᠭᠰᠡᠨ ᠲᠡᠮᠳᠡᠭᠯᠡᠯ ᠢ | ᠲᠠᠰᠤᠷᠠᠯᠲᠠ ᠦᠭᠡᠢ ᠰᠢᠨᠡᠳᠬᠡᠵᠡᠢ᠃ | ᠠᠮᠵᠢᠯᠲᠠ ᠲᠠᠢ ᠪᠠᠷ ᠰᠠᠷᠠᠨ ᠪᠥᠮᠪᠥᠷᠴᠡᠭ ᠤᠨ ᠠᠷᠤ ᠲᠠᠯ᠎ᠠ ᠳᠤ ᠪᠠᠭᠤᠭᠰᠠᠨ ᠨᠢ ᠵᠥᠪᠭᠡᠨ ᠡᠭᠢᠯᠡᠯᠲᠡ ᠲᠡᠳᠦᠢ | ᠶᠤᠮ᠃ ᠲᠠᠷᠠᠭᠠᠴᠢ ᠪᠠᠷ ᠭᠠᠵᠠᠷ ᠲᠤ ᠪᠠᠭᠤᠬᠤ ᠪᠠᠭᠠᠵᠢ ᠨᠢ ᠨᠡᠷᠡᠨ ᠤ ᠵᠢᠭᠦᠷ ᠪᠠ ᠴᠢᠭᠯᠡᠯᠲᠦ ᠠᠨᠲ᠋ᠢᠨ᠎ᠠ ᠶᠢᠨ | ᠳᠡᠯᠭᠡᠯᠲᠡ ᠵᠡᠷᠭᠡ ᠪᠠᠶᠢᠳᠠᠯ ᠤᠨ ᠪᠠᠶᠢᠴᠠᠭᠠᠯᠲᠠ ᠪᠠ ᠲᠣᠬᠢᠷᠠᠭᠤᠯᠤᠯᠲᠠ ᠶᠢᠨ ᠠᠵᠢᠯ ᠢ ᠶᠠᠪᠤᠭᠳᠠᠭᠤᠯᠵᠤ᠂ 2 ᠡᠳᠦᠷ | ᠰᠢᠬᠠᠮ ᠦᠷᠭᠦᠯᠵᠢᠯᠡᠭᠰᠡᠨ ᠰᠠᠷᠠᠨ ᠪᠥᠮᠪᠥᠷᠴᠡᠭ ᠤᠨ ᠠᠷᠤ ᠲᠠᠯ᠎ᠠ ᠠᠴᠠ ᠥᠯᠢᠭᠡᠷ ᠠᠪᠬᠤ ᠠᠵᠢᠯ ᠢ ᠵᠢᠩᠬᠢᠨᠢ ᠪᠠᠷ | ᠡᠬᠢᠯᠡᠭᠦᠯᠵᠦ᠂ ᠥᠷᠥᠮᠳᠡᠨ ᠠᠪᠬᠤ ᠪᠠ ᠰᠢᠭᠤᠳ ᠠᠪᠬᠤ ᠬᠤᠶᠠᠷ ᠵᠦᠢᠯ ᠤᠨ ᠠᠷᠭ᠎ᠠ ᠮᠠᠶ᠋ᠢᠭ ᠢᠶᠠᠷ ᠳᠠᠮᠵᠢᠭᠤᠯᠤᠨ | ᠰᠠᠷᠠᠨ ᠪᠥᠮᠪᠥᠷᠴᠡᠭ ᠤᠨ ᠥᠯᠢᠭᠡᠷ ᠢ ᠲᠣᠰ ᠲᠣᠰ ᠴᠤᠭᠯᠠᠭᠤᠯᠵᠤ᠂ ᠣᠯᠠᠨ ᠴᠡᠭ᠂ ᠣᠯᠠᠨ ᠶᠠᠩᠵᠤ ᠶᠢᠨ ᠠᠦ᠋ᠲ᠋ᠣ᠋ | ᠥᠯᠢᠭᠡᠷ ᠠᠪᠬᠤ ᠶᠢ ᠪᠡᠶᠡᠯᠡᠭᠦᠯᠬᠦ ᠪᠣᠯᠣᠨ᠎ᠠ᠃ | ᠡᠭᠦᠨ ᠤ ᠬᠠᠮᠲᠤ᠂ ᠲᠣᠰ ᠤᠳᠠᠭᠠᠨ ᠤ ᠡᠭᠦᠷᠭᠡ ᠳᠤ ᠪᠠᠰᠠ ᠰᠠᠷᠠᠨ ᠪᠥᠮᠪᠥᠷᠴᠡᠭ ᠤᠨ ᠠᠷᠤ ᠲᠠᠯ᠎ᠠ ᠳᠤ | ᠪᠠᠭᠤᠬᠤ ᠭᠠᠵᠠᠷ ᠤᠨ ᠲᠤᠬᠠᠢ ᠶᠢᠨ ᠲᠠᠯᠠᠪᠤᠷ ᠤᠨ ᠪᠠᠶᠢᠴᠠᠭᠠᠨ ᠵᠠᠳᠠᠯᠤᠯᠲᠠ᠂ ᠰᠠᠷᠠᠨ ᠪᠥᠮᠪᠥᠷᠴᠡᠭ ᠤᠨ ᠬᠥᠷᠥᠰᠥᠨ ᠤ | ᠪᠦᠲᠦᠴᠡ ᠶᠢᠨ ᠵᠠᠳᠠᠯᠤᠯᠲᠠ ᠵᠡᠷᠭᠡ ᠰᠢᠨᠵᠢᠯᠡᠬᠦ ᠤᠬᠠᠭᠠᠨ ᠤ ᠬᠠᠶᠢᠨ ᠬᠡᠮᠵᠢᠯᠲᠡ ᠬᠢᠨ᠎ᠡ᠃ ᠪᠢᠳᠡ ᠴᠠᠩ ᠧ | ᠵᠢᠷᠭᠤᠳᠤᠭᠠᠷ ᠤᠨ︽ᠴᠢᠷᠮᠠᠶᠢᠭᠰᠠᠨ ᠳᠡᠭᠡᠷ᠎ᠡ ᠪᠠᠨ ᠴᠢᠷᠮᠠᠶᠢᠵᠤ︾᠂ ᠨᠡᠩ ᠤᠯᠠᠨ ᠰᠠᠶᠢᠨ ᠴᠢᠮᠡᠭᠡ ᠲᠠᠰᠤᠷᠠᠯᠲᠠ ᠦᠭᠡᠢ | ᠳᠠᠮᠵᠢᠭᠳᠠᠨ ᠢᠷᠡᠬᠦ ᠶᠢ ᠬᠦᠰᠡᠨ ᠬᠦᠯᠢᠶᠡᠶ᠎ᠡ︕ | | | |