ᠲᠦᠷᠦᠭᠦᠦ ᠬᠠᠭᠠᠰ ᠵᠢᠯ ᠳᠤ ᠥᠪᠥᠷ ᠮᠣᠩᠭᠤᠯ ᠤᠨ ᠨᠢᠰᠬᠡᠯ ᠤᠨ ᠪᠠᠭᠤᠳᠠᠯ ᠤᠨ ᠪᠦᠯᠦᠭᠯᠡᠯ 1188.4 ᠲᠦᠮᠡᠨ ᠠᠶᠠᠨᠴᠢᠨ ᠵᠥᠭᠡᠭᠡᠪᠦᠷᠢᠯᠡᠪᠡ
ᠨᠡᠶᠢᠲᠡᠯᠡᠭᠰᠡᠨ ᠴᠠᠭ᠄
2024/7/22
     ᠲᠦᠷᠦᠭᠦᠦ ᠬᠠᠭᠠᠰ ᠵᠢᠯ ᠳᠤ ᠥᠪᠥᠷ ᠮᠣᠩᠭᠤᠯ ᠤᠨ ᠨᠢᠰᠬᠡᠯ ᠤᠨ ᠪᠠᠭᠤᠳᠠᠯ ᠤᠨ ᠪᠦᠯᠦᠭᠯᠡᠯ 12.4 ᠲᠦᠮᠡᠨ ᠡᠭᠡᠯᠵᠢ ᠶᠢᠨ ᠠᠶᠠᠨᠴᠢᠨ ᠤ ᠨᠢᠰᠬᠡᠯ ᠤᠨ ᠨᠢᠰᠴᠦ ᠪᠠᠭᠤᠬᠤ ᠶᠢ ᠪᠠᠲᠤᠯᠠᠵᠤ᠂ ᠨᠡᠶᠢᠲᠡ 1188.4 ᠲᠦᠮᠡᠨ ᠠᠶᠠᠨᠴᠢᠨ ︵ᠤᠳᠠᠭ᠎ᠠ︶ ᠵᠥᠭᠡᠭᠡᠪᠦᠷᠢᠯᠡᠨ᠂ 3.5 ᠲᠦᠮᠡᠨ ᠲᠣᠨ ᠪᠠᠷᠠᠭ᠎ᠠ ᠲᠡᠭᠡᠭᠡᠪᠦᠷᠢᠯᠡᠵᠦ᠂ ᠲᠤᠰ ᠲᠤᠰ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 21.3%᠂ 24.2% ᠪᠠ 49% ᠪᠠᠷ ᠨᠡᠮᠡᠭᠳᠡᠪᠡ᠃      ᠲᠦᠷᠦᠭᠦᠦ ᠬᠠᠭᠠᠰ ᠵᠢᠯ ᠳᠤ ᠭᠦᠭᠡᠬᠤᠲᠠ ᠶᠢᠨ ᠨᠢᠰᠬᠡᠯ ᠤᠨ ᠪᠠᠭᠤᠳᠠᠯ 5.5 ᠲᠦᠮᠡᠨ ᠡᠭᠡᠯᠵᠢ ᠶᠢᠨ ᠠᠶᠠᠨᠴᠢᠨ ᠤ ᠨᠢᠰᠬᠡᠯ ᠤᠨ ᠨᠢᠰᠴᠦ ᠪᠠᠭᠤᠬᠤ ᠶᠢ ᠪᠠᠲᠤᠯᠠᠵᠤ᠂ 601.7 ᠲᠦᠮᠡᠨ ᠠᠶᠠᠨᠴᠢᠨ ︵ᠤᠳᠠᠭ᠎ᠠ︶ ᠵᠥᠭᠡᠭᠡᠪᠦᠷᠢᠯᠡᠨ᠂ 2.6 ᠲᠦᠮᠡᠨ ᠲᠣᠨ ᠪᠠᠷᠠᠭ᠎ᠠ ᠲᠡᠭᠡᠭᠡᠪᠦᠷᠢᠯᠡᠵᠦ᠂  ᠲᠤᠰ ᠲᠤᠰ 2019 ᠣᠨ ᠤ ᠠᠳᠠᠯᠢ ᠬᠤᠭᠤᠴᠠᠭᠠᠨ ᠤ 105.5%᠂ 97.2% ᠪᠠ 132.6% ᠪᠤᠯᠲᠠᠯ᠎ᠠ ᠰᠡᠷᠭᠦᠪᠡ; ᠡᠯ᠎ᠡ ᠰᠠᠯᠪᠤᠷᠢ ᠱᠤᠭᠤᠮ ᠤᠨ ᠨᠢᠰᠬᠡᠯ ᠤᠨ ᠪᠠᠭᠤᠳᠠᠯ ᠨᠢ ᠨᠡᠶᠢᠲᠡ 586.7 ᠲᠦᠮᠡᠨ ᠠᠶᠠᠨᠴᠢᠨ︵ᠤᠳᠠᠭ᠎ᠠ︶ ᠵᠥᠭᠡᠭᠡᠪᠦᠷᠢᠯᠡᠨ᠂ ᠪᠦᠭᠦ ᠪᠦᠯᠦᠭᠯᠡᠯ  ᠤᠨ ᠶᠡᠷᠦᠩᠬᠡᠢ ᠬᠡᠮᠵᠢᠶᠡᠨ ᠤ 49.3% ᠶᠢ ᠡᠵᠡᠯᠡᠵᠦ᠂ 2019 ᠣᠨ ᠤ ᠠᠳᠠᠯᠢ ᠬᠤᠭᠤᠴᠠᠭᠠᠨ ᠤ 113.4 % ᠪᠤᠯᠲᠠᠯ᠎ᠠ ᠰᠡᠷᠭᠦᠪᠡ᠃ ᠡᠭᠦᠨ ᠳᠤ ᠬᠥᠯᠥᠨ ᠪᠤᠶᠢᠷ᠂ ᠤᠯᠠᠭᠠᠨᠬᠠᠳᠠ᠂ ᠰᠢᠯᠢᠩᠬᠤᠲᠠ᠂ ᠤᠯᠠᠭᠠᠨᠬᠤᠲᠠ᠂ ᠲᠦᠩᠯᠢᠶᠣᠣ᠂ ᠦᠬᠠᠢ᠂ ᠡᠷᠢᠶᠡᠨ ᠬᠤᠲᠠ᠂ ᠵᠠᠯᠠᠨ ᠠᠶᠢᠯ᠂ ᠬᠤᠣᠯᠢᠨ ᠭᠤᠣᠯ ᠵᠡᠷᠭᠡ 9 ᠨᠢᠰᠬᠡᠯ ᠤᠨ ᠪᠠᠭᠤᠳᠠᠯ ᠤᠨ ᠠᠶᠠᠨᠴᠢᠨ ᠵᠥᠭᠡᠭᠡᠪᠦᠷᠢᠯᠡᠭᠰᠡᠨ ᠬᠡᠮᠵᠢᠶ᠎ᠡ 2019 ᠣᠨ ᠤ ᠠᠳᠠᠯᠢ ᠬᠤᠭᠤᠴᠠᠭᠠᠨ ᠤ ᠲᠦᠪᠰᠢᠨ ᠢ ᠳᠠᠪᠠᠵᠡᠢ; ︽ᠰᠠᠯᠪᠤᠷᠢ ᠱᠤᠭᠤᠮ ᠤᠨ ᠨᠡᠪᠲᠡᠷᠡᠯ︾ ᠠᠶᠠᠯᠠᠯ ᠤᠨ ᠱᠤᠭᠤᠮ ᠨᠢ ᠨᠡᠶᠢᠲᠡ 2.8 ᠲᠦᠮᠡᠨ ᠡᠭᠡᠯᠵᠢ ᠶᠢᠨ ᠠᠶᠠᠨᠴᠢᠨ ᠤ ᠨᠢᠰᠬᠡᠯ  ᠤᠨ ᠨᠢᠰᠴᠦ ᠪᠠᠭᠤᠬᠤ ᠶᠢ ᠪᠠᠲᠤᠯᠠᠵᠤ᠂ 170.5 ᠲᠦᠮᠡᠨ ᠠᠶᠠᠨᠴᠢᠨ ᠵᠥᠭᠡᠭᠡᠪᠦᠷᠢᠯᠡᠵᠦ᠂ ᠪᠦᠭᠦ ᠪᠦᠯᠦᠭᠯᠡᠯ ᠤᠨ ᠠᠶᠠᠨᠴᠢᠨ ᠵᠥᠭᠡᠭᠡᠪᠦᠷᠢᠯᠡᠭᠰᠡᠨ ᠬᠡᠮᠵᠢᠶ᠎ᠡ ᠶᠢᠨ 14.3% ᠶᠢ ᠡᠵᠡᠯᠡᠪᠡ᠃      ᠣᠶᠢᠯᠠᠭᠠᠭᠰᠠᠨ ᠢᠶᠠᠷ᠂ ᠵᠣᠨ ᠤ ᠠᠮᠠᠷᠠᠯᠲᠠ ᠶᠢᠨ ᠵᠥᠭᠡᠭᠡᠪᠦᠷᠢ ᠶᠢᠨ ᠬᠤᠭᠤᠴᠠᠭᠠᠨ ᠳᠤ ᠡᠯ᠎ᠡ ᠨᠢᠰᠬᠡᠯ ᠤᠨ ᠪᠠᠭᠤᠳᠠᠯ ᠨᠢ ᠴᠥᠮ ᠠᠳᠠᠯᠢ ᠪᠤᠰᠤ ᠬᠡᠮᠵᠢᠶ᠎ᠡ ᠪᠠᠷ ᠠᠶᠠᠯᠠᠯ ᠤᠨ ᠱᠤᠭᠤᠮ ᠢᠶᠠᠨ ᠨᠢᠭᠲᠠᠷᠠᠭᠤᠯᠪᠠ᠃ ᠡᠭᠦᠨ ᠳᠤ ᠭᠦᠭᠡᠬᠤᠲᠠ ᠶᠢᠨ ᠨᠢᠰᠬᠡᠯ ᠤᠨ ᠪᠠᠭᠤᠳᠠᠯ ᠱᠠᠩᠬᠠᠢ᠂ ᠭᠤᠸᠠᠩᠵᠧᠦ᠂ ᠺᠦᠨᠮᠢᠩ᠂ ᠴᠧᠩᠳᠦ᠋᠂ ᠴᠦᠩᠴᠢᠩ ᠵᠡᠷᠭᠡ 17 ᠬᠤᠲᠠ ᠬᠦᠷᠬᠦ ᠡᠭᠡᠯᠵᠢ ᠶᠢᠨ ᠨᠢᠰᠬᠡᠯ ᠤᠨ ᠲᠤᠭ᠎ᠠ ᠶᠢ ᠭᠤᠣᠯᠳᠠᠯᠭ᠎ᠠ ᠲᠠᠢ ᠰᠢᠯᠢᠳᠡᠭᠵᠢᠭᠦᠯᠵᠦ᠂︽ᠭᠦᠭᠡᠬᠤᠲᠠ ᠰᠠᠯᠪᠤᠷᠢ ᠱᠤᠭᠤᠮ︾ ᠤᠨ ᠡᠭᠡᠯᠵᠢ ᠶᠢᠨ ᠨᠢᠰᠬᠡᠯ ᠤᠨ ᠲᠤᠭ᠎ᠠ ᠶᠢ ᠨᠡᠮᠡᠭᠳᠡᠭᠦᠯᠬᠦ ᠪᠠᠷ ᠲᠥᠯᠥᠪᠯᠡᠵᠦ ᠪᠤᠶ᠃ ᠡᠭᠦᠨ ᠤ ᠬᠠᠮᠲᠤ ᠵᠠᠬ᠎ᠠ ᠳᠡᠯᠭᠡᠭᠦᠷ ᠤᠨ ᠬᠡᠷᠡᠭᠴᠡᠭᠡ ᠶᠢ ᠦᠨᠳᠦᠰᠦᠯᠡᠨ ᠰᠧᠦ᠋ᠯ ᠳᠤ ᠬᠦᠷᠬᠦ ᠠᠶᠠᠯᠠᠯ ᠤᠨ ᠱᠤᠭᠤᠮ ᠢ ᠨᠠᠪᠲᠠᠷᠡᠭᠦᠯᠵᠦ᠂ ᠪᠠᠩᠺᠤᠺ᠂ ᠶᠠ ᠵᠤᠸᠠᠩ ᠵᠡᠷᠭᠡ ᠣᠯᠠᠨ ᠤᠯᠤᠰ ᠤᠨ ᠭᠠᠵᠠᠷ ᠣᠷᠣᠨ ᠤ ᠠᠶᠠᠯᠠᠯ ᠤᠨ ᠱᠤᠭᠤᠮ ᠢ ᠰᠡᠷᠭᠦᠭᠡᠨ᠂ ᠣᠷᠣᠨ ᠤ ᠳᠣᠲᠣᠨ᠎ᠠ ᠭᠠᠳᠠᠨᠠᠬᠢ ᠠᠶᠠᠨᠴᠢᠳ ᠤᠨ ᠶᠠᠪᠤᠵᠤ ᠰᠠᠭᠤᠬᠤ ᠬᠡᠷᠡᠭᠴᠡᠭᠡ ᠶᠢ ᠨᠠᠩ ᠰᠠᠶᠢᠨ ᠬᠠᠩᠭᠠᠬᠤ ᠪᠤᠯᠤᠨ᠎ᠠ; ᠪᠤᠭᠤᠲᠤ ᠶᠢᠨ ᠨᠢᠰᠬᠡᠯ ᠤᠨ ᠪᠠᠭᠤᠳᠠᠯ ᠪᠤᠭᠤᠲᠤ - ᠶᠠᠨ ᠲᠠᠢ ᠬᠦᠷᠬᠦ ᠡᠭᠡᠯᠵᠢ ᠶᠢᠨ ᠨᠢᠰᠬᠡᠯ  ᠢ ᠨᠡᠮᠡᠵᠦ᠂ ᠬᠠᠶᠢᠯᠠᠷ ᠤᠨ ᠨᠢᠰᠬᠡᠯ ᠤᠨ ᠪᠠᠭᠤᠳᠠᠯ ᠬᠠᠩᠵᠧᠦ - ᠴᠢᠩᠳᠣᠣ - ᠬᠥᠯᠥᠨ ᠪᠤᠶᠢᠷ᠂ ᠴᠧᠩᠳᠦ᠋ - ᠬᠥᠯᠥᠨ ᠪᠤᠶᠢᠷ ᠬᠦᠷᠬᠦ ᠠᠶᠠᠯᠠᠯ ᠤᠨ ᠱᠤᠭᠤᠮ ᠢ ᠨᠡᠮᠡᠵᠦ᠂ ᠤᠯᠠᠭᠠᠨᠬᠠᠳᠠ ᠶᠢᠨ ᠨᠢᠰᠬᠡᠯ ᠤᠨ ᠪᠠᠭᠤᠳᠠᠯ ᠤᠯᠠᠭᠠᠨᠬᠠᠳᠠ - ᠭᠦᠭᠡᠬᠤᠲᠠ - ᠵᠢᠢ ᠨᠠᠨ᠂ ᠤᠯᠠᠭᠠᠨᠬᠠᠳᠠ - ᠭᠦᠭᠡᠬᠤᠲᠠ - ᠴᠧᠩᠳᠦ᠋ ᠬᠦᠷᠬᠦ ᠠᠶᠠᠯᠠᠯ ᠤᠨ ᠱᠤᠭᠤᠮ ᠢ ᠨᠡᠮᠡᠪᠡ᠃ ︽ᠰᠠᠯᠪᠤᠷᠢ ᠱᠤᠭᠤᠮ ᠤᠨ ᠨᠡᠪᠲᠡᠷᠡᠯ︾ ᠤᠨ ᠲᠠᠯ᠎ᠠ ᠪᠠᠷ᠂ ᠥᠪᠥᠷ ᠮᠣᠩᠭᠤᠯ ᠤᠨ ᠨᠢᠰᠬᠡᠯ ᠤᠨ ᠪᠠᠭᠤᠳᠠᠯ ᠤᠨ ᠪᠦᠯᠦᠭᠯᠡᠯ  ᠨᠢ ᠣᠷᠣᠨ ᠤ ᠳᠣᠲᠣᠷᠠᠬᠢ ᠨᠢᠰᠬᠡᠯ ᠤᠨ ᠪᠠᠭᠤᠳᠠᠯ ᠤᠨ ᠬᠤᠭᠤᠷᠣᠨᠳᠣᠭᠢ ᠠᠶᠠᠯᠠᠯ ᠤᠨ ᠱᠤᠭᠤᠮ ᠤᠨ ᠲᠣᠣᠷ ᠤᠨ ᠪᠠᠶᠢᠷᠢᠰᠢᠯ ᠢ ᠦᠷᠭᠦᠯᠵᠢᠯᠡᠨ ᠰᠢᠯᠢᠳᠡᠭᠵᠢᠭᠦᠯᠵᠦ᠂ ᠷᠠᠰᠢᠶᠠᠨ ᠤ ᠠᠩᠬᠠᠳᠠᠭᠴᠢ ︽ᠰᠠᠯᠪᠤᠷᠢ ᠱᠤᠭᠤᠮ ᠤᠨ ᠨᠡᠪᠲᠡᠷᠡᠯ︾ ᠠᠶᠠᠯᠠᠯ ᠤᠨ ᠱᠤᠭᠤᠮ ᠢ ᠨᠡᠪᠲᠡᠷᠡᠭᠦᠯᠦᠨ ᠦᠬᠠᠢ ᠪᠣᠯᠣᠨ ᠷᠠᠰᠢᠶᠠᠨ ᠢ ᠬᠤᠯᠪᠣᠭᠰᠠᠨ ᠪᠥᠭᠡᠳ ᠤᠯᠤᠰ ᠤᠨ ᠳᠣᠲᠣᠭᠠᠳᠤ ᠶᠢᠨ ᠬᠠᠮᠤᠭ ᠤᠨ ᠣᠷᠳᠣ ︽ᠰᠠᠯᠪᠤᠷᠢ ᠱᠤᠭᠤᠮ ᠤᠨ ᠨᠡᠪᠲᠡᠷᠡᠯ︾ ᠠᠯᠠᠱᠠ ᠵᠡᠭᠦᠨ ᠬᠤᠰᠢᠭᠤ - ᠪᠤᠭᠤᠲᠤ - ᠬᠥᠯᠥᠨ ᠪᠤᠶᠢᠷ ᠬᠦᠷᠬᠦ ᠠᠶᠠᠯᠠᠯ ᠤᠨ ᠱᠤᠭᠤᠮ ᠢ ᠨᠡᠪᠲᠡᠷᠡᠭᠦᠯᠪᠡ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号