ᠥᠪᠥᠷ ᠮᠣᠩᠭᠤᠯ ᠤᠨ ᠠᠩᠬᠠᠳᠠᠭᠴᠢ ︽ᠬᠠᠶᠢᠷ᠎ᠠ ᠬᠠᠯᠠᠮᠵᠢᠲᠤ ᠭᠡᠷ ᠪᠦᠯᠢ︾ ᠶᠢᠨ ᠲᠦᠷᠦᠯ ᠵᠦᠢᠯ ᠡᠬᠢᠯᠡᠪᠡ
ᠨᠡᠶᠢᠲᠡᠯᠡᠭᠰᠡᠨ ᠴᠠᠭ᠄
2024/7/8
     ᠥᠪᠥᠷ ᠮᠣᠩᠭᠤᠯ ᠤᠨ ᠠᠩᠬᠠᠳᠠᠭᠴᠢ ︽ᠬᠠᠶᠢᠷ᠎ᠠ ᠬᠠᠯᠠᠮᠵᠢᠲᠤ ᠭᠡᠷ ᠪᠦᠯᠢ︾ - ︽ᠰᠢᠶᠠᠩᠭᠠᠩ ᠣᠷᠣᠨ ᠤ ᠥᠪᠥᠷ ᠮᠣᠩᠭᠤᠯ ᠤᠨ ᠤᠯᠤᠰ ᠲᠥᠷᠥ ᠶᠢᠨ ᠵᠥᠪᠯᠡᠯᠭᠡᠨ ᠤ ᠭᠡᠰᠢᠭᠦᠨ - ᠭᠦᠭᠡᠬᠤᠲᠠ ᠶᠢᠨ ᠬᠠᠶᠢᠷ᠎ᠠ ᠬᠠᠯᠠᠮᠵᠢᠲᠤ ᠭᠡᠷ ᠪᠦᠯᠢ︾ ᠶᠢᠨ ᠲᠦᠷᠦᠯ ᠵᠦᠢᠯ ᠣᠶᠢᠷ᠎ᠠ ᠳᠤ ᠵᠢᠩᠬᠢᠨᠢ ᠪᠠᠷ ᠡᠬᠢᠯᠡᠪᠡ᠃ ︽ᠰᠢᠶᠠᠩᠭᠠᠩ ᠣᠷᠣᠨ ᠤ ᠥᠪᠥᠷ ᠮᠣᠩᠭᠤᠯ ᠤᠨ ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ - ᠭᠦᠭᠡᠬᠤᠲᠠ ᠶᠢᠨ ᠬᠠᠶᠢᠷ᠎ᠠ ᠬᠠᠯᠠᠮᠵᠢᠲᠤ ᠭᠡᠷ ᠪᠦᠯᠢ︾ ᠶᠢ ᠤᠯᠤᠰ ᠲᠦᠷᠦ ᠶᠢᠨ ᠵᠥᠪᠯᠡᠯᠭᠡᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠪᠠᠨ ᠭᠤᠷᠪᠠᠳᠤᠭᠠᠷ ᠬᠤᠭᠤᠴᠠᠭᠠᠨ ᠤ ᠬᠤᠷᠢᠶ᠎ᠠ ᠶᠢᠨ ᠪᠠᠶᠢᠩᠭᠤ ᠶᠢᠨ ᠭᠡᠰᠢᠭᠦᠨ ᠴᠢᠦᠢ ᠵᠢᠶᠠᠨ ᠯᠢ ᠡᠭᠦᠰᠬᠡᠨ ᠪᠠᠶᠢᠭᠤᠯᠵᠤ᠂ ᠰᠢᠶᠠᠩᠭᠠᠩ ᠳᠤ ᠰᠠᠭᠤᠭ᠎ᠠ ᠥᠪᠡᠷᠲᠡᠭᠡᠨ ᠵᠠᠰᠠᠬᠤ ᠣᠷᠣᠨ ᠤ ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ ᠬᠠᠮᠲᠤ  ᠪᠠᠷ ᠳᠡᠮᠵᠢᠯᠭᠡ ᠦᠵᠡᠭᠦᠯᠵᠦ᠂ ᠲᠦᠩ ᠰᠢᠨ ᠶᠤᠸᠠᠨ ᠰᠠᠭᠤᠷᠢ ᠮᠥᠩᠭᠦᠨ ᠤ ᠨᠡᠶᠢᠭᠡᠮᠯᠢᠭ ᠪᠣᠯᠣᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠡᠮᠨᠡᠯᠭᠡ ᠶᠢᠨ ᠬᠤᠷᠢᠶ᠎ᠠ ᠳᠤ ᠨᠠᠶᠢᠳᠠᠵᠤ ᠬᠠᠮᠲᠤ ᠪᠠᠷ ᠡᠵᠡᠩᠨᠡᠬᠦ ᠪᠣᠯᠣᠨ᠎ᠠ᠃      ︽ᠬᠠᠶᠢᠷ᠎ᠠ ᠬᠠᠯᠠᠮᠵᠢᠲᠤ ᠭᠡᠷ ᠪᠦᠯᠢ︾ ᠨᠢ ᠨᠢᠭᠡᠨᠲᠡ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠡᠮᠨᠡᠯᠭᠡ ᠶᠢᠨ ᠬᠤᠷᠢᠶ᠎ᠠ ᠲᠠᠢ ᠭᠡᠷ᠎ᠡ ᠲᠣᠭᠲᠠᠵᠤ᠂ ᠲᠣᠰ ᠡᠮᠨᠡᠯᠭᠡ ᠶᠢᠨ ᠬᠤᠷᠢᠶ᠎ᠠ ᠶᠢᠨ ᠡᠮᠨᠡᠭᠦᠯᠭᠦ ᠳᠤ ᠬᠠᠷᠢᠴᠠᠩᠭᠤᠢ ᠬᠦᠴᠢᠷᠳᠡᠯᠲᠡᠢ ᠬᠦᠨᠳᠦ ᠡᠪᠡᠳᠴᠢᠲᠡᠨ ᠤ ᠭᠡᠷ ᠪᠦᠯᠢ ︵ᠴᠢᠰᠤᠨ ᠤ ᠡᠪᠡᠳᠴᠢᠲᠡᠨ ᠲᠠᠢ ᠭᠡᠷ ᠪᠦᠯᠢ ᠶᠢ ᠤᠷᠢᠳ ᠢᠶᠠᠷ  ᠪᠣᠳᠣᠯᠬᠢᠯᠠᠨ᠎ᠠ︶ ᠳᠤ ᠰᠦᠢᠳᠬᠡᠯ ᠬᠤᠷᠢᠶᠠᠬᠤ ᠦᠭᠡᠢ ᠪᠠᠷ ᠬᠤᠨᠣᠭᠯᠠᠬᠤ᠂ ᠬᠤᠭᠤᠯᠠ ᠬᠢᠵᠦ ᠬᠤᠪᠴᠠᠰᠤ ᠤᠬᠢᠶᠠᠬᠤ ᠵᠡᠷᠭᠡ ᠠᠮᠢᠳᠤᠷᠠᠯ ᠤᠨ ᠦᠢᠯᠡᠴᠢᠯᠡᠭᠡ ᠪᠠ ᠡᠪᠡᠳᠴᠢᠲᠡᠨ ᠳᠤ ᠬᠠᠨᠢ ᠪᠤᠯᠬᠤ ᠬᠠᠯᠠᠮᠵᠢ ᠬᠠᠩᠭᠠᠨ᠎ᠠ᠃ ︽ᠴᠢᠰᠤᠨ ᠤ ᠡᠪᠡᠳᠴᠢᠨ ᠲᠠᠢ ᠬᠡᠦᠬᠡᠳ ᠤᠨ ᠡᠮᠨᠡᠨ ᠵᠠᠰᠠᠬᠤ ᠴᠠᠭ ᠨᠢ ᠣᠷᠳᠣ᠂ ᠡᠮᠴᠢᠯᠡᠭᠡᠨ ᠤ ᠵᠠᠷᠤᠳᠠᠯ  ᠨᠢ ᠥᠨᠳᠥᠷ᠂ ᠬᠡᠦᠬᠡᠳ ᠤᠳ ᠪᠠᠺᠲ᠋ᠧᠷᠢ ᠦᠭᠡᠢ ᠬᠤᠭᠤᠯᠠ ᠢᠳᠡᠬᠦ ᠪᠥᠭᠡᠳ ᠪᠠᠰᠠ ᠰᠢᠮ᠎ᠡ ᠲᠡᠵᠢᠭᠡᠯ ᠲᠠᠢ ᠬᠤᠭᠤᠯᠠ ᠢᠳᠡᠬᠦ ᠴᠢᠬᠤᠯᠠᠲᠠᠢ᠂ ᠡᠶᠢᠮᠦ ᠠᠴᠠ ᠬᠡᠦᠬᠡᠳ ᠤᠳ ᠲᠤ ᠬᠤᠭᠤᠯᠠ ᠬᠢᠵᠦ ᠥᠭᠬᠦ ᠵᠡᠷᠭᠡ ᠠᠰᠠᠭᠤᠳᠠᠯ ᠢ ᠰᠢᠢᠳᠪᠦᠷᠢᠯᠡᠬᠦ ᠳᠤ ᠨᠡᠯᠢᠶᠡᠳ ᠬᠦᠴᠢᠷ ᠪᠠᠶᠢᠵᠤ᠂ ᠮᠠᠰᠢ ᠣᠯᠠᠨ ᠭᠡᠷ ᠤᠨ ᠠᠬᠠᠮᠠᠳ ᠤᠨ ᠠᠵᠤ ᠠᠬᠤᠢ ᠶᠢᠨ ᠳᠠᠷᠤᠭᠠᠰᠤ ᠶᠢ ᠬᠦᠨᠳᠦᠷᠡᠭᠦᠯᠵᠦ᠂ ᠪᠡᠶ᠎ᠡ ᠰᠡᠳᠬᠢᠯ ᠢ ᠰᠢᠨᠠᠯᠭᠠᠵᠤ ᠪᠠᠶᠢᠳᠠᠭ᠃ ︿ᠬᠠᠶᠢᠷ᠎ᠠ ᠬᠠᠯᠠᠮᠵᠢᠲᠤ ᠭᠡᠷ ᠪᠦᠯᠢ﹀ ᠨᠢ ᠡᠮᠨᠡᠯᠭᠡ ᠠᠴᠠ ᠮᠠᠰᠢ ᠣᠶᠢᠷᠠᠬᠠᠨ ᠪᠠᠶᠢᠵᠤ᠂ ᠴᠢᠰᠤᠨ ᠤ ᠡᠪᠡᠳᠴᠢᠨ ᠪᠠ ᠬᠠᠪᠤᠳᠠᠷ ᠲᠤ ᠨᠡᠷᠪᠡᠭᠳᠡᠭᠰᠡᠨ ᠬᠡᠦᠬᠡᠳ ᠵᠢᠴᠢ ᠭᠡᠷ ᠪᠦᠯᠢ ᠳᠤ ᠮᠠᠰᠢ ᠲᠥᠭᠦᠮ ᠨᠥᠬᠦᠴᠡᠯ ᠦᠵᠡᠭᠦᠯᠭᠦ ᠪᠣᠯᠣᠨ᠎ᠠ︾ ᠭᠡᠵᠦ ᠥᠪᠡᠷᠲᠡᠭᠡᠨ ᠵᠠᠰᠠᠬᠤ ᠣᠷᠣᠨ ᠤ ᠠᠷᠠᠳ ᠤᠨ ᠡᠮᠨᠡᠯᠭᠡ ᠶᠢᠨ ᠬᠤᠷᠢᠶ᠎ᠠ ᠶᠢᠨ ᠬᠡᠦᠬᠡᠳ ᠤᠨ ᠴᠢᠰᠤᠨ ᠤ ᠰᠠᠯᠠᠭ᠎ᠠ ᠶᠢᠨ ᠡᠷᠭᠢᠯᠡᠭᠴᠢ ᠸᠠᠩ ᠰᠢᠶᠠᠩ ᠸᠧᠨ ᠲᠠᠨᠢᠯᠴᠠᠭᠤᠯᠪᠠ᠃      ᠣᠶᠢᠯᠠᠭᠠᠭᠰᠠᠨ ᠢᠶᠠᠷ᠂ ︽ᠬᠠᠶᠢᠷ᠎ᠠ ᠬᠠᠯᠠᠮᠵᠢᠲᠤ ᠭᠡᠷ ᠪᠦᠯᠢ︾ ᠶᠢᠨ ᠲᠥᠷᠥᠯ ᠵᠦᠢᠯ ᠢ 2017 ᠣᠨ ᠤ 11 ᠰᠠᠷ᠎ᠠ ᠶᠢᠨ 1 ᠤ ᠡᠳᠦᠷ ᠪᠡᠭᠡᠵᠢᠩ ᠤᠨ ᠬᠡᠦᠬᠡᠳ ᠤᠨ ᠡᠮᠨᠡᠯᠭᠡ ᠶᠢᠨ ᠬᠤᠷᠢᠶ᠎ᠠ ᠳᠤ ᠵᠢᠩᠬᠢᠨᠢ ᠪᠠᠷ ᠡᠬᠢᠯᠡᠭᠦᠯᠵᠦ᠂ ᠲᠥᠷᠥᠯ ᠵᠦᠢᠯ ᠨᠢ ᠭᠤᠣᠯᠳᠠᠭᠤ ᠴᠢᠰᠤᠨ ᠤ ᠡᠪᠡᠳᠴᠢᠨ᠂ ᠬᠤᠣᠷᠲᠤ ᠬᠠᠪᠤᠳᠠᠷ᠂ ᠵᠢᠷᠦᠬᠡᠨ ᠡᠪᠡᠳᠴᠢᠨ ᠵᠡᠷᠭᠡ ᠬᠦᠨᠳᠦ ᠡᠪᠡᠳᠴᠢᠲᠡᠨ ᠤ ᠭᠡᠷ ᠪᠦᠯᠢ ᠳᠤ ᠦᠢᠯᠡᠴᠢᠯᠡᠵᠦ᠂ ᠣᠨᠳᠣᠣ ᠭᠠᠵᠠᠷ ᠲᠤ ᠡᠮᠴᠢᠯᠡᠵᠦ ᠪᠠᠶᠢᠭ᠎ᠠ ᠡᠪᠡᠳᠴᠢᠲᠡᠨ ᠤ ᠭᠡᠷ ᠪᠦᠯᠢ ᠳᠤ ᠦᠢᠯᠡᠴᠢᠯᠡᠭᠡ ᠬᠠᠩᠭᠠᠨ᠎ᠠ᠃ ᠲᠣᠰ ᠲᠥᠷᠥᠯ ᠵᠦᠢᠯ ᠨᠢ ᠨᠢᠭᠡᠨᠲᠡ ᠪᠡᠭᠡᠵᠢᠩ᠂ ᠱᠠᠩᠬᠠᠢ᠂ ᠦᠬᠠᠨ ᠵᠡᠷᠭᠡ ᠪᠦᠭᠦ ᠤᠯᠤᠰ ᠤᠨ 16 ᠬᠤᠲᠠ ᠶᠢᠨ 32 ᠣᠷᠣᠨ ᠪᠦᠰᠡ ᠳᠤ ᠦᠢᠯᠡᠴᠢᠯᠡᠭᠡ ᠥᠷᠨᠢᠭᠦᠯᠵᠦ᠂ ᠣᠳᠣᠬᠠᠨ ᠳᠤ ᠡᠳᠦᠷ ᠪᠦᠷᠢ 136 ᠭᠡᠷ ᠪᠦᠯᠢ ᠳᠤ ᠵᠡᠷᠭᠡ ᠳᠤᠨᠢ ᠦᠢᠯᠡᠴᠢᠯᠡᠭᠡ ᠬᠠᠩᠭᠠᠵᠤ ᠳᠡᠶᠢᠯᠭᠦ ᠪᠣᠯᠵᠠᠢ᠃ 2023 ᠣᠨ ᠤ 12 ᠰᠠᠷ᠎ᠠ ᠶᠢᠨ 31 ᠤ ᠡᠳᠦᠷ ᠪᠤᠯᠲᠠᠯ᠎ᠠ᠂ ᠡᠪᠡᠳᠴᠢᠨ ᠲᠠᠢ ᠬᠡᠦᠬᠡᠳ ᠢ ᠨᠡᠶᠢᠲᠡ 6700 ᠭᠥᠯᠢᠶᠡᠨ ᠠᠪᠴᠤ᠂ ᠭᠥᠯᠢᠶᠡᠨ ᠠᠪᠤᠭᠰᠠᠨ ᠬᠥᠮᠥᠨ ᠤ ᠲᠤᠭ᠎ᠠ 16292 ᠬᠥᠮᠥᠨ ᠤᠳᠠᠭ᠎ᠠ ᠳᠤ ᠬᠦᠷᠴᠡᠢ᠃ ︽ᠰᠢᠶᠠᠩᠭᠠᠩ ᠣᠷᠣᠨ ᠤ ᠥᠪᠥᠷ ᠮᠣᠩᠭᠤᠯ ᠤᠨ ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ - ᠭᠦᠭᠡᠬᠤᠲᠠ ᠶᠢᠨ ᠬᠠᠶᠢᠷ᠎ᠠ ᠬᠠᠯᠠᠮᠵᠢᠲᠤ ᠭᠡᠷ ᠪᠦᠯᠢ︾ ᠪᠣᠯ ᠪᠦᠭᠦ ᠤᠯᠤᠰ ᠤᠨ ᠭᠤᠴᠢᠨ ᠨᠠᠢᠮᠠᠳᠠᠭᠢ ᠬᠠᠶᠢᠷ᠎ᠠ ᠬᠠᠯᠠᠮᠵᠢᠲᠤ ᠭᠡᠷ ᠪᠦᠯᠢ ᠪᠤᠯᠬᠤ ᠪᠥᠭᠡᠳ ᠥᠪᠥᠷ ᠮᠣᠩᠭᠤᠯ ᠤᠨ ᠠᠩᠬᠠᠳᠠᠭᠴᠢ ︽ᠬᠠᠶᠢᠷ᠎ᠠ ᠬᠠᠯᠠᠮᠵᠢᠲᠤ ᠭᠡᠷ ᠪᠦᠯᠢ︾ ᠪᠣᠯᠣᠨ᠎ᠠ᠃ ᠤᠳᠠᠭ᠎ᠠ ᠪᠦᠷᠢ 3 ᠭᠡᠷ ᠪᠦᠯᠢ ᠳᠤ ᠵᠡᠷᠭᠡ ᠪᠠᠷ ᠦᠢᠯᠡᠴᠢᠯᠡᠭᠡ ᠬᠠᠩᠭᠠᠵᠤ᠂ ᠵᠢᠯ ᠳᠤ 300 ᠬᠦᠨᠳᠦ ᠡᠪᠡᠳᠴᠢᠲᠡᠨ ᠳᠤ ᠦᠢᠯᠡᠴᠢᠯᠡᠬᠦ ᠪᠠᠷ ᠲᠥᠯᠥᠪᠯᠡᠵᠦ ᠪᠤᠢ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号