ᠮᠠᠨ ᠤ ᠣᠷᠣᠨ ᠵᠡᠮᠳᠡᠭᠴᠦᠳ ᠤᠨ ︽ᠬᠤᠶᠠᠷ ᠵᠦᠢᠯ ᠤᠨ ᠨᠥᠬᠦᠪᠦᠷᠢ︾ ᠶᠢᠨ ᠪᠠᠷᠢᠮᠵᠢᠶ᠎ᠠ ᠶᠢ ᠳᠡᠭᠡᠭᠰᠢᠯᠡᠭᠦᠯᠭᠦ ᠪᠡᠯᠡ ᠮᠥᠩᠭᠦ ᠶᠢ 6346 ᠲᠦᠮᠡᠨ ᠲᠥᠭᠦᠷᠢᠭ ᠪᠠᠭᠤᠯᠭᠠᠪᠠ
ᠨᠡᠶᠢᠲᠡᠯᠡᠭᠰᠡᠨ ᠴᠠᠭ᠄
2024/8/23
     ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠲᠢᠩᠬᠢᠮ ᠠᠴᠠ ᠣᠶᠢᠯᠠᠭᠠᠭᠰᠠᠨ ᠢᠶᠠᠷ᠂ ᠣᠳᠣᠬᠠᠨ ᠳᠤ ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠡᠳ᠋ ᠤᠨ ᠵᠠᠰᠠᠭ ᠠᠴᠠ ᠵᠡᠮᠳᠡᠭᠴᠦᠳ ᠤᠨ ︽ᠬᠤᠶᠠᠷ ᠵᠦᠢᠯ ᠤᠨ ᠨᠥᠬᠦᠪᠦᠷᠢ︾ ᠶᠢᠨ ᠪᠠᠷᠢᠮᠵᠢᠶ᠎ᠠ ᠶᠢ ᠳᠡᠭᠡᠭᠰᠢᠯᠡᠭᠦᠯᠭᠦ 6346 ᠲᠦᠮᠡᠨ ᠲᠥᠭᠦᠷᠢᠭ ᠤᠨ ᠪᠡᠯᠡ ᠮᠥᠩᠭᠦ ᠶᠢ ᠨᠢᠭᠡᠨᠲᠡ ᠪᠠᠭᠤᠯᠭᠠᠭᠰᠠᠨ ᠪᠠᠶᠢᠨ᠎ᠠ᠃      ᠬᠦᠴᠢᠷᠳᠡᠯᠲᠡᠢ ᠵᠡᠮᠳᠡᠭᠴᠦᠳ ᠪᠣᠯᠣᠨ ᠬᠦᠨᠳᠦ ᠵᠡᠮᠳᠡᠭᠴᠦᠳ ᠤᠨ ᠦᠨᠳᠦᠰᠦᠨ ᠠᠮᠢᠳᠤᠷᠠᠯ ᠢ ᠨᠡᠩ ᠰᠠᠶᠢᠨ ᠪᠠᠲᠤᠯᠠᠬᠤ ᠶᠢᠨ ᠲᠥᠯᠥᠭᠡ᠂ ᠠᠷᠠᠳ ᠤᠨ ᠶᠠᠪᠤᠳᠠᠯ ᠤᠨ ᠶᠠᠮᠤᠨ᠂ ᠡᠳ᠋ ᠤᠨ ᠵᠠᠰᠠᠭ ᠤᠨ ᠶᠠᠮᠤᠨ᠂ ᠳᠤᠮᠳᠠᠳᠤ ᠤᠯᠤᠰ ᠤᠨ ᠵᠡᠮᠳᠡᠭᠴᠦᠳ ᠤᠨ ᠬᠤᠯᠪᠤᠭ᠎ᠠ ᠶᠢᠨ ︽ᠬᠦᠴᠢᠷᠳᠡᠯᠲᠡᠢ ᠵᠡᠮᠳᠡᠭᠴᠦᠳ ᠤᠨ ᠠᠮᠢᠳᠤᠷᠠᠯ ᠤᠨ ᠨᠥᠬᠦᠪᠦᠷᠢ ᠪᠠ ᠬᠦᠨᠳᠦ ᠵᠡᠮᠳᠡᠭᠴᠦᠳ ᠤᠨ ᠰᠤᠪᠢᠯᠠᠯᠲᠠ ᠶᠢᠨ ᠨᠥᠬᠦᠪᠦᠷᠢ ᠶᠢᠨ ᠪᠠᠷᠢᠮᠵᠢᠶ᠎ᠠ ᠶᠢ ᠬᠥᠳᠡᠯᠦᠩᠭᠦᠢ ᠪᠠᠷ ᠲᠣᠬᠢᠷᠠᠭᠤᠯᠬᠤ ᠲᠣᠭᠲᠠᠴᠠ ᠶᠢ ᠪᠠᠶᠢᠭᠤᠯᠬᠤ ᠲᠤᠬᠠᠢ ᠵᠢᠯᠤᠭᠤᠳᠬᠤ ᠰᠠᠨᠠᠯ︾ ᠢ ᠦᠨᠳᠦᠰᠦᠯᠡᠵᠦ᠂ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠵᠥᠪᠰᠢᠶᠡᠷᠡᠯ ᠢᠶᠠᠷ᠂ 2024 ᠣᠨ ᠳᠤ᠂ ᠵᠡᠮᠳᠡᠭᠴᠦᠳ ᠤᠨ ︽ᠬᠤᠶᠠᠷ ᠵᠦᠢᠯ ᠤᠨ ᠨᠥᠬᠦᠪᠦᠷᠢ︾ ᠶᠢᠨ ᠥᠪᠡᠷᠲᠡᠭᠡᠨ ᠵᠠᠰᠠᠬᠤ ᠣᠷᠣᠨ ᠤ ᠱᠠᠲᠤᠨ ᠤ ᠵᠢᠯᠤᠭᠤᠳᠬᠤ ᠪᠠᠷᠢᠮᠵᠢᠶ᠎ᠠ ᠶᠢ ᠬᠥᠮᠥᠨ ᠪᠦᠷᠢ ᠰᠠᠷ᠎ᠠ  ᠳᠤ125 ᠲᠥᠭᠦᠷᠢᠭ ᠪᠣᠯᠭᠠᠨ ᠲᠡᠭᠡᠭᠰᠢᠯᠡᠭᠦᠯᠵᠤ᠂ 2024 ᠣᠨ ᠤ 7 ᠰᠠᠷ᠎ᠠ ᠶᠢᠨ 1 ᠤ ᠡᠳᠦᠷ ᠠᠴᠠ ᠡᠬᠢᠯᠡᠨ ᠬᠡᠷᠡᠭᠵᠢᠭᠦᠯᠪᠡ᠃      ᠵᠡᠮᠳᠡᠭᠴᠦᠳ ᠤᠨ ︽ᠬᠤᠶᠠᠷ ᠵᠦᠢᠯ ᠤᠨ ᠨᠥᠬᠦᠪᠦᠷᠢ︾ ᠭᠡᠳᠡᠭ ᠨᠢ ᠬᠦᠴᠢᠷᠳᠡᠯᠲᠡᠢ ᠵᠡᠮᠳᠡᠭᠴᠦᠳ ᠤᠨ ᠠᠮᠢᠳᠤᠷᠠᠯ ᠤᠨ ᠨᠥᠬᠦᠪᠦᠷᠢ ᠪᠣᠯᠣᠨ ᠬᠦᠨᠳᠦ ᠵᠡᠮᠳᠡᠭᠴᠦᠳ ᠢ ᠰᠤᠪᠢᠯᠠᠬᠤ ᠨᠥᠬᠦᠪᠦᠷᠢ ᠶᠢ ᠵᠢᠭᠠᠵᠤ ᠪᠤᠶ᠃ ᠪᠦᠭᠦ ᠣᠷᠣᠨ ᠤ ᠵᠡᠮᠳᠡᠭᠴᠦᠳ ᠲᠤ ᠨᠥᠬᠦᠪᠦᠷᠢ ᠥᠭᠬᠦ ᠪᠠᠷᠢᠮᠵᠢᠶ᠎ᠠ ᠶᠢ ᠳᠡᠭᠡᠭᠰᠢᠯᠡᠭᠦᠯᠭᠦ ᠪᠣᠯ ᠠᠷᠠᠳ ᠤᠨ ᠠᠮᠢᠳᠤᠷᠠᠯ ᠢ ᠪᠠᠲᠤᠯᠠᠨ ᠰᠠᠶᠢᠵᠢᠷᠠᠭᠤᠯᠬᠤ ᠴᠢᠬᠤᠯᠠ ᠠᠷᠭ᠎ᠠ ᠬᠡᠮᠵᠢᠶ᠎ᠡ ᠪᠣᠯᠣᠨ᠎ᠠ᠃ ᠪᠦᠭᠦ ᠣᠷᠣᠨ ᠤ ᠡᠯ᠎ᠡ ᠱᠠᠲᠤᠨ ᠤ ᠡᠳ᠋ ᠤᠨ ᠵᠠᠰᠠᠭ ᠤᠨ ᠰᠠᠯᠠᠭ᠎ᠠ ᠮᠥᠴᠢᠷ ᠤᠳ ᠲᠣᠰ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠲᠤᠬᠠᠶᠢᠯᠠᠭᠰᠠᠨ ᠠᠵᠢᠯ ᠤᠨ ᠭᠤᠣᠯᠯᠠᠨ ᠬᠠᠮᠢᠶᠠᠷᠬᠤ ᠰᠠᠯᠠᠭ᠎ᠠ ᠮᠥᠴᠢᠷ ᠲᠠᠢ ᠢᠳᠡᠪᠬᠢᠲᠡᠢ ᠬᠠᠮᠵᠢᠯᠴᠠᠨ ᠬᠠᠮᠢᠶ᠎ᠠ ᠪᠦᠬᠦᠢ ᠪᠡᠯᠡ ᠮᠥᠩᠭᠦ ᠶᠢᠨ ᠪᠠᠲᠤᠯᠠᠭ᠎ᠠ ᠶᠢ ᠰᠠᠶᠢᠲᠤᠷ ᠨᠠᠶᠢᠳᠠᠪᠤᠷᠢᠵᠢᠭᠤᠯᠵᠤ ᠪᠠᠶᠢᠨ᠎ᠠ᠃ ᠨᠢᠭᠡ ᠲᠠᠯ᠎ᠠ ᠪᠠᠷ᠂ ᠡᠳ᠋ ᠤᠨ ᠵᠠᠰᠠᠭ ᠤᠨ ᠰᠠᠯᠠᠭ᠎ᠠ ᠮᠥᠴᠢᠷ ᠨᠢ ᠵᠡᠮᠳᠡᠭᠴᠦᠳ ᠤᠨ ︽ᠬᠤᠶᠠᠷ ᠵᠦᠢᠯ ᠤᠨ ᠨᠥᠬᠦᠪᠦᠷᠢ︾ ᠣᠯᠭᠤᠬᠤ ᠲᠠᠰ ᠳᠠᠷᠠᠭᠠᠯᠠᠯ ᠢ ᠵᠣᠯᠭᠠᠭᠤᠯᠬᠤ ᠶᠢ ᠴᠢᠩᠭᠠᠳᠬᠠᠵᠤ᠂ ᠨᠥᠬᠦᠪᠦᠷᠢ ᠪᠡᠯᠡ ᠮᠥᠩᠭᠦ ᠶᠢ ᠣᠷᠣᠨ ᠤ ᠳᠣᠲᠣᠷᠠᠬᠢ ᠨᠡᠶᠢᠭᠡᠮ ᠤᠨ ᠪᠠᠲᠤᠯᠠᠭ᠎ᠠ ᠶᠢᠨ ᠺᠠᠷᠲ ᠢᠶᠠᠷ ᠳᠠᠮᠵᠢᠭᠤᠯᠤᠨ ᠬᠥᠮᠥᠨ ᠳᠤᠨᠢ ᠤᠷᠢᠳ ᠢᠶᠠᠷ ᠣᠯᠭᠤᠬᠤ ᠶᠢ ᠪᠡᠶᠡᠯᠡᠭᠦᠯᠵᠦ ᠪᠠᠶᠢᠨ᠎ᠡ᠃ ᠨᠥᠭᠦᠭᠡ ᠲᠠᠯ᠎ᠠ ᠪᠠᠷ᠂ ᠡᠳ᠋ ᠤᠨ ᠵᠠᠰᠠᠭ ᠤᠨ ᠰᠠᠯᠠᠭ᠎ᠠ ᠮᠥᠴᠢᠷ ᠤᠳ ᠱᠠᠯᠠᠪᠳᠠᠭᠤᠯᠤᠨ ᠪᠠᠶᠢᠴᠠᠭᠠᠬᠤ ᠪᠠᠨ ᠴᠢᠩᠭᠠᠳᠬᠠᠵᠤ᠂ ᠪᠠᠷᠢᠮᠵᠢᠶ᠎ᠠ ᠶᠢ ᠳᠡᠭᠡᠭᠰᠢᠯᠡᠭᠦᠯᠦᠭᠰᠡᠨ ᠤ ᠳᠠᠷᠠᠭᠠᠬᠢ ᠵᠡᠮᠳᠡᠭᠴᠦᠳ ᠤᠨ ︽ᠬᠤᠶᠠᠷ ᠵᠦᠢᠯ ᠤᠨ ᠨᠥᠬᠦᠪᠦᠷᠢ︾ ᠶᠢᠨ ᠪᠡᠯᠡ ᠮᠥᠩᠭᠦ ᠶᠢ ᠴᠠᠭ ᠲᠤᠬᠠᠢ ᠳᠤᠨᠢ ᠲᠤᠭ᠎ᠠ ᠶᠣᠰᠣᠭᠠᠷ ᠭᠦᠢᠴᠡᠳ ᠣᠯᠭᠤᠬᠤ ᠶᠢ ᠪᠠᠲᠤᠯᠠᠵᠤ ᠪᠤᠢ᠃ 2024 ᠣᠨ ᠳᠤ᠂ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠠᠴᠠ ᠵᠡᠮᠳᠡᠭᠴᠦᠳ ᠤᠨ ︽ᠬᠤᠶᠠᠷ ᠵᠦᠢᠯ ᠤᠨ ᠨᠥᠬᠦᠪᠦᠷᠢ︾ ᠶᠢᠨ ᠪᠡᠯᠡ ᠮᠥᠩᠭᠦ ᠶᠢ ᠨᠡᠶᠢᠲᠡ 5.5 ᠳ᠋ᠦᠩᠰᠢᠭᠤᠷ ᠲᠥᠭᠦᠷᠢᠭ ᠲᠣᠬᠢᠷᠠᠭᠤᠯᠵᠤ᠂ ᠪᠠᠷᠤᠭ 65 ᠲᠦᠮᠡᠨ ᠵᠡᠮᠳᠡᠭᠴᠦᠳ ᠠᠰᠢᠭ ᠭᠦᠷᠳᠡᠭᠦ ᠪᠣᠯᠣᠨ᠎ᠠ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号