ᠶᠢᠰᠦᠳᠦᠭᠡᠷ ᠰᠠᠷ᠎ᠠ
ᠨᠡᠶᠢᠲᠡᠯᠡᠭᠰᠡᠨ ᠴᠠᠭ᠄
2024/9/4
ᠲᠥᠭᠡᠨᠡᠳᠡᠭ ᠨᠠᠷᠠᠨ ᠤ ᠳᠣᠣᠭᠤᠷ ᠲᠡᠮᠡᠭᠡ ᠴᠠᠭᠠᠨ ᠡᠭᠦᠯᠡᠰ ᠨᠡᠭᠦᠵᠦᠲᠡᠩᠴᠡᠭᠰᠡᠨ ᠬᠠᠯᠠᠭᠤᠨ ᠰᠡᠷᠢᠭᠦᠨ ᠠᠮᠢᠰᠬᠤᠭ᠎ᠠ ᠡᠳᠦᠷ ᠤᠨ ᠵᠢᠷᠤᠬᠠᠢ ᠲᠠᠲᠠᠨ᠎ᠠᠲᠣᠭᠤᠷᠤᠤ ᠶᠢᠨ ᠲᠠᠭᠤ ᠲᠡᠭᠷᠢ ᠭᠤᠣᠯ ᠢ ᠤᠶᠠᠷᠠᠭᠤᠯᠤᠨ ᠪᠣᠷᠣᠭᠠᠨ ᠪᠤᠯᠭᠠᠵᠦ ᠵᠦᠰᠡᠷᠡᠭᠦᠯᠦᠭᠡᠳᠳᠡᠩᠳᠡᠭᠦᠦ ᠬᠠᠲᠠᠭᠤ ᠣᠷᠴᠢᠯᠠᠩ ᠤᠨ ᠥᠩᠭᠡ ᠶᠢ ᠡᠪᠡᠰᠦᠨ ᠨᠠᠮᠠᠭᠠᠨ ᠳᠡᠭᠡᠷ᠎ᠡ ᠵᠥᠭᠡᠯᠡᠯᠡᠨ᠎ᠡᠰᠢᠨ᠎ᠡ ᠰᠠᠷ᠎ᠠ ᠶᠢ ᠬᠥᠭᠵᠢᠮᠳᠡᠨ ᠪᠠᠭ᠎ᠠ ᠶᠢᠨ ᠮᠥᠷ ᠰᠤᠷᠭᠠᠭᠤᠯᠢ ᠴᠢᠭᠯᠡᠵᠦ ᠣᠲᠣᠭᠠᠳᠰᠢᠯᠦᠭ ᠤᠨ ᠳᠤᠮᠳᠠ ᠵᠠᠯᠠᠭᠤ ᠨᠠᠰᠤ ᠮᠥᠷᠥᠭᠡᠳᠦᠯ ᠤᠨ ᠰᠠᠷᠠ ᠶᠢ ᠵᠢᠷᠤᠭᠯᠠᠨ᠎ᠠᠱᠠᠭᠠᠵᠠᠩ ᠲᠠᠢ ᠡᠬᠡᠭᠦᠨ ᠴᠠᠢ ᠳᠤ ᠢᠳᠡᠷ ᠨᠠᠰᠤ ᠨᠠᠮᠤᠷᠰᠢᠨ ᠬᠠᠯᠭᠢᠯᠠᠭᠠᠳᠰᠢᠷᠭᠠᠯ ᠬᠠᠯᠢᠭᠤᠨ ᠳᠤᠷᠠᠳᠬᠠᠯ ᠤᠨ ᠬᠠᠭᠤᠳᠠᠰᠤ ᠬᠤᠩᠭᠤᠷ ᠰᠠᠯᠬᠢᠨ ᠳᠤ ᠣᠷᠪᠠᠭᠤᠯᠣᠬᠲᠠᠨ᠎ᠠᠬᠤᠯᠠ ᠶᠠᠪᠤᠬᠤ ᠶᠢᠨ ᠬᠦᠰᠡᠯ ᠬᠤᠶᠠᠷ ᠵᠢᠭᠦᠷᠯᠡᠵᠦ᠂ ᠪᠤᠲᠣᠬᠰᠠᠨ ᠵᠦᠭ ᠢᠶᠠᠨ ᠨᠢᠰᠦᠭᠡᠳᠭᠡᠭᠡᠪᠴᠢᠨ ᠤ ᠴᠠᠭᠠᠨ᠎ᠠ ᠭᠡᠰᠡᠷ ᠤᠯᠠᠭᠠᠨ ᠴᠡᠴᠡᠭ ᠤᠨ ᠳᠡᠭᠡᠷ᠎ᠡ ᠡᠷᠪᠡᠬᠡᠢ ᠶᠢᠨ ᠰᠢᠨᠤᠯ ᠨᠣᠭᠤᠭᠠᠷᠠᠨ᠎ᠠᠭᠡᠷ ᠢᠶᠠᠨ ᠰᠠᠨᠠᠬᠤ ᠰᠡᠳᠬᠢᠯ ᠭᠡᠲᠡᠷᠭᠦ ᠡᠷᠭᠢᠨ ᠨᠢᠯᠪᠤᠰᠤ ᠪᠣᠯᠵᠤ ᠮᠡᠯᠲᠡᠭᠡᠨᠡᠭᠡᠳᠭᠢᠩᠰᠢᠵᠦ ᠪᠤᠢ ᠨᠠᠮᠤᠷ ᠤᠨ ᠲᠤᠬᠠᠢ ᠳᠠᠭᠤᠤ ᠳᠡᠭᠡᠷ᠎ᠡ ᠥᠪᠡᠷ ᠤᠨ ᠠᠶᠠᠯᠭᠤ ᠶᠢ ᠨᠡᠮᠡᠨ᠎ᠡᠤᠶᠢᠳᠬᠤ ᠳᠤᠷᠠᠲᠠᠢ ᠤᠯᠢᠶᠠᠰᠤᠨ ᠤ ᠨᠠᠪᠴᠢ ᠶᠢᠰᠦᠳᠦᠭᠡᠷ ᠰᠠᠷ᠎ᠠ ᠳᠤ ᠰᠢᠷᠭᠠᠯᠲᠤᠭᠠᠳᠢᠷᠡᠵᠦ ᠪᠠᠶᠢᠭ᠎ᠠ ᠨᠡᠭᠦᠳᠡᠯ ᠤᠨ ᠲᠣᠭᠤᠰᠣ ᠤᠰᠤ ᠭᠤᠣᠯ ᠤᠨ ᠳᠤᠮᠳᠠ ᠵᠠᠮᠬᠠᠷᠠᠨ᠎ᠠᠤᠬᠠᠭᠠᠨᠲᠤ ᠠᠮᠠᠷᠠᠭ ᠤᠨ ᠢᠶᠠᠨ ᠬᠠᠯᠠᠭᠤᠨ ᠵᠠᠬᠢᠶ᠎ᠠ ᠶᠢ ᠠᠭᠤᠯᠠᠰ ᠳᠠᠮᠨᠠᠭᠤᠯᠤᠨ ᠬᠦᠯᠢᠶᠡᠵᠦᠣᠷᠴᠢᠯᠠᠩ ᠤᠭ ᠠᠴᠠ ᠪᠢᠳᠡ ᠬᠤᠶᠠᠷ ᠤᠨ ᠬᠠᠶᠢᠷ᠎ᠠ ᠶᠢᠨ ᠬᠢ ᠪᠠᠶᠢᠭᠰᠠᠨ ᠢ ᠢᠲᠡᠭᠡᠨ᠎ᠡ
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号