ᠡᠪᠦᠯ ᠪᠣᠯᠵᠤ ᠲᠡᠭᠷᠢ ᠬᠦᠢᠲᠡᠷᠡᠬᠦ ᠪᠠᠷ ᠬᠥᠮᠥᠰ ᠤᠨ ᠭᠡᠷ ᠤᠨ ᠭᠠᠳᠠᠨᠠᠬᠢ ᠬᠥᠳᠡᠯᠭᠡᠭᠡᠨ ᠳᠤ ᠣᠷᠤᠯᠴᠠᠬᠤ ᠶᠢ | ᠵᠣᠬᠢᠬᠤ ᠬᠡᠮᠵᠢᠶ᠎ᠡ ᠪᠠᠷ ᠨᠥᠯᠥᠭᠡᠯᠡᠬᠦ ᠪᠣᠯᠣᠯ᠎ᠠ᠃ ᠡᠪᠦᠯ ᠤᠨ ᠤᠯᠠᠷᠢᠯ ᠳᠤ ᠬᠦᠢᠲᠡᠨ ᠠᠴᠠ ᠠᠶᠤᠵᠤ ᠠᠯᠵᠠᠭᠤᠷᠠᠨ | ᠵᠠᠯᠬᠠᠭᠤᠷᠠᠵᠤ ᠭᠡᠷ ᠲᠡᠭᠡᠨ ᠰᠠᠭᠤᠬᠤ ᠨᠢ ᠵᠣᠬᠢᠰ ᠦᠭᠡᠢ ᠶᠤᠮ᠃ ᠬᠠᠷᠢᠨ ᠡᠭᠦᠨ ᠤ ᠡᠰᠡᠷᠭᠦ ᠪᠠᠷ᠂ ᠵᠣᠬᠢᠰᠲᠠᠢ | ᠪᠡᠶ᠎ᠡ ᠶᠢᠨ ᠲᠠᠮᠢᠷ ᠤᠨ ᠬᠥᠳᠡᠯᠭᠡᠭᠡᠨ ᠬᠢᠬᠦ ᠨᠢ ᠬᠥᠮᠥᠰ ᠤᠨ ᠪᠡᠶ᠎ᠡ ᠮᠠᠬᠠᠪᠤᠳ ᠢ ᠴᠢᠭᠢᠷᠠᠭᠵᠢᠭᠤᠯᠵᠤ᠂ ᠡᠭᠡᠯᠢᠯᠡᠭᠡ ᠶᠢᠨ | ᠴᠢᠳᠠᠪᠤᠷᠢ ᠪᠠ ᠵᠢᠷᠦᠬᠡ ᠠᠭᠤᠰᠬᠢᠨ ᠤ ᠴᠢᠳᠠᠪᠤᠷᠢ ᠶᠢ ᠳᠡᠭᠡᠭᠰᠢᠯᠡᠭᠦᠯᠭᠦ ᠪᠠᠷ ᠪᠠᠷᠠᠬᠤ ᠦᠭᠡᠢ᠂ ᠪᠠᠰᠠ ᠪᠡᠶ᠎ᠡ | ᠮᠠᠬᠠᠪᠤᠳ ᠢ ᠬᠠᠬᠢᠷ ᠬᠦᠢᠲᠡᠨ ᠣᠷᠴᠢᠨ ᠲᠣᠭᠤᠷᠢᠨ ᠳᠤ ᠨᠠᠩ ᠰᠠᠶᠢᠨ ᠵᠣᠬᠢᠴᠠᠬᠤ ᠪᠤᠯᠭᠠᠵᠤ᠂ ᠡᠷᠡᠭᠦᠯ ᠴᠢᠭᠢᠷᠠᠭ ᠪᠠ | ᠠᠮᠢᠵᠢᠷᠠᠯ ᠤᠨ ᠬᠦᠴᠦᠨ ᠲᠠᠢ ᠪᠠᠶᠢᠬᠤ ᠶᠢ ᠪᠠᠲᠤᠯᠠᠵᠤ ᠴᠢᠳᠠᠳᠠᠭ ᠠᠵᠢ᠃ | ᠲᠡᠭᠡᠪᠡᠯ᠂ ᠶᠠᠮᠠᠷ ᠶᠠᠮᠠᠷ ᠬᠥᠳᠡᠯᠭᠡᠭᠡᠨ ᠨᠢ ᠡᠪᠦᠯ ᠤᠨ ᠤᠯᠠᠷᠢᠯ ᠳᠤ ᠲᠣᠬᠢᠷᠠᠬᠤ ᠪᠤᠢ︖ ᠡᠩ ᠲᠡᠷᠢᠭᠦᠨ ᠳᠤ | ᠭᠦᠶᠦᠵᠦ ᠪᠣᠯᠣᠨ᠎ᠠ᠃ ᠭᠦᠶᠦᠬᠦ ᠨᠢ ᠶᠠᠪᠤᠬᠤ ᠲᠤᠳᠤᠮ ᠬᠥᠮᠥᠰ ᠤᠨ ᠬᠦᠷᠢᠶᠡᠯᠡᠯ ᠢ ᠣᠯᠵᠤ ᠪᠠᠶᠢᠨ᠎ᠠ᠃ ᠲᠤᠰᠬᠠᠢ | ᠮᠡᠷᠭᠡᠵᠢᠯᠲᠡᠨ ᠤ ᠦᠵᠡᠬᠦ ᠪᠠᠷ᠂ ᠭᠦᠶᠦᠬᠦ ᠨᠢ ᠬᠦᠵᠦᠭᠦᠦ ᠰᠡᠭᠡᠷ᠂ ᠮᠥᠷᠥᠨ ᠤ ᠬᠡᠰᠡᠭ ᠤᠨ ᠠᠰᠠᠭᠤᠳᠠᠯ ᠢ ᠢᠯᠡᠳᠲᠡ | ᠰᠠᠶᠢᠵᠢᠷᠠᠭᠤᠯᠵᠤ᠂ ᠵᠢᠷᠦᠬᠡ ᠠᠭᠤᠰᠬᠢᠨ ᠤ ᠴᠢᠳᠠᠮᠵᠢ ᠶᠢ ᠳᠡᠭᠡᠭᠰᠢᠯᠡᠭᠦᠯᠵᠦ ᠪᠣᠯᠣᠨ᠎ᠠ᠃ ᠭᠡᠬᠦ ᠳᠡᠭᠡᠨ ᠪᠡᠶ᠎ᠡ ᠶᠢᠨ | ᠬᠦᠨᠳᠦ ᠪᠠᠨ ᠬᠢᠵᠠᠭᠠᠷᠯᠠᠵᠤ ᠪᠠᠶᠢᠭ᠎ᠠ ᠪᠤᠶᠤ ᠪᠡᠶ᠎ᠡ ᠪᠢᠯᠳᠠᠷ ᠤᠨ ᠬᠡᠪ ᠤᠨ ᠪᠠᠶᠢᠳᠠᠯ ᠢᠶᠠᠨ ᠪᠠᠷᠢᠮᠲᠠᠯᠠᠬᠤ ᠰᠠᠨᠠᠭ᠎ᠠ ᠲᠠᠢ | ᠬᠥᠮᠥᠰ ᠲᠤ ᠠᠪᠴᠤ ᠬᠡᠯᠡᠪᠡᠯ᠂ ᠠᠭᠠᠵᠢᠮ ᠭᠦᠶᠦᠬᠦ ᠨᠢ ᠪᠡᠶ᠎ᠡ ᠶᠢᠨ ᠳᠣᠲᠣᠷᠠᠬᠢ ᠢᠯᠡᠭᠦᠴᠡ ᠥᠭᠡᠬᠦ ᠶᠢ | ᠬᠤᠷᠣᠭᠳᠠᠭᠤᠯᠬᠤ ᠳᠤ ᠮᠠᠰᠢ ᠠᠰᠢᠭᠲᠠᠢ ᠪᠠᠶᠢᠳᠠᠭ᠃ ᠭᠡᠪᠡᠴᠦ ᠠᠩᠬᠠᠷᠬᠤ ᠴᠢᠬᠤᠯᠠᠲᠠᠢ ᠵᠦᠢᠯ ᠭᠡᠪᠡᠯ᠂ | ᠭᠦᠶᠦᠬᠦ ᠳᠡᠭᠡᠨ ᠴᠡᠴᠡᠷᠯᠢᠭ᠂ ᠭᠤᠣᠯ ᠤᠨ ᠭᠦᠪᠡᠭᠡ ᠪᠤᠶᠤ ᠰᠤᠷᠭᠠᠭᠤᠯᠢ ᠶᠢᠨ ᠬᠦᠷᠢᠶᠡᠨ ᠤ ᠭᠦᠶᠦᠯᠲᠡ ᠶᠢᠨ ᠵᠠᠮ | ᠵᠡᠷᠭᠡ ᠠᠭᠠᠷ ᠰᠢᠨ᠎ᠡ ᠰᠣᠷᠭᠤᠭ ᠣᠷᠴᠢᠨ ᠲᠣᠭᠤᠷᠢᠨ ᠢ ᠰᠣᠩᠭᠤᠪᠠᠯ ᠰᠠᠶᠢᠨ᠂ ᠬᠠᠬᠢᠷ ᠬᠦᠢᠲᠡᠨ ᠠᠭᠤᠷ | ᠠᠮᠢᠰᠬᠤᠯ ᠳᠤ ᠭᠡᠷ ᠤᠨ ᠭᠠᠳᠠᠨ᠎ᠠ ᠣᠷᠳᠣ ᠬᠤᠭᠤᠴᠠᠭ᠎ᠠ ᠭᠦᠶᠦᠬᠦ ᠶᠢ ᠰᠠᠨᠠᠭᠠᠴᠢᠯᠠᠬᠤ ᠦᠭᠡᠢ᠃ ᠳᠠᠷᠠᠭᠠᠯᠠᠪᠠᠯ | ᠳᠡᠭᠡᠰᠦ ᠦᠰᠦᠷᠴᠦ ᠪᠣᠯᠣᠨ᠎ᠠ᠃ ᠠᠭᠠᠷ ᠤᠨ ᠳᠤᠯᠠᠭᠠᠨ ᠬᠦᠢᠲᠡᠷᠡᠬᠦ ᠶᠢ ᠳᠠᠭᠠᠯᠳᠤᠨ᠂ ᠣᠯᠠᠩᠬᠢ ᠬᠥᠮᠥᠰ ᠭᠡᠷ | ᠳᠣᠲᠣᠷ᠎ᠠ ᠬᠥᠳᠡᠯᠭᠡᠭᠡᠨ ᠬᠢᠬᠦ ᠪᠣᠯᠵᠠᠢ᠂ ᠡᠭᠦᠨ ᠳᠤ ᠳᠡᠭᠡᠰᠦ ᠦᠰᠦᠷᠬᠦ ᠨᠢ ᠠᠶᠠᠨᠳᠠᠭᠠᠨ ᠤ ᠰᠣᠩᠭᠤᠯᠲᠠ ᠶᠢᠨ ᠨᠢᠭᠡ | ᠪᠣᠯᠵᠠᠢ᠃ ᠱᠠᠩᠬᠠᠢ ᠶᠢᠨ ᠪᠡᠶ᠎ᠡ ᠶᠢᠨ ᠲᠠᠮᠢᠷ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠭᠠᠵᠠᠷ ︵ᠱᠠᠩᠬᠠᠢ | ᠬᠤᠲᠠ ᠶᠢᠨ ᠬᠥᠭᠡᠷᠦᠭᠦᠯᠬᠦ ᠡᠮ ᠬᠡᠷᠡᠭᠯᠡᠬᠦ ᠶᠢ ᠡᠰᠡᠷᠭᠦᠴᠡᠬᠦ ᠲᠥᠪ︶ ᠤᠨ ᠲᠤᠰᠬᠠᠢ ᠮᠡᠷᠭᠡᠵᠢᠯᠲᠡᠨ ᠤ | ᠲᠠᠨᠢᠯᠴᠠᠭᠤᠯᠤᠭᠰᠠᠨ ᠢᠶᠠᠷ᠂ ᠳᠡᠭᠡᠰᠦ ᠦᠰᠦᠷᠬᠦ ᠪᠣᠯ ᠨᠢᠭᠡ ᠵᠦᠢᠯ ᠤᠨ ᠥᠨᠳᠥᠷ ᠪᠦᠲᠦᠮᠵᠢᠲᠡᠢ | ᠬᠦᠴᠢᠯᠲᠥ᠋ᠷᠥᠭᠴᠢᠲᠦ ᠬᠥᠳᠡᠯᠭᠡᠭᠡᠨ ᠪᠣᠯᠣᠨ᠎ᠠ᠂ ᠡᠭᠡᠯᠢᠯᠡᠭᠡ ᠶᠢᠨ ᠴᠢᠳᠠᠪᠤᠷᠢ ᠵᠢᠴᠢ ᠵᠢᠷᠦᠬᠡ ᠠᠭᠤᠰᠬᠢᠨ ᠤ | ᠴᠢᠳᠠᠪᠤᠷᠢ ᠶᠢ ᠳᠡᠭᠡᠭᠰᠢᠯᠡᠭᠦᠯᠭᠦ ᠪᠠᠷ ᠪᠠᠷᠠᠬᠤ ᠦᠭᠡᠢ ᠪᠠᠰᠠ ᠵᠠᠯᠠᠭᠤᠴᠤᠳ ᠪᠠᠭᠠᠴᠤᠳ ᠤᠨ ᠦᠰᠦᠨ ᠪᠤᠶᠢᠵᠢᠯᠲᠠ ᠳᠤ | ᠠᠰᠢᠭᠲᠠᠢ᠃ ᠳᠡᠭᠡᠰᠦ ᠦᠰᠦᠷᠬᠦ ᠨᠢ ᠪᠠᠰᠠ ᠪᠦᠭᠦ ᠪᠡᠶ᠎ᠡ ᠶᠢᠨ ᠣᠯᠠᠨ ᠬᠡᠰᠡᠭ ᠤᠨ ᠪᠤᠯᠴᠢᠩ ᠢ ᠪᠤᠯᠪᠠᠰᠤᠷᠠᠭᠤᠯᠵᠤ᠂ | ᠪᠡᠶ᠎ᠡ ᠶᠢᠨ ᠵᠣᠬᠢᠴᠠᠭᠤᠯᠬᠤ ᠴᠢᠳᠠᠪᠤᠷᠢ ᠶᠢ ᠪᠤᠯᠪᠠᠰᠤᠷᠠᠭᠤᠯᠵᠤ ᠴᠢᠳᠠᠨ᠎ᠠ᠃ ᠭᠡᠪᠡᠴᠦ ᠲᠤᠰᠬᠠᠢ ᠮᠡᠷᠭᠡᠵᠢᠯᠲᠡᠨ ᠤ | ᠰᠠᠨᠠᠭᠤᠯᠤᠭᠰᠠᠨ ᠢᠶᠠᠷ᠂ ᠳᠡᠭᠡᠰᠦ ᠦᠰᠦᠷᠬᠦ ᠬᠥᠳᠡᠯᠭᠡᠭᠡᠨ ᠤ ᠬᠦᠴᠦᠯᠡᠴᠡ ᠨᠡᠯᠢᠶᠡᠳ ᠶᠡᠭᠡ ᠪᠣᠯᠬᠤᠷ ᠪᠡᠶ᠎ᠡ ᠮᠠᠬᠠᠪᠤᠳ | ᠡᠷᠡᠭᠦᠯ ᠴᠢᠭᠢᠷᠠᠭ᠂ ᠬᠥᠳᠡᠯᠭᠡᠭᠡᠨ ᠬᠢᠳᠡᠭ ᠳᠠᠳᠬᠠᠯ ᠲᠠᠢ ᠬᠡᠦᠬᠡᠳ᠂ ᠵᠠᠯᠠᠭᠤᠴᠤᠳ ᠪᠠᠭᠠᠴᠤᠳ ᠪᠠ ᠨᠠᠰᠤᠨ ᠳᠤ | ᠭᠦᠷᠦᠭᠰᠡᠳ ᠲᠤ ᠲᠣᠬᠢᠷᠠᠨ᠎ᠠ᠃ ᠲᠡᠷᠡ ᠮᠥᠷᠲᠡᠭᠡᠨ ᠳᠡᠭᠡᠰᠦ ᠦᠰᠦᠷᠬᠦ ᠦᠶᠡᠰ ᠴᠢᠳᠠᠬᠤ ᠶᠢᠨ ᠬᠢᠷᠢ ᠪᠠᠷ ᠲᠡᠭᠰᠢᠬᠡᠨ | ᠮᠥᠷᠲᠡᠭᠡᠨ ᠵᠣᠬᠢᠬᠤ ᠬᠠᠷᠢᠮᠠᠬᠠᠢ ᠴᠢᠨᠠᠷ ᠲᠠᠢ ᠭᠠᠵᠠᠷ ᠤᠨ ᠭᠠᠳᠠᠷᠭᠤ ᠶᠢ ᠰᠣᠩᠭᠤᠵᠤ᠂ ᠬᠥᠳᠡᠯᠭᠡᠭᠡᠨ ᠬᠢᠬᠦ ᠠᠴᠠ | ᠡᠮᠦᠨ᠎ᠡ ᠪᠡᠶ᠎ᠡ ᠪᠠᠨ ᠰᠠᠶᠢᠲᠤᠷ ᠳᠠᠰᠬᠠᠵᠤ᠂ ᠬᠥᠳᠡᠯᠭᠡᠭᠡᠨ ᠳᠠᠭᠤᠰᠤᠭᠰᠠᠨ ᠤ ᠳᠠᠷᠠᠭ᠎ᠠ ᠪᠡᠶ᠎ᠡ ᠪᠠᠨ ᠰᠤᠯᠠ | ᠲᠠᠯᠪᠢᠬᠤ ᠨᠢ ᠪᠦᠷ ᠠᠳᠠᠯᠢᠬᠠᠨ ᠴᠢᠬᠤᠯᠠ ᠶᠤᠮ᠃ ᠳᠠᠭᠢᠪᠠᠯ ᠠᠯᠬᠤᠵᠤ ᠪᠣᠯᠣᠨ᠎ᠠ᠃ ᠠᠯᠬᠤᠬᠤ ᠪᠣᠯ ᠨᠢᠭᠡ | ᠵᠦᠢᠯ ᠤᠨ ᠪᠠᠶᠠᠷ ᠭᠦᠷ ᠲᠠᠢ ᠬᠥᠳᠡᠯᠭᠡᠭᠡᠨ ᠤ ᠭᠡᠯᠪᠡᠷᠢ ᠪᠠᠶᠢᠵᠤ᠂ ᠡᠯ᠎ᠡ ᠨᠠᠰᠤᠨ ᠤ ᠬᠥᠮᠥᠰ ᠲᠤ ᠪᠦᠷ ᠲᠣᠬᠢᠷᠠᠨ᠎ᠠ᠃ | ᠠᠯᠬᠤᠬᠤ ᠨᠢ ᠬᠤᠳᠣᠭᠤᠳᠤ ᠭᠡᠳᠡᠰᠦᠨ ᠤ ᠬᠥᠳᠡᠯᠭᠡᠭᠡᠨ ᠢ ᠠᠬᠢᠭᠤᠯᠵᠤ᠂ ᠰᠢᠩᠭᠡᠭᠡᠯᠲᠡ ᠳᠤ ᠠᠰᠢᠭᠲᠠᠢ ᠪᠠᠷ ᠪᠠᠷᠠᠬᠤ | ᠦᠭᠡᠢ᠂ ᠪᠠᠰᠠ ᠣᠶᠤᠨ ᠰᠠᠨᠠᠭᠠᠨ ᠤ ᠳᠠᠷᠤᠯᠲᠠ ᠶᠢ ᠬᠥᠩᠭᠡᠷᠡᠭᠦᠯᠵᠦ᠂ ᠨᠦᠢᠷ ᠢ ᠰᠠᠶᠢᠵᠢᠷᠠᠭᠤᠯᠳᠠᠭ᠃ ᠨᠠᠰᠤᠲᠠᠢ | ᠬᠥᠮᠥᠨ ᠪᠤᠶᠤ ᠪᠡᠶ᠎ᠡ ᠮᠠᠭᠤᠲᠠᠢ ᠬᠥᠮᠥᠨ ᠳᠤ ᠠᠪᠴᠤ ᠬᠡᠯᠡᠪᠡᠯ᠂ ᠠᠯᠬᠤᠬᠤ ᠨᠢ ᠨᠢᠭᠡ ᠵᠦᠢᠯ ᠤᠨ ᠠᠮᠤᠷ ᠲᠦᠪᠰᠢᠨ | ᠮᠥᠷᠲᠡᠭᠡᠨ ᠪᠦᠲᠦᠮᠵᠢᠲᠡᠶ ᠪᠣᠯᠪᠠᠰᠤᠷᠠᠬᠤ ᠠᠷᠭ᠎ᠠ ᠪᠣᠯᠣᠨ᠎ᠠ᠃ ᠠᠯᠬᠤᠬᠤ ᠳᠤ ᠴᠡᠴᠡᠷᠯᠢᠭ᠂ ᠰᠠᠭᠤᠭᠠᠯᠢ | ᠲᠣᠭᠤᠷᠢᠭ ᠤᠨ ᠵᠦᠯᠭᠡ ᠪᠤᠶᠤ ᠭᠤᠣᠯ ᠤᠨ ᠬᠥᠪᠡᠭᠡᠨ ᠤ ᠦᠵᠡᠮᠵᠢ ᠰᠠᠶᠢᠬᠠᠨ᠂ ᠠᠭᠠᠷ ᠴᠡᠪᠡᠷ ᠭᠠᠵᠠᠷ ᠢ ᠰᠣᠩᠭᠤᠵᠤ | ᠰᠡᠯᠡᠭᠦᠴᠡᠨ ᠠᠯᠬᠤᠵᠤ᠂ ᠪᠡᠶ᠎ᠡ ᠰᠡᠳᠬᠢᠴᠡ ᠪᠠᠨ ᠲᠠᠶᠢᠳᠬᠤᠷᠠᠭᠤᠯᠵᠤ ᠪᠣᠯᠣᠨ᠎ᠠ᠃ ᠳᠡᠭᠡᠷ᠎ᠡ ᠳᠤᠷᠠᠳᠤᠭᠰᠠᠨ | ᠬᠥᠳᠡᠯᠭᠡᠭᠡᠨ ᠠᠴᠠ ᠭᠠᠳᠠᠨ᠎ᠠ᠂ ᠳᠤᠭᠤᠢ ᠤᠨᠤᠬᠤ᠂ ᠶᠤᠭ᠎ᠠ ᠵᠡᠷᠭᠡ ᠨᠢ ᠮᠥᠨ ᠴᠤ ᠡᠪᠦᠯ ᠤᠨ ᠤᠯᠠᠷᠢᠯ ᠳᠤ | ᠲᠣᠬᠢᠷᠠᠬᠤ ᠬᠥᠳᠡᠯᠭᠡᠭᠡᠨ ᠪᠠᠶᠢᠵᠤ ᠪᠡᠶ᠎ᠡ ᠮᠠᠬᠠᠪᠤᠳ ᠢ ᠪᠦᠲᠦᠮᠵᠢᠲᠡᠢ ᠪᠤᠯᠪᠠᠰᠤᠷᠠᠭᠤᠯᠵᠤ ᠴᠢᠳᠠᠨ᠎ᠠ᠃ | ᠳᠤᠷᠠᠳᠤᠭᠤᠰᠢᠲᠠᠢ ᠨᠢ ᠭᠡᠷ ᠤᠨ ᠭᠠᠳᠠᠨᠠᠬᠢ ᠮᠥᠰᠥ ᠴᠠᠰᠤᠨ ᠤ ᠬᠥᠳᠡᠯᠭᠡᠭᠡᠨ᠂ ᠡᠨᠡ ᠬᠦ ᠡᠪᠦᠯ ᠤᠨ ᠤᠯᠠᠷᠢᠯ ᠳᠤ | ᠣᠨᠴᠠ ᠪᠠᠶᠢᠳᠠᠭ ᠬᠥᠳᠡᠯᠭᠡᠭᠡᠨ ᠨᠢ ᠥᠪᠡᠷᠮᠢᠴᠡ ᠬᠠᠪᠤ ᠴᠡᠩᠭᠡᠯ ᠲᠠᠢ ᠪᠠᠶᠢᠵᠤ᠂ ᠠᠮᠤᠷ ᠲᠦᠪᠰᠢᠨ ᠢ ᠪᠠᠲᠤᠯᠠᠭᠰᠠᠨ | ᠪᠠᠶᠢᠳᠠᠯ ᠳᠣᠣᠷ᠎ᠠ ᠪᠠᠶᠠᠷ ᠭᠦᠷ ᠲᠠᠢ ᠤᠷᠤᠯᠴᠠᠵᠤ ᠪᠣᠯᠣᠨ᠎ᠠ᠃ | ᠡᠪᠦᠯ ᠤᠨ ᠤᠯᠠᠷᠢᠯ ᠳᠤ ᠠᠭᠠᠷ ᠤᠨ ᠳᠤᠯᠠᠭᠠᠨ ᠨᠡᠯᠢᠶᠡᠳ ᠳᠣᠣᠷ᠎ᠠ᠂ ᠣᠷᠴᠢᠨ ᠲᠣᠭᠤᠷᠢᠨ ᠤ ᠨᠥᠬᠦᠴᠡᠯ | ᠣᠨᠴᠠᠭᠠᠶ ᠤᠴᠢᠷ ᠠᠴᠠ ᠬᠥᠳᠡᠯᠭᠡᠭᠡᠨ ᠬᠢᠬᠦ ᠳᠤ ᠳᠣᠣᠷᠠᠬᠢ ᠬᠡᠳᠦᠨ ᠲᠠᠯ᠎ᠠ ᠶᠢ ᠠᠩᠬᠠᠷᠪᠠᠯ ᠵᠣᠬᠢᠨ᠎ᠠ᠃ ᠳᠠᠷᠤᠢ᠂ | ᠲᠣᠬᠢᠷᠠᠮᠵᠢᠲᠠᠢ ᠲᠠᠮᠢᠷ ᠤᠨ ᠬᠤᠪᠴᠠᠰᠤ ᠪᠠ ᠱᠠᠬᠠᠢ ᠮᠠᠯᠠᠭᠠᠢ ᠰᠣᠩᠭᠤᠵᠤ᠂ ᠬᠥᠳᠡᠯᠭᠡᠭᠡᠨ ᠬᠢᠭᠰᠡᠨ ᠤ ᠳᠠᠷᠠᠭ᠎ᠠ | ᠬᠥᠯᠥᠰᠦ ᠭᠠᠷᠴᠤ ᠬᠢᠮᠤᠷᠠᠬᠤ ᠠᠴᠠ ᠰᠡᠷᠭᠡᠶᠢᠯᠡᠬᠦ ᠴᠢᠬᠤᠯᠠᠲᠠᠢ᠃ ᠬᠥᠳᠡᠯᠭᠡᠭᠡᠨ ᠬᠢᠬᠦ ᠠᠴᠠ ᠡᠮᠦᠨ᠎ᠡ ᠵᠠᠪᠠᠯ ᠭᠦᠢᠴᠡᠳ | ᠪᠡᠯᠡᠳᠬᠡᠯ ᠬᠥᠳᠡᠯᠭᠡᠭᠡᠨ ᠬᠢᠬᠦ ᠬᠡᠷᠡᠭᠲᠡᠢ᠂ ᠵᠢᠱᠢᠶᠡᠯᠡᠪᠡᠯ ᠤᠳᠠᠭᠠᠨ ᠭᠦᠶᠦᠬᠦ᠂ ᠦᠶ᠎ᠡ ᠭᠡᠰᠢᠭᠦᠦ ᠪᠠᠨ ᠰᠤᠩᠭᠠᠬᠤ | ᠵᠡᠷᠭᠡ ᠨᠢ ᠬᠥᠳᠡᠯᠭᠡᠭᠡᠨ ᠬᠢᠬᠦ ᠠᠴᠠ ᠪᠣᠯᠵᠤ ᠭᠡᠮᠲᠦᠬᠦ ᠲᠦᠭᠰᠢᠭᠦᠷᠢ ᠶᠢ ᠪᠠᠭᠠᠰᠬᠠᠵᠤ ᠴᠢᠳᠠᠨ᠎ᠠ᠃ ᠬᠥᠳᠡᠯᠭᠡᠭᠡᠨ ᠤ | ᠬᠡᠮᠵᠢᠶ᠎ᠡ ᠪᠠᠨ ᠲᠣᠬᠢᠷᠠᠭᠤᠯᠵᠤ᠂ ᠬᠡᠲᠦᠷᠬᠡᠢ ᠶᠠᠳᠠᠷᠠᠬᠤ ᠠᠴᠠ ᠰᠡᠷᠭᠡᠶᠢᠯᠡᠬᠦ ᠬᠡᠷᠡᠭᠲᠡᠢ᠂ ᠥᠪᠡᠷ ᠤᠨ ᠪᠡᠶ᠎ᠡ ᠶᠢᠨ | ᠪᠠᠶᠢᠳᠠᠯ ᠪᠠ ᠬᠥᠳᠡᠯᠭᠡᠭᠡᠨ ᠤ ᠴᠢᠳᠠᠪᠤᠷᠢ ᠪᠠᠨ ᠦᠨᠳᠦᠰᠦᠯᠡᠨ ᠲᠣᠬᠢᠷᠠᠮᠵᠢᠲᠠᠢ ᠬᠥᠳᠡᠯᠭᠡᠭᠡᠨ ᠬᠢᠵᠦ᠂ ᠠᠯᠬᠤᠮ | ᠳᠠᠷᠠᠭ᠎ᠠ ᠲᠠᠢ ᠪᠠᠷ ᠬᠥᠳᠡᠯᠭᠡᠭᠡᠨ ᠤ ᠬᠡᠮᠵᠢᠶ᠎ᠡ ᠪᠠᠨ ᠨᠡᠮᠡᠭᠳᠡᠭᠦᠯᠵᠦ᠂ ᠬᠥᠳᠡᠯᠭᠡᠭᠡᠨ ᠬᠡᠲᠦᠷᠡᠭᠰᠡᠨ ᠠᠴᠠ ᠪᠣᠯᠵᠤ ᠪᠡᠶ᠎ᠡ | ᠮᠠᠬᠠᠪᠤᠳ ᠲᠤ ᠳᠠᠷᠤᠭᠠᠰᠤ ᠪᠤᠯᠬᠤ ᠠᠴᠠ ᠵᠠᠶᠢᠯᠠᠰᠭᠢᠨ᠎ᠡ᠃ ᠤᠰᠤ ᠨᠥᠬᠦᠪᠦᠷᠢᠯᠡᠨ᠎ᠡ᠂ ᠬᠡᠳᠦ᠋ᠢᠪᠡᠷ ᠡᠪᠦᠯ ᠤᠨ | ᠤᠯᠠᠷᠢᠯ ᠳᠤ ᠬᠥᠯᠥᠰᠦ ᠪᠠᠭ᠎ᠠ ᠭᠠᠷᠬᠤ ᠪᠤᠯᠪᠠᠴᠤ᠂ ᠪᠡᠶ᠎ᠡ ᠮᠠᠬᠠᠪᠤᠳ ᠮᠥᠨ ᠯᠡ ᠤᠰᠤ ᠨᠥᠬᠦᠪᠦᠷᠢᠯᠡᠬᠦ ᠴᠢᠬᠤᠯᠠᠲᠠᠢ᠂ | ᠬᠥᠳᠡᠯᠭᠡᠭᠡᠨ ᠬᠢᠬᠦ ᠠᠴᠠ ᠡᠮᠦᠨ᠎ᠡ ᠬᠤᠶᠢᠨ᠎ᠠ ᠵᠣᠬᠢᠬᠤ ᠬᠡᠮᠵᠢᠶᠡᠨ ᠤ ᠪᠦᠯᠢᠶᠡᠨ ᠤᠰᠤ ᠤᠤᠭᠤᠵᠤ ᠪᠡᠶ᠎ᠡ ᠶᠢᠨ | ᠤᠰᠤᠨ ᠤ ᠲᠡᠩᠴᠡᠭᠦᠷᠢ ᠶᠢ ᠪᠠᠲᠤᠯᠠᠪᠠᠯ ᠵᠤᠭᠢᠨ᠎ᠠ᠃ ᠠᠮᠤᠷ ᠲᠦᠪᠰᠢᠨ ᠢ ᠠᠩᠬᠠᠷᠬᠤ ᠴᠢᠬᠤᠯᠠᠲᠠᠢ᠂ ᠡᠪᠦᠯ ᠤᠨ | ᠤᠯᠠᠷᠢᠯ ᠳᠤ ᠵᠠᠮ ᠬᠠᠯᠲᠤᠷᠢᠭ᠎ᠠ ᠲᠠᠢ᠂ ᠣᠨᠴᠠᠭᠠᠶᠢᠯᠠᠨ ᠮᠥᠰᠥ ᠴᠠᠰᠤ ᠲᠠᠢ ᠭᠠᠵᠠᠷ ᠲᠤ ᠬᠥᠳᠡᠯᠭᠡᠭᠡᠨ ᠬᠢᠬᠦ ᠳᠡᠭᠡᠨ | ᠠᠮᠤᠷ ᠲᠦᠪᠰᠢᠨ ᠢ ᠣᠨᠴᠠᠭᠠᠶᠢᠯᠠᠨ ᠠᠩᠬᠠᠷᠬᠤ ᠬᠡᠷᠡᠭᠲᠡᠢ᠃ | ᠡᠪᠦᠯ ᠤᠨ ᠤᠯᠠᠷᠢᠯ ᠳᠤ ᠲᠠᠮᠢᠷ ᠤᠨ ᠬᠥᠳᠡᠯᠭᠡᠭᠡᠨ ᠬᠢᠬᠦ ᠨᠢ ᠨᠢᠭᠡ ᠵᠦᠢᠯ ᠤᠨ ᠢᠳᠡᠪᠬᠢᠲᠡᠢ᠂ ᠡᠷᠡᠭᠦᠯ | ᠰᠠᠷᠠᠭᠤᠯ ᠠᠮᠢᠳᠤᠷᠠᠯ ᠤᠨ ᠠᠷᠭ᠎ᠠ ᠭᠡᠯᠪᠡᠷᠢ ᠪᠣᠯᠣᠨ᠎ᠠ᠂ ᠪᠢᠳᠡ ᠥᠪᠡᠷ ᠤᠨ ᠪᠡᠶ᠎ᠡ ᠳᠡᠭᠡᠨ ᠲᠣᠬᠢᠷᠠᠭᠰᠠᠨ | ᠬᠥᠳᠡᠯᠭᠡᠭᠡᠨ ᠤ ᠵᠦᠢᠯ ᠢ ᠰᠣᠩᠭᠤᠬᠤ ᠶᠢᠨ ᠬᠠᠮᠲᠤ ᠬᠥᠳᠡᠯᠭᠡᠭᠡᠨ ᠤ ᠶᠠᠪᠤᠴᠠ ᠳᠠᠬᠢ ᠨᠠᠷᠢᠨ ᠵᠦᠢᠯᠡᠰ ᠢ ᠰᠠᠶᠢᠲᠤᠷ | ᠠᠩᠬᠠᠷᠴᠤ᠂ ᠬᠥᠳᠡᠯᠭᠡᠭᠡᠨ ᠤ ᠬᠠᠪᠤ ᠴᠡᠩᠭᠡᠯ ᠢ ᠡᠳ᠋ᠯᠡᠬᠦ ᠶᠢᠨ ᠵᠡᠷᠭᠡ ᠪᠠᠷ ᠪᠡᠶ᠎ᠡ ᠮᠠᠬᠠᠪᠤᠳ ᠢᠶᠠᠨ ᠴᠢᠭᠢᠷᠠᠭᠵᠢᠭᠤᠯᠤᠶ᠎ᠠ︕ | | | |