ᠲᠠᠪᠤᠨ ᠬᠤᠰᠢᠭᠤ ᠮᠠᠯ ᠢᠶᠠᠨ ᠮᠠᠯᠵᠢᠵᠤ᠂ ᠡᠬᠡ ᠪᠠᠶᠢᠭᠠᠯᠢ ᠪᠠᠨ ᠳᠡᠭᠡᠳᠦᠯᠡᠵᠦ ᠢᠷᠡᠭᠰᠡᠨ ᠮᠠᠯᠴᠢᠨ ᠠᠷᠠᠳ ᠤᠨ | ᠮᠠᠨᠢ ᠨᠡᠭᠦᠳᠡᠯ ᠮᠠᠯᠵᠢᠯ ᠤᠨ ᠰᠣᠶᠣᠯ ᠢᠷᠭᠡᠨᠰᠢᠯ ᠳᠤ ︽ᠴᠡᠭᠡᠷ︾ ᠬᠡᠮᠡᠬᠦ ᠨᠢᠭᠡᠨ ᠬᠠᠲᠠᠭᠤᠬᠠᠨ ᠶᠣᠰᠣ ᠪᠠᠶᠢᠳᠠᠭ | ᠶᠤᠮᠰᠠᠨ᠃ | ᠭᠡᠲᠡᠯ᠎ᠡ ᠨᠡᠶᠢᠭᠡᠮ ᠠᠵᠤ ᠠᠬᠤᠢ ᠶᠢᠨ ᠬᠥᠭᠵᠢᠯᠲᠡ᠂ ᠴᠠᠭ ᠦᠶ᠎ᠡ ᠶᠢᠨ ᠭᠦ᠋ᠴᠤᠲᠣ ᠤᠷᠤᠰᠬᠠᠯ ᠢ ᠳᠠᠭᠠᠯᠳᠤᠨ᠂ | ᠥᠨᠥ ᠪᠤᠯᠬᠤ ᠳᠤ ᠤᠯᠠᠮᠵᠢᠯᠠᠯᠲᠤ ᠠᠮᠢᠳᠤᠷᠠᠯ ᠲᠠᠢ ᠪᠠᠨ ᠤᠰᠤ ᠴᠠᠰᠤ ᠰᠢᠭ᠋ ᠠᠭᠤᠰᠤᠯᠴᠠᠵᠤ ᠪᠠᠶᠢᠳᠠᠭ ᠴᠡᠭᠡᠷ | ᠶᠣᠰᠣᠨ ᠤ ᠲᠤᠬᠠᠢ ᠵᠠᠷᠢᠮ ᠨᠢᠭᠡ ᠤᠴᠢᠷ ᠤᠳᠬ᠎ᠠ ᠨᠢ ᠪᠠᠷᠤᠭ ᠪᠦᠷ ᠣᠷᠣ ᠮᠥᠷ ᠦᠭᠡᠢ ᠪᠤᠯᠲᠠᠯ᠎ᠠ ᠪᠠᠨ ᠠᠷᠢᠯᠬᠤ | ᠬᠡᠮᠵᠢᠶᠡᠨ ᠳᠤ ᠬᠦᠷᠴᠡᠢ᠃ | ︽ᠬᠠᠭᠤᠴᠢᠨ ᠶᠠᠭᠤᠮ᠎ᠠ ᠤᠯᠠ ᠪᠣᠯᠵᠤ᠂ ᠰᠢᠨ᠎ᠡ ᠶᠠᠭᠤᠮ᠎ᠠ ᠵᠤᠯᠠ ᠪᠤᠯᠲᠠᠭ︾ ᠤᠨ ᠵᠢᠮ᠎ᠡ ᠪᠠᠷ ᠴᠤ ᠭᠡᠬᠦ ᠤᠤ | ᠳ᠋ᠠ᠂ ᠪᠢᠲᠡᠨ ᠤ ᠤᠯᠠᠮᠵᠢᠯᠠᠯᠲᠤ ᠠᠮᠢᠳᠤᠷᠠᠯ ᠤᠨ ᠶᠣᠰᠣ ᠵᠠᠩᠰᠢᠯ ᠳᠤ ᠰᠢᠨ᠎ᠡ ᠡᠷᠭᠢᠯᠲᠡ ᠭᠠᠷᠴᠤ ᠯᠡ ᠪᠠᠶᠢᠨ᠎ᠠ᠃ ᠡᠨᠡ | ᠴᠤ ᠠᠷᠭ᠎ᠠ ᠦᠭᠡᠢ ᠯᠠ ᠵᠢᠮ᠎ᠡ ᠶᠣᠰᠣᠨ᠎ᠠ ᠨᠡᠶᠢᠴᠡᠬᠦ ᠤᠴᠢᠷ ᠪᠤᠯᠬᠤ ᠶᠤᠮ᠃ | ᠠᠲᠡ ᠪᠢ ᠲᠡᠷᠡ ᠪᠦᠭᠦᠲᠠ ᠶᠢ ᠶᠠᠷᠢᠮᠠᠷ ᠦᠭᠡᠢ ᠪᠠᠶᠢᠨ᠎ᠠ᠃ ᠬᠠᠷᠢᠨ ᠡᠪᠦᠯ ᠤᠨ ᠢᠳᠡᠰᠢᠨ ᠤ ᠦᠶ᠎ᠡ ᠪᠠᠷ | ᠰᠡᠳᠬᠢᠯ ᠳᠤ ᠠᠶ᠎ᠠ ᠮᠠᠭᠤᠲᠠᠶᠢᠬᠠᠨ ᠰᠠᠨᠠᠭᠳᠠᠭᠰᠠᠨ ᠮᠠᠯ ᠨᠢᠲᠤᠯᠬᠤ ᠲᠤᠬᠠᠢ ᠤᠴᠢᠷ ᠢᠶᠠᠷ ᠵᠢᠱᠢᠶ᠎ᠡ ᠠᠪᠴᠤ᠂ ᠴᠡᠭᠡᠷ | ᠶᠣᠰᠣᠨ ᠤ ᠲᠤᠬᠠᠢ ᠬᠡᠳᠦᠨ ᠦᠭᠡ ᠬᠡᠯᠡᠬᠦ ᠶᠢ ᠰᠠᠨᠠᠯ᠎ᠠ᠃ | ᠪᠢᠳᠡᠨ ᠤ ᠡᠪᠦᠭᠡ ᠳᠡᠭᠡᠳᠦᠰ ᠪᠠᠶᠢᠭᠠᠯᠢ ᠣᠷᠴᠢᠨ ᠲᠠᠢ ᠪᠠᠨ ᠵᠣᠬᠢᠴᠠᠵᠤ ᠠᠮᠢᠳᠤᠷᠠᠬᠤ ᠲᠠᠯ᠎ᠠ ᠪᠠᠷ ᠮᠠᠰᠢ ᠶᠡᠭᠡ | ᠤᠬᠠᠭᠠᠯᠢᠭ ᠤᠯᠤᠰ ᠪᠠᠶᠢᠭᠰᠠᠨ ᠢ ᠲᠡᠦᠬᠡ ᠭᠡᠷᠡᠴᠢᠯᠡᠨ᠎ᠡ᠃ ᠡᠨᠡ ᠨᠢ ᠮᠥᠨ ᠴᠤ ᠪᠢᠳᠡ ᠨᠠᠷ ᠤᠨ ᠲᠠᠪᠤᠨ ᠬᠤᠰᠢᠭᠤ | ᠮᠠᠯ ᠢᠶᠠᠨ ᠭᠠᠷᠰᠢᠭᠤᠯᠵᠤ ᠮᠠᠯᠵᠢᠵᠤ ᠢᠷᠡᠭᠰᠡᠨ ᠲᠡᠦᠬᠡ ᠰᠣᠶᠣᠯ ᠲᠠᠢ ᠠᠭᠠᠷ ᠨᠢᠭᠡᠲᠡᠢ ᠪᠠᠶᠢᠵᠤ ᠲᠠᠭᠠᠷᠠᠨ᠎ᠠ᠃ | ᠪᠤᠲᠤᠬᠤᠯᠠ ᠠᠮᠢ ᠭᠤᠣᠯ ᠲᠠᠢ ᠶᠠᠭᠤᠮ᠎ᠠ ᠶᠢ ᠠᠷᠠᠴᠢᠯᠠᠵᠤ ᠲᠡᠵᠢᠭᠡᠳᠡᠭ ᠪᠣᠯᠬᠤᠷ ᠬᠠᠶᠢᠷ᠎ᠠ ᠰᠡᠳᠬᠢᠯ ᠤᠨ ᠢᠵᠢᠯᠢᠰᠢᠯ | ᠬᠢᠭᠡᠳ ᠠᠮᠢ ᠨᠠᠰᠤ ᠶᠢ ᠬᠦᠨᠳᠦᠳᠬᠡᠬᠦ ᠳᠡᠭᠡᠳᠦ ᠲᠦᠪᠰᠢᠨ ᠤ ᠦᠵᠡᠯ ᠤᠬᠠᠮᠰᠠᠷ ᠲᠠᠢ ᠠᠴᠠ ᠪᠣᠯᠤᠭᠰᠠᠨ ᠪᠠᠶᠢᠬᠤ | ᠤᠴᠢᠷᠲᠠᠢ᠃ᠶᠠᠭ ᠡᠭᠦᠨ ᠠᠴᠠ ᠪᠣᠯᠤᠭᠰᠠᠨ ᠪᠠᠶᠢᠬ᠎ᠠ︕ ᠮᠠᠨᠠᠶᠢᠬᠢᠨ ᠶᠡᠷᠦ ᠨᠢ ᠡᠪᠦᠯ ᠤᠨ ᠢᠳᠡᠰᠢ ᠪᠠᠨ | ᠲᠥᠬᠦᠭᠡᠷᠬᠦ ᠳᠤ ᠮᠠᠯ ᠢᠶᠠᠨ ᠬᠤᠷᠤᠭ᠎ᠠ ᠬᠠᠰᠢᠶᠠᠨ ᠠᠴᠠ ᠪᠠᠨ ᠨᠢᠭᠡ ᠬᠤᠶᠠᠷ ᠢᠶᠠᠷ ᠠᠪᠴᠢᠷᠠᠨ᠂ ᠲᠠᠶᠢᠪᠤᠩ | ᠠᠮᠤᠭᠤᠯᠠᠩ ᠢᠶᠠᠷ ᠲᠡᠭᠷᠢ ᠬᠠᠷᠠᠭᠤᠯᠬᠤ ᠡᠭᠦᠳᠡᠨ ᠠᠴᠠ ᠬᠤᠨᠢ ᠢᠮᠠᠭ᠎ᠠ ᠶᠢ ᠨᠢ ᠥᠷᠥᠴᠡᠯᠡᠵᠦ᠂ ᠦᠬᠡᠷ ᠢ ᠰᠢᠯᠢᠯᠡᠵᠤ | ᠨᠢᠲᠤᠯᠤᠨ᠂ ᠲᠥᠬᠦᠭᠡᠷᠴᠦ ᠪᠤᠢ ᠮᠠᠯ ᠤᠨ ᠢᠶᠠᠨ ᠲᠣᠯᠣᠭᠠᠢ ᠶᠢ ᠭᠦᠷᠲᠡᠯ᠎ᠡ ᠬᠤᠶᠢᠰᠢ ᠬᠠᠨᠳᠤᠭᠤᠯᠬᠤ ᠶᠢ ᠬᠢᠴᠢᠶᠡᠳᠡᠭ | ᠵᠠᠩᠰᠢᠯ ᠲᠠᠢ ᠪᠢᠯᠡ᠃ ᠬᠠᠷᠢᠨ ᠨᠢᠲᠤᠯᠬᠤ ᠮᠠᠯ ᠢ ᠢᠵᠢᠯᠢ ᠶᠢᠨ ᠬᠢᠨᠢ ᠬᠠᠵᠠᠭᠤ ᠳᠤ ᠴᠢᠰᠤ ᠨᠥᠵᠢ ᠶᠢ ᠨᠢ | ᠭᠤᠭᠤᠵᠢᠭᠤᠯᠤᠨ ᠠᠯᠠᠵᠤ ᠨᠢᠲᠤᠯᠬᠤ᠂ ᠨᠢᠲᠤᠯᠤᠭᠰᠠᠨ ᠮᠠᠯ ᠤᠨ ᠴᠢᠰᠤ ᠨᠦᠵᠢᠨ ᠳᠡᠭᠡᠷ᠎ᠡ ᠭᠢᠰᠬᠢᠬᠦ ᠶᠢ ᠶᠡᠬᠡᠳᠡ | ᠴᠡᠭᠡᠷᠯᠡᠨ᠂ ᠮᠠᠯ ᠤᠨ ᠵᠠᠶᠠᠭ᠎ᠠ ᠶᠢ ᠭᠤᠮᠣᠳᠠᠭᠠᠭᠰᠠᠨ ᠪᠤᠯᠠᠢ ᠲᠠᠢ ᠨᠢᠭᠦᠯ ᠬᠡᠮᠡᠨ ᠦᠵᠡᠵᠦ᠂ ᠢᠯᠠᠩᠭᠤᠶ᠎ᠠ ᠴᠢᠰᠤ | ᠰᠡᠪᠡᠰᠦ ᠶᠢ ᠨᠢ ᠮᠠᠯ ᠬᠠᠷ᠎ᠠ ᠶᠢᠨ ᠵᠠᠮ ᠮᠥᠷ ᠠᠴᠠ ᠵᠠᠶᠢᠳᠠᠭᠤ ᠭᠤᠤ ᠰᠤᠪᠠᠭ ᠪᠤᠶᠤ ᠬᠤᠩᠬᠤᠷ ᠰᠢᠭ᠋ ᠭᠠᠵᠠᠷ ᠪᠤᠯᠠᠵᠤ | ᠬᠠᠶᠠᠨ᠂ ᠬᠠᠮᠢᠶ᠎ᠠ ᠨᠠᠮᠢᠶ᠎ᠠ ᠦᠭᠡᠢ ᠢᠯᠠ ᠬᠠᠶᠠᠭᠰᠠᠨ ᠠᠴᠠ ᠪᠣᠯᠵᠤ ᠦᠬᠡᠷ ᠪᠢᠷᠠᠭᠤ ᠢᠷᠡᠵᠤ ᠦᠨᠦᠷᠯᠡᠨ | ᠮᠥᠭᠡᠷᠡᠯᠳᠦᠵᠦ ᠤᠯᠠᠩᠭᠠᠰᠬᠤ ᠠᠴᠠ ᠰᠡᠷᠭᠡᠶᠢᠯᠡᠳᠡᠭ᠃ | ᠣᠳᠣ ᠪᠤᠯᠬᠤ ᠳᠤ ᠮᠠᠯ ᠨᠢᠲᠤᠯᠬᠤ ᠡᠳᠡᠭᠡᠷ ᠴᠡᠭᠡᠷ ᠶᠣᠰᠣ ᠬᠥᠳᠡᠭᠡ ᠣᠷᠣᠨ ᠨᠤᠲᠤᠭ ᠲᠤ ᠶᠡᠬᠡᠳᠡ | ᠬᠦᠨᠳᠦᠳᠬᠡᠯ ᠲᠠᠢ ᠤᠯᠠᠮᠵᠢᠯᠠᠭᠳᠠᠨ ᠶᠠᠪᠤᠭᠳᠠᠵᠤ ᠪᠠᠶᠢᠬᠤ ᠪᠤᠯᠪᠠᠴᠤ ᠬᠤᠳᠠ ᠪᠠᠯᠭᠠᠰᠤᠨ ᠤ ᠠᠯᠠᠰᠢᠨ ᠤ ᠭᠠᠵᠠᠷ ᠢᠶᠠᠷ | ᠪᠣᠯ ᠬᠠᠷᠢᠨ ᠪᠦᠷᠢᠮᠦᠰᠦᠨ ᠠᠯᠳᠠᠭᠳᠠᠵᠤ᠂ ᠦᠨᠡᠬᠡᠷ ᠴᠤ ᠨᠢᠭᠡ ︽ᠨᠢᠳᠦ ᠤᠯᠠᠭᠠᠨ ᠮᠥᠩᠭᠦ ᠴᠠᠭᠠᠨ︾ ᠭᠡᠲᠡᠭ ᠤᠨ | ᠤᠴᠢᠷ ᠪᠣᠯᠵᠠᠢ᠃ | ᠲᠡᠭᠡᠭᠡᠵᠦ ᠠᠪᠴᠢᠷᠠᠭᠰᠠᠨ ᠦᠬᠡᠷ ᠢ ᠮᠠᠰᠢᠨ ᠲᠡᠷᠭᠡᠨ ᠤ ᠣᠩᠭᠤᠴᠠᠨ ᠳᠡᠭᠡᠷ᠎ᠡ ᠠᠴᠠ ᠲᠣᠯᠣᠭᠠᠢ ᠶᠢ ᠨᠢ | ᠤᠨᠵᠢᠢᠯᠭᠠᠨ ᠪᠠᠶᠢᠵᠤ ᠰᠢᠭᠤᠳ ᠰᠢᠯᠢᠯᠡᠭᠦ ᠳᠤ᠂ ᠬᠠᠮᠲᠤ ᠲᠡᠭᠡᠭᠡᠪᠦᠷᠢᠯᠡᠵᠦ ᠠᠪᠴᠢᠷᠠᠭᠰᠠᠨ ᠨᠦᠭᠦᠭᠡ ᠭᠡᠲᠤ ᠨᠢ | ᠣᠩᠭᠤᠴᠠᠨ ᠤ ᠡᠰᠡᠷᠭᠦ ᠲᠠᠯ᠎ᠠ ᠶᠢᠨ ᠥᠨᠴᠥᠭ ᠲᠤ ᠨᠢᠳᠦ ᠪᠠᠨ ᠪᠦᠯᠲᠡᠭᠡᠨᠡᠭᠦᠯᠦᠨ ᠴᠡᠴᠡᠷᠬᠢᠯᠡᠨ ᠵᠣᠭᠰᠣᠵᠤ᠂ ᠠᠮᠢ | ᠲᠠᠯᠪᠢᠭᠳᠠᠵᠤ ᠪᠠᠶᠢᠭ᠎ᠠ ᠨᠢᠭᠡᠨ ᠤ ᠪᠠᠨ ᠮᠥᠭᠡᠷᠡᠬᠦ ᠲᠠᠭᠤᠨ ᠢᠶᠠᠷ ᠪᠦᠷ ᠴᠤ ᠠᠶᠢᠳᠠᠰ ᠪᠠᠯᠠᠭᠳᠠᠯ ᠢᠶᠠᠷ ᠳᠦᠭᠦᠷᠳᠡᠭ | ᠪᠠᠶᠢᠨ᠎ᠠ᠃ ᠵᠠᠶᠠᠭ᠎ᠠ ᠮᠠᠭᠤ ᠳᠠᠭᠠᠨ ᠴᠤ ᠪᠣᠯᠤᠭ᠂ ︽ᠦᠭᠡ ᠬᠡᠯᠡᠵᠦ ᠴᠢᠳᠠᠬᠤ ᠦᠭᠡᠢ ᠠᠴᠠ ᠪᠢᠰᠢ︾ ᠮᠠᠯ ᠳᠤ ᠪᠠᠰᠠ | ᠠᠮᠢ ᠭᠤᠣᠯ ᠪᠠᠶᠢᠭ᠎ᠠ ᠰᠢᠤ ᠳ᠋ᠠ⁈ | ᠶᠠᠷᠢᠶᠠᠨ ᠦᠭᠡᠢ ᠡᠨᠡ ᠪᠦᠭᠦᠨ ᠳᠤ ᠵᠠᠷᠢᠮ ᠭᠠᠵᠠᠷ ᠣᠷᠣᠨ ᠤ ᠵᠠᠰᠠᠭ ᠤᠨ ᠭᠠᠵᠠᠷ ᠠᠴᠠ ︽ᠠᠯᠠᠰᠢᠨ ᠤ | ᠭᠠᠵᠠᠷ︾ ᠤᠨ ᠡᠮᠬᠢ ᠳᠢᠭᠯᠢᠮ᠂ ᠶᠣᠰᠣ ᠳᠦᠷᠢᠮ ᠢ ᠨᠢᠭᠡᠳᠦᠯᠲᠡᠢ ᠰᠠᠶᠢᠬᠠᠨ ᠵᠣᠬᠢᠴᠠᠭᠤᠯᠤᠨ ᠰᠢᠢᠳᠪᠦᠷᠢᠯᠡᠵᠦ | ᠴᠢᠳᠠᠭᠰᠠᠨ ᠦᠭᠡᠢ ᠤᠴᠢᠷ ᠪᠠᠶᠢᠵᠤ ᠮᠡᠳᠡᠨ᠎ᠡ᠃ ᠪᠠᠰᠠ ᠮᠠᠨ ᠤ ᠮᠠᠯᠴᠢᠳ ᠵᠠᠬ᠎ᠠ ᠳᠡᠯᠭᠡᠭᠦᠷ ᠤᠨ ᠠᠵᠤ ᠠᠬᠤᠢ ᠶᠢᠨ | ᠵᠢᠮ᠎ᠡ ᠶᠣᠰᠣ ᠪᠠᠷ ᠮᠠᠯ ᠢᠶᠠᠨ ᠦᠨ᠎ᠡ ᠳᠤ ᠬᠦᠷᠭᠡᠵᠦ ᠬᠡᠳᠦᠨ ᠮᠥᠩᠭᠦ ᠢᠯᠡᠭᠦᠦ ᠣᠯᠬᠤ ᠭᠡᠳ ᠠᠷᠭ᠎ᠠ ᠦᠭᠡᠢ | ᠪᠠᠶᠢᠳᠠᠯ ᠤᠨ ᠳᠣᠣᠷ᠎ᠠ ᠪᠠᠰᠠ ᠲᠡᠭᠡᠭᠡᠳ ᠪᠡᠶ᠎ᠡ ᠶᠢᠨ ᠠᠮᠠᠷ ᠢᠶᠠᠨ ᠪᠤᠲᠤᠵᠤ᠂ ᠠᠯᠢ ᠲᠦᠷᠭᠡᠨ ᠢᠶᠠᠷ ᠬᠤᠳᠠᠯᠳᠤᠵᠤ | ᠭᠠᠷᠭᠠᠬᠤ ᠶᠢ ᠰᠠᠨᠠᠳᠠᠭ ᠤᠴᠢᠷ ᠴᠤ ᠪᠠᠶᠢᠵᠤ ᠮᠡᠳᠡᠨ᠎ᠡ᠃ ᠭᠡᠪᠡᠴᠦ ᠮᠠᠯᠴᠢᠨ ᠤᠳᠤᠮ ᠲᠠᠢ ᠪᠢᠳᠡ ︽ᠮᠠᠯ ᠤᠨ ᠵᠠᠶᠠᠭ᠎ᠠ | ᠭᠤᠮᠣᠳᠠᠨᠠ︾ ᠭᠡᠲᠡᠭ ᠬᠡᠴᠡᠭᠦᠦ ᠨᠢᠭᠡᠨ ᠴᠡᠭᠡᠷ ᠶᠣᠰᠣ ᠪᠠᠨ ᠮᠡᠲᠡᠵᠤ᠂ ᠵᠠᠰᠠᠭ ᠤᠨ ᠲᠠᠯ᠎ᠠ ᠴᠤ ᠪᠣᠯᠤᠭ᠂ ᠮᠠᠨ ᠤ | ᠮᠠᠯᠴᠢᠳ ᠴᠤ ᠪᠣᠯᠤᠭ ᠬᠤᠶᠠᠷ ᠲᠠᠯ᠎ᠠ ᠪᠠᠷ ᠢᠶᠠᠨ ᠢᠳᠡᠪᠬᠢᠲᠡᠢ ᠠᠷᠭ᠎ᠠ ᠪᠣᠳᠣᠯᠭ᠎ᠠ ᠰᠦᠪᠡᠭᠴᠢᠯᠡᠨ᠂ ᠡᠶᠢᠮᠦᠷᠬᠦᠦ ᠴᠡᠭᠡᠷ | ᠶᠣᠰᠣ ᠶᠢ ᠲᠡᠷᠰᠯᠡᠭᠰᠡᠨ ᠠᠷᠭ᠎ᠠ ᠭᠡᠯᠪᠡᠷᠢ ᠪᠠᠨ ᠰᠢᠨᠵᠢᠯᠡᠬᠦ ᠤᠬᠠᠭᠠᠨᠴᠢ ᠪᠠᠷ ᠥᠭᠡᠷᠡᠴᠢᠯᠡᠪᠡᠯ ᠵᠣᠬᠢᠨ᠎ᠠ᠃ | ᠣᠶᠢᠷ᠎ᠠ ᠶᠢᠨ ᠵᠢᠯ ᠤᠳ ᠢᠶᠠᠷ ᠮᠠᠯ ᠡᠵᠡᠨ ᠢᠶᠠᠨ ᠮᠥᠷᠭᠦᠵᠦ ᠰᠢᠷᠬᠠᠲᠤᠭᠤᠯᠤᠨ᠂ ᠴᠢᠨᠠᠭᠰᠢᠯᠠᠪᠠᠯ ᠠᠮᠢ ᠨᠠᠰᠤ ᠶᠢ | ᠨᠢ ᠬᠤᠷᠣᠭᠠᠭᠰᠠᠨ ᠤᠴᠢᠷ ᠴᠤ ᠬᠠᠶᠠ ᠭᠠᠷᠴᠤ ᠪᠠᠶᠢᠭᠰᠠᠨ ᠶᠤᠮ᠃ ᠡᠶᠢᠮᠦᠷᠬᠦᠦ ᠬᠠᠷᠠᠰᠠᠯᠲᠤ ᠪᠠᠶᠢᠳᠠᠯ ᠳᠤ ᠪᠢᠳᠡ | ᠵᠦᠪᠭᠡᠨ ︽ᠡᠨᠡ ᠮᠠᠭᠤᠰᠠᠶᠢᠨ ᠮᠠᠯ ᠤᠨ᠂ ᠠᠳᠠᠭ ᠨᠢ ᠬᠥᠭᠡᠷᠦᠬᠦᠢ ᠡᠵᠡᠨ ᠢᠶᠠᠨ ᠭᠦᠷᠲᠡᠯ᠎ᠡ ᠲᠠᠨᠢᠬᠤ ᠦᠭᠡᠢ᠂ ᠲᠡᠨᠡᠭ | ᠮᠡᠨᠡᠭ ᠭᠡᠲᠡᠯ᠎ᠡ ᠬᠤᠭᠤᠰᠤᠨ ᠢᠳᠡᠬᠦ ᠶᠢ ᠮᠡᠲᠡᠨ᠎ᠡ ᠁︾ ᠭᠡᠳ ᠶᠠᠭᠤ ᠪᠣᠯᠭᠠᠨ ᠢ ᠮᠠᠯ ᠳᠡᠭᠡᠷ᠎ᠡ ᠪᠠᠨ ᠲᠤᠬᠤᠵᠣ | ᠬᠠᠷᠢᠶᠠᠯ ᠵᠦᠬᠡᠯ ᠲᠠᠯᠪᠢᠨ ᠬᠠᠷᠠᠳᠠᠵᠤ ᠴᠣᠬᠢᠭᠠᠳ ᠪᠤᠯᠬᠤ ᠪᠢᠰᠢ᠂ ᠬᠠᠷᠢᠨ ᠵᠠᠷᠢᠮ ᠤᠴᠢᠷ ᠶᠠᠪᠤᠳᠠᠯ ᠢ ᠵᠠᠪᠠᠯ | ᠡᠵᠡᠨ ᠤ ᠬᠢᠨᠢ ᠤᠶᠢᠯᠡ ᠬᠢᠳᠡᠯ ᠠᠴᠠ ᠨᠢ ᠴᠤ ᠪᠠᠰᠠ ᠪᠣᠳᠣᠯᠬᠢᠯᠠᠬᠤ ᠴᠢᠬᠤᠯᠠᠲᠠᠢ᠃ | ᠠᠮᠢᠳᠤᠷᠠᠯ ᠳᠤ ᠶᠡᠷᠦ ᠨᠢ ᠴᠡᠭᠡᠷ ᠶᠣᠰᠣᠨ ᠬᠡᠷᠡᠭᠲᠡᠢ᠃ ᠤᠯᠠᠮᠵᠢᠯᠠᠯᠲᠤ ᠴᠡᠭᠡᠷ ᠶᠣᠰᠣᠨ ᠳᠤ ᠶᠠᠭᠤ ᠪᠠᠷ ᠴᠤ | ᠰᠣᠯᠢᠰᠢ ᠦᠭᠡᠢ ᠡᠷᠬᠢᠮ ᠨᠠᠨᠳᠢᠨ ᠵᠦᠢᠯᠡᠰ ᠪᠠᠶᠢᠳᠠᠭ᠃ ᠤᠯᠠᠮᠵᠢᠯᠠᠯᠲᠤ ᠨᠠᠨᠳᠢᠨ ᠵᠦᠢᠯᠡᠰ ᠢᠶᠠᠨ ᠲᠠᠶᠠᠭᠳᠠᠵᠤ᠂ | ᠠᠰᠢᠭ ᠢ ᠯᠠ ᠬᠠᠷᠠᠵᠤ ᠮᠥᠩᠭᠦ ᠶᠢ ᠯᠠ ᠬᠥᠭᠡᠭᠡᠴᠡᠯᠳᠦᠬᠦ ᠶᠤᠮ ᠪᠣᠯ ᠪᠤᠶᠠᠨ ᠵᠠᠶᠠᠭ᠎ᠠ ᠴᠢᠨᠢ ᠬᠠᠵᠠᠶᠢᠬᠤ ᠨᠢ ᠵᠦᠪᠭᠡᠨ | ᠴᠠᠭ ᠤᠨ ᠤᠴᠢᠷ ᠲᠡᠳᠦᠢ ᠪᠠᠶᠢᠵᠤ ᠮᠡᠳᠡᠨ᠎ᠠ᠃ | | |