ᠨᠠᠰᠤᠲᠠᠨ ᠪᠤᠭᠤᠷᠤᠯ ᠢᠶᠠᠨ ᠬᠠᠶᠢᠷᠠᠯᠠᠨ ᠭᠦᠨᠳᠤᠳᠭᠡᠵᠤ ᠶᠠᠪᠤᠵᠠᠭᠠᠶ᠎ᠠ
ᠨᠡᠶᠢᠲᠡᠯᠡᠭᠰᠡᠨ ᠴᠠᠭ᠄
2025/3/18
     ᠡᠷᠡᠭᠦᠯ ᠰᠠᠶᠢᠬᠠᠨ ᠠᠪᠴᠤ ᠶᠠᠪᠤᠭᠰᠠᠨ ᠪᠡᠶ᠎ᠡ ᠮᠠᠬᠠᠪᠤᠳ ᠪᠠᠶᠢᠭᠠᠯᠢ ᠶᠢᠨ ᠵᠢᠮ᠎ᠡ᠂ ᠴᠠᠭ ᠤᠨ ᠡᠷᠬᠡ ᠪᠠᠷ ᠠᠶᠠᠨᠳᠠᠭᠠᠨ ᠡᠯᠡᠭᠳᠡᠵᠦ ᠬᠥᠭᠰᠢᠷᠡᠳᠡᠭ᠃ ᠡᠨᠡ ᠦᠶ᠎ᠡ ᠳᠤ ᠬᠥᠮᠥᠨ ᠤ ᠪᠡᠶ᠎ᠡ ᠶᠢᠨ ᠡᠳ᠋ ᠡᠰ ᠡᠷᠬᠡᠲᠡᠨ ᠪᠦᠷ ᠬᠡᠪᠡᠷᠡᠭᠰᠢᠨ᠂ ᠬᠠᠭᠤᠷᠠᠶᠢᠰᠢᠯ ᠶᠡᠬᠡᠰᠴᠦ ᠤᠶᠠᠨ ᠬᠠᠳᠠᠨ ᠪᠠᠶᠢᠳᠠᠯ ᠠᠯᠳᠠᠭᠳᠠᠵᠤ ᠴᠢᠰᠤ ᠥᠳᠬᠡᠷᠡᠨ᠂ ᠴᠢᠰᠤᠨ ᠬᠠᠩᠭᠠᠮᠵᠢ ᠮᠡᠳᠡᠭᠳᠡᠬᠦᠶᠢᠴᠡ ᠳᠤᠲᠠᠭᠳᠠᠯ ᠲᠠᠢ ᠪᠣᠯᠵᠤ ᠦᠶ᠎ᠡ ᠮᠥᠴᠢ ᠶᠢᠨ ᠲᠣᠭᠲᠠᠯᠴᠠᠭ᠎ᠠ ᠥᠭᠡᠷᠡᠴᠢᠯᠡᠭᠳᠡᠵᠦ᠂ ᠬᠤᠷᠤᠭᠤ ᠭᠠᠷ ᠮᠤᠶᠢᠨᠤᠬᠷᠠᠵᠤ᠂ ᠠᠷᠠᠰᠤ ᠦᠷᠴᠢᠢᠬᠦ᠂ ᠬᠠᠷᠠᠭ᠎ᠠ᠂ ᠰᠣᠨᠣᠰᠬᠠᠯ ᠤᠨ ᠮᠡᠳᠡᠷᠡᠯ ᠤᠨ ᠴᠢᠳᠠᠪᠬᠢ ᠳᠣᠷᠣᠶᠢᠲᠠᠨ ᠬᠥᠳᠡᠯᠭᠡᠭᠡᠨ ᠤᠳᠠᠭᠠᠰᠢᠷᠠᠵᠤ ᠶᠠᠳᠠᠷᠠᠬᠤ ᠨᠢ ᠶᠡᠬᠡᠰᠳᠡᠭ᠂ ᠡᠭᠦᠨ ᠤ ᠬᠠᠮᠲᠤ ᠤᠭᠤᠷᠠᠭ ᠲᠠᠷᠢᠬᠢ ᠰᠡᠳᠬᠢᠯᠭᠡ ᠤᠶᠤᠨ ᠤᠬᠠᠭᠠᠨ ᠤ ᠬᠤᠮᠰᠠᠳᠠᠯ ᠡᠭᠦᠰᠴᠦ ᠮᠠᠷᠲᠠᠮᠠᠲᠠᠭᠠᠢ ᠪᠤᠯᠳᠠᠭ᠃      ᠬᠠᠷᠢᠨ ᠶᠠᠮᠠᠷ ᠴᠤ ᠨᠥᠬᠦᠴᠡᠯ ᠳᠤ ᠪᠡᠶ᠎ᠡ ᠪᠠᠨ ᠵᠥᠪ ᠠᠪᠴᠤ ᠶᠠᠪᠤᠵᠤ ᠠᠵᠤ ᠲᠦᠷᠤᠭᠦ ᠤᠬᠠᠭᠠᠨ ᠢᠶᠠᠨ ᠨᠠᠷᠢᠨ ᠴᠢᠩᠭ᠎ᠠ ᠲᠢᠭ ᠲᠠᠢ ᠬᠥᠳᠡᠯᠭᠡᠵᠦ ᠰᠤᠷᠤᠬᠰᠠᠠ ᠬᠥᠮᠥᠨ ᠤ ᠬᠥᠭᠰᠢᠷᠡᠯ ᠲᠡᠳᠦᠢ ᠯᠠ ᠶᠡᠭᠡ ᠬᠦᠨᠳᠦᠷᠡᠯ ᠳᠤ ᠤᠴᠠᠷᠠᠭᠤᠯᠳᠠᠭ ᠦᠭᠡᠢ ᠪᠤᠯᠬᠤ ᠶᠢ ᠤᠯᠠᠨ ᠰᠠᠶᠢᠬᠠᠨ ᠪᠤᠭᠤᠷᠤᠯᠴᠤᠳ ᠤᠨ ᠵᠢᠱᠢᠶ᠎ᠡ ᠠᠴᠠ ᠦᠵᠡᠨ ᠭᠠᠷᠴᠤ  ᠪᠣᠯᠣᠨ᠎ᠠ᠃      ᠢᠯᠠᠩᠭᠤᠶ᠎ᠠ ᠤᠶᠤᠨ ᠤ ᠨᠢᠭᠡᠨᠲᠡ ᠲᠥᠯᠥᠪᠰᠢᠭᠰᠡᠨ ᠴᠢᠳᠠᠪᠤᠷᠢ ᠶᠢ ᠪᠠᠶᠢᠩᠭᠤ ᠠᠵᠢᠯᠯᠠᠭᠤᠯᠵᠤ ᠪᠠᠶᠢᠭ᠎ᠠ ᠨᠥᠬᠦᠴᠡᠯ ᠳᠤ ᠲᠡᠭᠦᠨ ᠤ ᠲᠦᠪᠰᠢᠨ ᠤᠴᠢᠷ ᠵᠦᠭ ᠦᠭᠡᠢ ᠪᠠᠭᠤᠷᠠᠳᠠᠭ ᠦᠭᠡᠢ᠃ ᠭᠡᠪᠡᠴᠦ ᠪᠢᠳᠠ ᠨᠠᠶᠠᠨ ᠨᠠᠰᠤ ᠶᠢ ᠳᠠᠪᠠᠭᠠᠳ ᠢᠷᠡᠬᠦ ᠲᠠᠢ ᠵᠡᠷᠭᠡ ᠥᠪᠡᠷ ᠢ ᠪᠠᠨ ᠠᠪᠴᠤ ᠶᠠᠪᠤᠬᠤ ᠬᠡᠪ ᠤᠨ ᠪᠣᠯᠣᠮᠵᠢ ᠪᠠᠭᠤᠷᠠᠯᠲᠠ ᠶᠢᠨ ᠱᠠᠲᠤᠨ ᠳᠤ ᠣᠷᠣᠵᠤ᠂ ᠬᠥᠮᠥᠨ ᠤ ᠬᠠᠯᠠᠮᠵᠢ ᠳᠡᠮᠵᠢᠯᠭᠡ ᠶᠢ ᠱᠠᠭᠠᠷᠳᠠᠬᠤ ᠱᠠᠭᠠᠷᠳᠠᠯᠭ᠎ᠠ ᠠᠶᠠᠨᠳᠠᠭᠠᠨ ᠪᠤᠢ ᠪᠤᠯᠳᠠᠭ᠃ ᠡᠨᠡ ᠦᠶ᠎ᠡ ᠳᠤ ᠬᠥᠭᠰᠢᠷᠡᠯᠲᠡ ᠶᠢᠨ ᠬᠤᠷᠳᠤᠴᠠ ᠲᠦᠷᠭᠡᠳᠴᠦ᠂ ᠪᠡᠶ᠎ᠡ ᠶᠢᠨ ᠡᠨᠧᠷᠭᠢ ᠶᠢᠨ ᠵᠠᠷᠤᠴᠠᠭᠤᠯᠤᠯᠲᠠ ᠶᠢᠨ ᠨᠥᠬᠦᠬᠦ ᠡᠬᠡ ᠡᠭᠦᠰᠪᠦᠷᠢ ᠬᠤᠮᠰᠠᠳᠠᠵᠤ ᠤᠯᠠᠮ ᠢᠶᠠᠷ ᠪᠤᠰᠤᠳ ᠤᠨ ᠭᠠᠷ ᠬᠠᠷᠠᠵᠤ ᠲᠦᠰᠢᠭ ᠲᠤᠯᠭᠠᠭᠤᠷᠢ ᠬᠠᠯᠠᠮᠵᠢ ᠳᠡᠮᠵᠢᠯᠭᠡ ᠶᠢ ᠡᠷᠢᠵᠦ ᠡᠬᠢᠯᠡᠳᠡᠭ᠂ ᠡᠶᠢᠮᠦ ᠦᠶ᠎ᠡ ᠳᠤ ᠦᠷ᠎ᠡ ᠬᠡᠦᠬᠡᠳ ᠲᠦᠷᠤᠯ ᠲᠦᠷᠦᠭᠰᠡᠳ ᠪᠣᠯᠣᠨ ᠨᠡᠶᠢᠭᠡᠮ ᠤᠨ ᠬᠠᠶᠢᠷ᠎ᠠ ᠬᠠᠯᠠᠮᠵᠢ ᠦᠨᠡᠨ ᠬᠦ ᠠᠴᠢ ᠲᠤᠰᠠ ᠶᠢ ᠨᠢ ᠬᠠᠷᠢᠭᠤᠯᠬᠤ ᠴᠠᠭ ᠪᠣᠯᠣᠯ᠎ᠠ ᠭᠡᠰᠡᠨ ᠣᠶᠢᠯᠠᠭᠠᠯᠲᠠ ᠲᠥᠷᠥᠭᠳᠡᠯ  ᠲᠠᠢ ᠪᠠᠶᠢᠬᠤ ᠬᠡᠷᠡᠭᠲᠡᠢ᠃ ᠬᠥᠮᠥᠨ ᠥᠲᠡᠯᠵᠦ ᠬᠥᠭᠰᠢᠷᠡᠭᠰᠡᠭᠡᠷ ᠠᠮᠢᠳᠤᠷᠠᠯ ᠤᠨ ᠪᠤᠴᠠᠬᠤ ᠵᠠᠮ ᠳᠠᠭᠠᠨ ᠣᠷᠣᠭᠰᠠᠨ ᠢ ᠬᠡᠨ ᠴᠤ ᠠᠷᠭᠠᠯᠠᠵᠤ ᠴᠢᠳᠠᠬᠤ ᠦᠭᠡᠢ᠂ ᠢᠯᠠᠩᠭᠤᠶ᠎ᠠ ᠠᠷᠬᠠᠭ ᠬᠠᠭᠤᠴᠢᠨ ᠲᠠᠢ᠂ ᠡᠯᠳᠡᠪ ᠡᠪᠡᠳᠴᠢᠨ ᠳᠤ ᠨᠡᠷᠪᠡᠭᠳᠡᠬᠦ ᠦᠶ᠎ᠡ ᠳᠤ ᠡᠮᠨᠡᠯᠭᠡ ᠶᠢᠨ ᠬᠤᠷᠢᠶ᠎ᠠ ︽ᠨᠠᠰᠤᠨ ᠤ ᠬᠢ︾ ᠭᠡᠳᠡᠭ ᠦᠭᠡ ᠪᠠᠷ ᠬᠠᠯᠬᠠᠪᠴᠢ ᠬᠢᠵᠦ᠂ ᠬᠠᠶᠢᠬᠤᠷᠤᠮᠵᠢ ᠦᠭᠡᠢ ᠬᠠᠨᠳᠤᠳᠠᠭ᠃ ᠬᠡᠪᠲᠡᠭᠦᠯᠵᠦ ᠰᠤᠪᠢᠯᠠᠬᠤ ᠳᠤᠷ᠎ᠠ ᠦᠭᠡᠢ ᠲᠦᠪᠡᠭᠰᠢᠶᠡᠳᠡᠭ ᠨᠢ ᠨᠠᠰᠤᠲᠠᠳ ᠲᠤ ᠠᠰᠤᠷᠤ ᠶᠡᠭᠡ ᠬᠦᠨᠳᠦ ᠳᠠᠷᠤᠭᠠᠰᠤ ᠪᠤᠯᠳᠠᠭ᠃      ᠨᠠᠰᠤᠨ ᠥᠨᠳᠥᠷ ᠪᠣᠯᠵᠤ ᠬᠥᠮᠥᠨ ᠤ ᠬᠠᠯᠠᠮᠵᠢ ᠢᠪᠡᠭᠡᠯ ᠢ ᠮᠥᠷᠥᠭᠡᠳᠴᠦ᠂ ᠠᠶᠤᠮᠠᠲᠠᠭᠠᠢ᠂ ᠰᠣᠴᠢᠮᠠᠲᠠᠭᠠᠢ᠂ ᠭᠤᠮᠣᠳᠠᠮᠠᠲᠠᠭᠠᠢ᠂ ᠮᠠᠷᠲᠠᠮᠠᠲᠠᠭᠠᠢ ᠪᠣᠯᠤᠭᠰᠠᠨ ᠡᠨᠡ ᠦᠶ᠎ᠡ ᠶᠢ ᠦᠯᠤ ᠬᠠᠶᠢᠬᠤᠷᠤᠨ ᠲᠣᠭᠤᠮᠰᠠᠷ ᠦᠭᠡᠢ ᠬᠠᠨᠳᠤᠵᠤ ᠬᠥᠯ  ᠭᠠᠷ ᠨᠢ ᠮᠡᠳᠡᠷᠡᠮᠵᠢ ᠮᠠᠭᠤᠲᠠᠢ ᠤᠴᠢᠷ ᠠᠴᠠ ᠪᠣᠯᠤᠭᠰᠠᠨ ᠰᠢᠷᠦᠭᠦᠨ ᠳᠤᠬᠰᠢᠨ ᠵᠠᠩᠨᠠᠵᠤ ᠵᠠᠩᠳᠤᠷᠴᠤ ᠵᠢᠮᠡᠯᠡᠬᠦ ᠨᠢ ᠲᠤᠶᠢᠯ ᠤᠨ ᠪᠤᠷᠤᠭᠤ᠃ ᠮᠥᠨ ᠪᠠᠶᠢᠩᠭᠤ ᠶᠢᠨ ᠬᠠᠯᠠᠮᠵᠢ ᠬᠠᠶᠢᠷ᠎ᠠ ᠢᠪᠡᠭᠡᠯ ᠱᠠᠭᠠᠷᠳᠠᠭᠰᠠᠨ ᠡᠴᠦᠰ ᠤᠨ ᠮᠥᠴᠡ ᠶᠢᠨ ᠡᠨᠡ ᠦᠶ᠎ᠡ ᠳᠤ ᠭᠠᠭᠴᠠ ᠨᠢᠭᠡ ᠵᠥᠭᠡᠯᠡᠨ ᠦᠭᠡ᠂ ᠵᠢᠵᠢᠭ ᠰᠠᠵᠢᠭ ᠪᠡᠯᠡᠭ ᠰᠡᠯᠲᠡ ᠪᠠᠷ ᠠᠷᠭᠠᠴᠠᠭᠠᠳ ᠲᠤᠰᠠ ᠪᠤᠯᠳᠠᠭ ᠦᠭᠡᠢ᠂ ᠤᠴᠢᠷ ᠨᠢ ᠡᠳ᠋ ᠮᠥᠩᠭᠦ᠂ ᠢᠳᠡᠵᠦ ᠤᠤᠭᠤᠬᠤ ᠴᠥᠮ ᠲᠡᠭᠦᠨ ᠤ ᠬᠡᠷᠡᠭᠴᠡᠭᠡ ᠪᠢᠰᠢ ᠪᠣᠯᠤᠭᠰᠠᠨ ᠦᠶ᠎ᠡ ᠶᠤᠮ᠃      ᠬᠥᠮᠥᠨ ᠤ ᠵᠡᠷᠭᠡ ᠳᠤ ᠬᠦᠷᠭᠡᠭᠰᠡᠨ ᠦᠷ᠎ᠡ ᠬᠡᠦᠬᠡᠳ ᠨᠢ ᠨᠡᠶᠢᠭᠡᠮ ᠨᠡᠶᠢᠳᠡ ᠳᠤ ᠵᠢᠳᠬᠦᠵᠦ᠂ ᠪᠦᠲᠦᠭᠡᠭᠰᠡᠨ ᠠᠵᠢᠯ ᠦᠢᠯᠡᠰ ᠢ ᠨᠢ ᠦᠨᠡᠯᠡᠶ᠎ᠡ ᠭᠡᠪᠡᠯ ᠳᠡᠷᠭᠡᠳᠡ ᠨᠢ ᠪᠠᠶᠢᠩᠭᠤ ᠪᠠᠶᠢᠵᠤ ᠠᠮᠤᠷ ᠲᠠᠶᠢᠪᠤᠩ ᠪᠠᠶᠢᠯᠭᠠᠵᠤ᠂ ᠢᠷᠦᠭᠡᠯ ᠮᠠᠭᠲᠠᠭᠠᠯ ᠤᠨ ᠦᠭᠡ ᠪᠠᠷ ᠰᠡᠳᠬᠢᠯ ᠰᠠᠨᠠᠭ᠎ᠠ ᠶᠢ ᠨᠢ ᠪᠠᠶᠠᠰᠬᠠᠵᠤ᠂ ᠥᠪᠡᠷ ᠤᠨ ᠬᠢ ᠨᠢ ᠦᠭᠡ ᠶᠢ ᠰᠣᠨᠣᠰᠴᠤ ᠬᠦᠰᠡᠭᠰᠡᠨ ᠵᠦᠢᠯ ᠢ ᠨᠢ ᠪᠡᠶᠡᠯᠡᠭᠦᠯᠵᠦ ᠪᠠᠶᠢᠪᠠᠯ ᠲᠠᠷᠠ ᠬᠥᠮᠥᠨ ᠪᠠᠶᠠᠷᠯᠠᠵᠤ ᠪᠠᠶᠢᠳᠠᠭ᠃      ᠶᠡᠷᠦ ᠨᠢ ᠦᠷ᠎ᠡ ᠬᠡᠦᠬᠡᠳ᠂ ᠤᠯᠤᠰ ᠨᠡᠶᠢᠭᠡᠮ ᠤᠨ ᠢᠶᠠᠨ ᠲᠥᠯᠥᠭᠡ ᠴᠢᠩ ᠠᠷᠢᠭᠤᠨ ᠰᠡᠳᠬᠢᠯ ᠢᠶᠠᠷ ᠵᠢᠳᠬᠦᠵᠦ ᠪᠤᠰᠤᠳ ᠲᠤ ᠪᠠᠶᠢᠩᠭᠤ ᠳᠡᠮᠵᠢᠯᠭᠡ ᠲᠤᠰᠠᠯᠠᠯᠴᠠᠭ᠎ᠠ ᠦᠵᠡᠭᠦᠯᠵᠦ ᠮᠠᠭᠤ ᠰᠠᠨᠠᠭ᠎ᠠ ᠦᠭᠡᠢ ᠬᠠᠷᠠᠮ ᠦᠭᠡᠢ ᠶᠠᠪᠤᠭᠰᠠᠨ ᠬᠥᠮᠥᠰ ᠤᠷᠳᠤ ᠨᠠᠰᠤᠯᠠᠳᠠᠭ᠂ ᠭᠡᠪᠡᠴᠦ ᠲᠠᠶᠢᠮᠤ ᠰᠠᠶᠢᠬᠠᠨ ᠬᠥᠮᠥᠰ ᠡᠪᠡᠳᠴᠢᠨ ᠡᠮᠭᠡᠭ ᠲᠤ ᠨᠡᠷᠪᠡᠭᠳᠡᠵᠦ ᠪᠤᠢ᠂ ᠡᠴᠦᠰ ᠤᠨ ᠡᠴᠦᠰ ᠲᠤ ᠪᠡᠶ᠎ᠡ ᠰᠡᠳᠬᠢᠯ ᠤᠨ ᠠᠰᠤᠷᠤ ᠶᠡᠭᠡ ᠴᠡᠨᠡᠭ ᠢ ᠥᠪᠡᠷ ᠠᠴᠠ ᠪᠠᠨ ᠭᠠᠷᠭᠠᠵᠤ᠂ ᠦᠬᠦᠬᠦ ᠡᠪᠡᠳᠴᠢᠨ ᠢ ᠦᠯᠤ ᠬᠠᠶᠢᠬᠤᠷᠤᠨ ᠪᠤᠰᠤᠳ ᠲᠤ ᠳᠠᠷᠤᠭᠠᠰᠤ ᠲᠦᠪᠡᠭ ᠤᠴᠠᠷᠠᠭᠤᠯᠬᠤ ᠦᠭᠡᠢ ᠪᠠᠷ ᠪᠤᠷᠬᠠᠨ ᠤ ᠣᠷᠣᠨ ᠳᠤ ᠶᠠᠪᠤᠵᠠᠭᠠᠳᠠᠭ᠂ ᠲᠠᠶᠢᠮᠤ ᠬᠥᠮᠥᠰ ᠦᠬᠦᠬᠦ ᠠᠴᠠ ᠠᠶᠤᠳᠠᠭ ᠦᠭᠡᠢ᠃ ᠦᠬᠦᠬᠦ ᠬᠥᠮᠥᠨ ᠳᠤ ᠶᠠᠭᠤ ᠴᠤ ᠬᠡᠷᠡᠭ ᠦᠭᠡᠢ᠂ ᠬᠥᠮᠥᠨ ᠨᠠᠷᠠᠳᠤ ᠶᠢᠨ ᠬᠤᠷᠸ᠎ᠠ ᠳᠤ ᠨᠢᠴᠦᠭᠦᠨ ᠢᠷᠡᠭᠡᠳ ᠨᠢᠴᠦᠭᠦᠨ ᠪᠤᠴᠠᠳᠠᠭ ᠭᠡᠳᠡᠭ ᠢ ᠪᠦᠷᠢᠨ ᠤᠬᠠᠮᠰᠠᠷᠯᠠᠭᠰᠠᠨ ᠪᠠᠶᠢᠳᠠᠭ᠃ ᠡᠶᠢᠮᠦ ᠶᠢᠨ ᠲᠤᠯᠠᠳᠠ ᠠᠮᠢᠳᠤ ᠴᠠᠭ ᠲᠠᠭᠠᠨ ᠬᠥᠮᠥᠰ ᠪᠡᠶ᠎ᠡ ᠪᠡᠶ᠎ᠡ ᠪᠠᠨ ᠬᠠᠶᠢᠷᠠᠯᠠᠵᠤ᠂ ᠡᠨᠡᠷᠢᠵᠦ᠂ ᠲᠤᠰᠠᠯᠠᠵᠤ᠂ ᠲᠠᠮᠵᠢᠵᠤ ᠶᠠᠪᠤᠬᠤ ᠪᠤᠶᠠᠨ ᠤ ᠳᠡᠭᠡᠳᠦ ᠭᠡᠳᠡᠭ ᠪᠢᠯᠡ᠃      ᠵᠢᠮ᠎ᠡ ᠶᠣᠰᠣ ᠪᠠᠷ ᠢᠶᠠᠨ ᠥᠨᠳᠥᠷ ᠨᠠᠰᠤᠯᠠᠵᠤ ᠰᠠᠶᠢᠬᠠᠨ ᠶᠠᠪᠤᠭ᠎ᠠ ᠨᠠᠰᠤᠲᠠᠳ ᠢᠶᠠᠨ ᠲᠦᠪᠡᠭᠰᠢᠶᠡᠵᠦ ᠪᠤᠤ ᠭᠤᠮᠣᠳᠠᠭ᠎ᠠ᠂ ᠳᠤᠩ ᠶᠡᠭᠡ ᠬᠠᠷᠠᠮᠰᠠᠯ ᠪᠣᠯᠣᠨ᠎ᠠ ᠰᠢᠤ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号