ᠬᠡᠯᠡᠬᠦ ᠪᠠ ᠬᠢᠬᠦ
ᠨᠡᠶᠢᠲᠡᠯᠡᠭᠰᠡᠨ ᠴᠠᠭ᠄
2025/4/14
     ᠠᠵᠢᠯ ᠠᠮᠢᠳᠤᠷᠠᠯ ᠳᠤ ᠬᠡᠯᠡᠬᠦ ᠪᠠ ᠬᠢᠬᠦ ᠠᠴᠠ ᠵᠠᠶᠢᠯᠠᠵᠤ ᠭᠠᠷᠴᠤ ᠴᠢᠳᠠᠬᠤ ᠬᠥᠮᠥᠨ ᠠᠯᠠᠭ᠎ᠠ᠃ ᠭᠡᠬᠦ ᠳᠡᠭᠡᠨ᠂ ᠬᠡᠯᠡᠬᠦ ᠪᠠ ᠬᠢᠬᠦ ᠶᠢᠨ ᠬᠠᠷᠢᠴᠠᠭ᠎ᠠ ᠶᠢ ᠵᠣᠬᠢᠴᠠᠭᠤᠯᠤᠨ ᠬᠡᠮᠵᠢᠶ᠎ᠡ ᠶᠢ ᠲᠠᠭᠠᠷᠠᠭᠤᠯᠤᠨ᠎ᠠ ᠭᠡᠳᠡᠭ ᠮᠥᠨ ᠴᠦ ᠨᠢᠭᠡ ᠡᠷᠳᠡᠮ ᠠᠵᠢ᠃      ︽ᠬᠡᠯᠡᠬᠦ︾ ᠳᠤ ᠰᠠᠨᠠᠭ᠎ᠠ ᠶᠢ ᠢᠯᠡᠳᠬᠡᠬᠦ᠂ ᠪᠤᠳᠤᠯ ᠢ ᠳᠠᠮᠵᠢᠭᠤᠯᠬᠤ᠂ ᠬᠠᠷᠠᠯᠲᠠ ᠶᠢ ᠲᠣᠳᠣᠷᠬᠠᠶᠢᠯᠠᠬᠤ ᠭᠡᠬᠦ ᠮᠡᠲᠦ ᠶᠢᠨ ᠴᠢᠳᠠᠮᠵᠢ ᠲᠠᠢ ᠪᠠᠶᠢᠵᠤ᠂ ᠲᠠᠨᠢᠯᠲᠠ ᠶᠢᠨ ᠠᠢ ᠳᠤ ᠬᠠᠷᠢᠶᠠᠯᠠᠭᠳᠠᠵᠤ᠂ ᠬᠠᠷᠢᠨ ︽ᠬᠢᠬᠦ︾ ᠨᠢ ︽ᠬᠡᠯᠡᠬᠦ︾  ᠶᠢᠨ ᠵᠣᠷᠢᠯᠭ᠎ᠠ ᠪᠡᠶᠡᠯᠡᠭᠳᠡᠯ ᠪᠠᠶᠢᠵᠤ᠂ ᠦᠢᠯᠡᠳᠦᠯᠭᠡ ᠶᠢᠨ ᠠᠢ ᠳᠤ ᠬᠠᠷᠢᠶᠠᠯᠠᠭᠳᠠᠳᠠᠭ᠃ ᠦᠢᠯᠡᠳᠦᠯᠭᠡ ᠨᠢ ᠲᠠᠨᠢᠯᠲᠠ  ᠶᠢᠨ ᠰᠠᠭᠤᠷᠢ ᠪᠤᠯᠳᠠᠬ ᠢᠶᠠᠷ ︽ᠬᠢᠬᠦ︾ ᠨᠢ ︽ᠬᠡᠯᠡᠬᠦ︾ ᠶᠢᠨ ᠰᠠᠭᠤᠷᠢ᠂ ︽ᠬᠡᠯᠡᠬᠦ︾ ᠨᠢ ︽ᠬᠢᠬᠦ︾ ᠶᠢᠨ ᠵᠢᠯᠣᠭᠤᠳᠤᠮᠵᠢ ᠶᠤᠮ᠃ ︽ᠬᠡᠯᠡᠬᠦ︾ ᠪᠠ ︽ᠬᠢᠬᠦ︾ ᠭᠡᠭᠴᠢ ᠬᠡᠨ ᠠᠯᠢᠨ ᠠᠴᠠ ᠪᠠᠨ ᠰᠠᠯᠵᠤ ᠴᠢᠳᠠᠬᠤ ᠦᠭᠡᠢ ᠬᠠᠷᠢᠴᠠᠭ᠎ᠠ ᠬᠤᠯᠪᠤᠭ᠎ᠠ ᠲᠠᠢ ᠮᠥᠷᠲᠡᠭᠡᠨ ᠬᠠᠷᠢᠯᠴᠠᠨ ᠤᠯᠠᠷᠢᠳᠠᠭ᠃      ᠬᠡᠯᠡᠬᠦ ᠭᠡᠭᠴᠢ ᠲᠡᠷᠡ ᠴᠢᠭ ᠢᠶᠠᠷ ᠢᠶᠠᠨ ᠤᠷᠠᠯᠢᠭ᠃ ᠪᠤᠳᠤᠯᠢᠶᠠᠨᠲᠤ ᠶᠠᠪᠤᠳᠠᠯ ᠢ ᠣᠶᠢᠯᠠᠭᠠᠮᠵᠢᠲᠠᠢ ᠰᠠᠶᠢᠬᠠᠨ ᠶᠠᠷᠢᠳᠠᠭ ᠬᠥᠮᠥᠨ ᠪᠠᠶᠢᠨ᠎ᠠ ᠭᠡᠬᠦ ᠳᠤ᠂ ᠪᠤᠳᠤᠵᠦ ᠲᠤᠩᠭᠠᠭᠠᠯ ᠦᠭᠡᠢ ᠪᠠᠷ ᠡᠬᠢ ᠠᠳᠠᠭ ᠨᠢ ᠣᠯᠳᠠᠬᠤ ᠦᠭᠡᠢ ᠶᠠᠷᠢᠳᠠᠭ ᠴᠦ ᠪᠠᠶᠢᠳᠠᠭ᠂ ᠤᠷᠠᠨ ᠦᠭᠡ ᠪᠠᠷ ᠤᠷᠤᠰᠬᠠᠵᠤ ᠤᠴᠢᠷ ᠶᠠᠪᠤᠳᠠᠯ ᠢ ︽ᠭᠠᠷ ᠤᠨ ᠠᠯᠠᠭ᠎ᠠ ᠤᠷᠪᠠᠭᠤᠯᠬᠤ︾ ᠮᠡᠲᠦ ᠠᠮᠠᠷᠬᠠᠨ ᠢᠶᠠᠷ ᠶᠠᠷᠢᠳᠠᠭ ᠴᠦ ᠪᠤᠢ᠃ ᠬᠢᠬᠦ ᠲᠤᠬᠠᠢ ᠭᠡᠪᠡᠯ᠂ ᠡᠪᠯᠡᠭᠦᠯᠵᠦ ᠠᠷᠭᠠᠴᠠᠭᠠᠨ ᠬᠢᠬᠦ᠂ ᠴᠢᠨᠡᠭᠡ ᠪᠠᠷ ᠢᠶᠠᠨ ᠬᠦᠴᠦᠯᠡᠵᠦ ᠭᠢᠯᠠᠷᠠᠲᠠᠯ᠎ᠠ ᠬᠢᠬᠦ ᠵᠡᠷᠭᠡ ᠠᠳᠠᠯᠢ ᠪᠤᠰᠤ ᠶᠢᠨ ᠬᠡᠮᠵᠢᠶ᠎ᠡ ᠪᠠᠶᠢᠳᠠᠭ ᠪᠥᠭᠡᠳ ᠬᠥᠮᠥᠨ ᠦᠵᠡᠵᠦ ᠪᠠᠶᠢᠳᠠᠯ ᠢ ᠠᠵᠢᠭᠯᠠᠵᠤ ᠬᠢᠬᠦ᠂ ᠬᠤᠪᠢᠨ ᠳᠤᠨᠢ ᠠᠰᠢᠭᠲᠠᠢ ᠪᠣᠯ ᠬᠢᠵᠦ ᠡᠰᠡᠪᠡᠰᠦ ᠬᠤᠶᠢᠰᠢ ᠰᠠᠭᠤᠬᠤ ᠵᠡᠷᠭᠡ ᠠᠰᠢᠭ ᠬᠠᠷᠠᠬᠤ ᠦᠵᠡᠭᠳᠡᠯ ᠴᠦ ᠪᠠᠶᠢᠳᠠᠭ᠃ ᠶᠣᠰᠣᠲᠠᠢ ᠭᠤᠶᠤ ᠭᠡᠯᠡᠴᠢᠭᠡᠳ᠂ ᠦᠨᠡᠨ ᠬᠢᠭᠡᠳ ᠡᠬᠢᠯᠡᠬᠦ ᠳᠤ ᠠᠯᠪᠠ ᠬᠠᠰᠢᠵᠤ ᠠᠮᠠ ᠪᠥᠭᠯᠡᠬᠦ ᠶᠢ ᠡᠷᠳᠡᠮ ᠳᠤ ᠪᠤᠳᠤᠵᠦ᠂ ︽ᠬᠡᠯᠡᠬᠦ ᠨᠢ ᠳᠡᠯᠡᠬᠡᠢ᠂ ᠬᠢᠬᠦ ᠨᠢ ᠮᠡᠯᠡᠬᠡᠢ︾ ᠬᠥᠮᠥᠨ ᠪᠠᠶᠢᠨ᠎ᠠ ᠭᠡᠬᠦ ᠳᠤ᠂ ᠬᠢᠴᠢᠶᠡᠮᠵᠢᠲᠡᠢ ᠬᠡᠯᠡᠵᠦ ᠪᠣᠯᠭᠤᠮᠵᠢᠲᠠᠢ ᠣᠷᠣᠵᠤ᠂ ᠬᠡᠯᠡᠭᠰᠡᠨ ᠳᠡᠭᠡᠨ ᠵᠠᠪᠠᠯ ᠬᠦᠷᠴᠦ᠂ ᠬᠢᠭᠰᠡᠨ ᠢᠶᠠᠨ ᠡᠷᠬᠡᠪᠰᠢ ᠭᠦᠢᠴᠡᠭᠡᠳᠡᠭ ᠬᠥᠮᠥᠨ ᠴᠦ ᠪᠠᠶᠢᠳᠠᠭ᠃ ︽ᠠᠪᠤ ᠶᠢᠨ ᠬᠡᠦᠬᠡᠳ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ︾ ᠭᠡᠳᠡᠭᠴᠢᠯᠡᠨ᠂ ᠡᠨᠡ ᠨᠢ ᠬᠥᠮᠥᠨ ᠪᠣᠯᠭᠠᠨ ᠤ ᠲᠥᠷᠥᠯᠬᠢ ᠶᠢᠨ ᠵᠠᠩ᠂ ᠭᠥᠷᠳᠡᠭᠰᠡᠨ ᠬᠥᠮᠦᠵᠢᠯ᠂ ᠤᠬᠠᠭᠠᠨ ᠰᠠᠨᠠᠭ᠎ᠠ ᠭᠡᠬᠦ ᠮᠡᠲᠦ ᠶᠢᠨ ᠵᠥᠷᠢᠶ᠎ᠡ ᠠᠴᠠ ᠰᠢᠯᠲᠠᠭᠠᠯᠠᠭᠳᠠᠭᠰᠠᠨ ᠪᠠᠶᠢᠵᠤ ᠲᠠᠭᠠᠷᠠᠨ᠎ᠠ᠃      ᠬᠡᠯᠡᠬᠦ ᠳᠤ ᠭᠢᠯᠪᠡᠷ᠂ ᠬᠢᠬᠦ ᠳᠤ ᠬᠦᠴᠢᠷ᠃ ᠬᠤᠷᠣᠮ ᠵᠠᠭᠤᠷ᠎ᠠ ᠶᠢᠨ ᠬᠤᠭᠤᠷᠣᠨᠳᠤ ᠬᠡᠯᠡᠭᠰᠡᠨ ᠢ ᠬᠢᠵᠦ ᠭᠦᠢᠴᠡᠭᠡᠬᠦ ᠳᠤ ᠬᠠᠯᠠᠰᠢᠷᠠᠯ ᠦᠭᠡᠢ ᠴᠢᠷᠮᠠᠶᠢᠯᠭ᠎ᠠ ᠬᠡᠷᠡᠭᠰᠡᠳᠡᠭ᠂ ᠬᠠᠷᠢᠨ ᠬᠠᠮᠤᠭ ᠤᠨ ᠡᠴᠦᠰ ᠲᠤᠨᠢ ᠪᠦᠲᠦᠬᠦ ᠦᠭᠡᠢ ᠴᠦ ᠶᠠᠭᠤᠨ ᠮᠠᠭᠠᠳ᠃ ᠬᠡᠯᠡᠭᠰᠡᠨ ᠦᠭᠡ ᠬᠤᠳᠠᠯ ᠬᠤᠭᠤᠰᠤᠨ ᠪᠠᠶᠢᠵᠤ ᠮᠡᠳᠡᠨ᠎ᠠ᠂ ᠬᠠᠷᠢᠨ ᠬᠢᠭᠰᠡᠨ ᠶᠠᠭᠤᠮ᠎ᠠ ᠪᠣᠯ ᠭᠠᠷᠴᠠᠭ᠎ᠠ ᠦᠭᠡᠢ ᠦᠨᠡᠨ ᠪᠣᠳᠠᠲᠠᠢ ᠶᠤᠮ᠃ ᠤᠷᠠᠯᠠᠵᠤ᠂ ᠳᠠᠪᠠᠭᠤᠯᠵᠤ᠂ ᠲᠡᠷᠡᠴᠢᠯᠡᠨ ᠵᠠᠯᠢᠯᠠᠵᠤ ᠬᠡᠯᠡᠭᠰᠡᠨ ᠴᠦ ᠪᠠᠶᠢᠵᠤ ᠮᠡᠳᠡᠨ᠎ᠠ᠂ ᠬᠠᠷᠢᠨ ᠬᠢᠭᠰᠡᠨ ᠶᠠᠭᠤᠮ᠎ᠠ ᠪᠣᠯ ᠬᠤᠳᠠᠯ ᠬᠡᠯᠡᠳᠡᠭ ᠦᠭᠡᠢ ᠪᠢᠯᠡ᠃ ᠨᠢᠭᠡ ᠬᠥᠮᠥᠨ ᠤ ᠶᠠᠭᠤ ᠬᠡᠯᠡᠭᠰᠡᠨ  ᠠᠴᠠ ᠨᠢ ᠶᠠᠭᠠᠬᠢᠵᠤ ᠬᠢᠭᠰᠡᠨ ᠨᠢ ᠨᠡᠩ ᠶᠡᠭᠡ ᠦᠨ᠎ᠡ ᠴᠠᠨ᠎ᠠ ᠲᠠᠢ ᠶᠤᠮ᠃ ᠲᠡᠶᠢᠮᠦ ᠳᠡᠭᠡᠨ ᠰᠠᠶᠢᠬᠠᠨ ᠦᠭᠡ ᠶᠠᠷᠢᠬᠤ ᠦᠭᠡᠢ ᠴᠦ ᠪᠣᠳᠠᠲᠠᠢ ᠬᠢᠳᠡᠭ ᠬᠥᠮᠥᠨ ᠢ ᠣᠯᠠᠩᠬᠢ ᠬᠥᠮᠥᠰ ᠮᠡᠳᠡᠷᠡᠵᠦ ᠲᠠᠭᠠᠰᠢᠶᠠᠳᠠᠭ᠃      ᠶᠠᠭᠤ ᠶᠠᠭᠠᠬᠢᠵᠤ ᠬᠡᠯᠡᠭᠰᠡᠨ ᠢ ᠨᠢ ᠰᠤᠨᠤᠰᠬᠤ ᠶᠢᠨ ᠲᠡᠳᠦᠢ ᠪᠢᠰᠢ᠂ ᠬᠡᠷᠬᠢᠨ ᠬᠢᠵᠦ ᠬᠢᠷᠢ ᠵᠡᠷᠭᠡ ᠪᠦᠲᠦᠭᠡᠭᠰᠡᠨ ᠢ ᠨᠢ ᠦᠵᠡᠬᠦ ᠨᠢ ᠨᠡᠩ ᠴᠢᠬᠤᠯᠠ ᠶᠤᠮ᠃ ︽ᠬᠡᠯᠡᠪᠡᠯ ᠬᠢᠵᠦ᠂ ᠬᠢᠪᠡᠯ ᠵᠠᠪᠠᠯ ᠪᠦᠲᠦᠭᠡᠬᠦ︾ ᠵᠣᠷᠢᠭ ᠢ ᠪᠠᠷᠢᠵᠤ᠂ ᠬᠡᠯᠡᠬᠦ ᠪᠠ ᠬᠢᠬᠦ ᠶᠢ ᠤᠶᠠᠯᠳᠤᠭᠤᠯᠵᠤ᠂ ᠬᠡᠯᠡᠵᠦ ᠴᠢᠳᠠᠬᠤ ᠮᠥᠷᠲᠡᠭᠡᠨ ᠬᠢᠬᠦ ᠳᠡᠭᠡᠨ ᠨᠡᠩ ᠴᠢᠳᠠᠮᠠᠭᠠᠢ ᠪᠠᠶᠢᠪᠠᠯ ᠬᠠᠮᠤᠭ ᠤᠨ ᠰᠠᠶᠢᠨ ᠶᠠᠪᠤᠳᠠᠯ ᠲᠡᠷᠡ ᠶᠤᠮ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号