ᠬᠠᠨ ᠠᠭᠤᠯᠠ ᠶᠢᠨ ᠨᠠᠮᠤᠷ
ᠨᠡᠶᠢᠲᠡᠯᠡᠭᠰᠡᠨ ᠴᠠᠭ᠄
2023/11/15
     ᠰᠡᠳᠬᠢᠯ ᠢ ᠰᠠᠬᠭᠠᠭᠤᠯᠤᠬᠴᠢ᠂ ᠰᠠᠨᠠᠭ᠎ᠠ ᠶᠢ ᠤᠷᠮᠠᠰᠢᠭᠤᠯᠤᠭᠴᠢ᠂ ᠪᠠᠰᠠ ᠵᠠᠪᠰᠠᠷ ᠢᠶᠠᠷ ᠨᠢ ᠵᠢᠭᠠᠬᠠᠨ ᠵᠢᠭᠠᠬᠠᠨ ᠭᠤᠨᠢᠭ ᠤᠨ ᠠᠶᠠᠰ ᠴᠢᠪᠬᠠᠳᠠᠭᠠᠳ ᠪᠠᠶᠢᠳᠠᠭ ᠨᠠᠮᠤᠷ ᠴᠠᠭ ᠤᠮᠠᠷᠠᠲᠤ ᠶᠢᠨ ᠥᠨᠳᠦᠷᠯᠢᠭ ᠲᠤ ᠣᠷᠣᠶᠢᠬᠠᠨ ᠠᠰᠬᠠᠷᠠᠵᠤ᠂ ᠤᠳᠠᠭᠠᠬᠠᠨ ᠲᠠᠷᠬᠠᠵᠠᠢ᠃      ᠭᠠᠯ ᠨᠠᠷᠠᠨ ᠨᠢᠭᠡᠨ ᠭᠦᠭ ᠢᠶᠠᠷ ᠵᠥᠭᠡᠯᠡᠨ ᠡᠷᠬᠡᠯᠡᠵᠦ᠂ ᠭᠤᠣᠯ ᠤᠨ ᠤᠰᠤ ᠨᠢᠭᠡᠨ ᠵᠢᠭᠳᠡ ᠪᠠᠷ ᠤᠶᠠᠬᠠᠨ ᠲᠠᠯᠮᠢᠶᠠᠷᠠᠵᠤ᠂ ᠬ᠋ᠤᠶᠢᠪᠤᠷ ᠰᠠᠶᠢᠪᠤᠷ ᠰᠠᠯᠬᠢ ᠳᠦᠷᠦᠭᠡ ᠭᠦᠷᠦᠭᠰᠡᠨ ᠭᠠᠵᠠᠷ ᠲᠠᠭᠠᠨ ᠰᠢᠷᠭᠠᠯ ᠲᠦᠷᠢᠯᠭᠡ ᠠᠰᠠᠭᠠᠨ᠂ ᠭᠤᠶᠣᠬᠠᠨ ᠨᠠᠮᠤᠷ ᠤᠨ ᠥᠩᠭᠡ ᠶᠢ ᠭᠠᠯᠪᠢᠷ ᠲᠡᠭᠦᠰ ᠪᠦᠲᠦᠭᠡᠨ᠎ᠡ᠃      ᠶᠡᠭᠡ ᠬᠠᠯᠠᠭᠤᠨ ᠠᠴᠠ ᠪᠡᠷᠬᠡᠰᠢᠶᠡᠵᠦ ᠳᠠᠪᠠᠭᠠᠨ ᠠᠷᠤ ᠳᠤ ᠵᠤᠰᠠᠳᠠᠭ ᠬᠥᠮᠥᠰ ᠲᠤ ᠨᠠᠮᠤᠷ ᠤᠨ ᠤᠯᠠᠷᠢᠯ ᠯᠠ ᠬᠠᠮᠤᠭ ᠲᠠᠭᠠᠲᠠᠢ᠃ ᠠᠭᠤᠯᠠ ᠠᠭᠤᠯᠠ ᠲᠠᠢ ᠪᠠᠨ ᠵᠠᠯᠭᠠᠵᠤ᠂ ᠨᠢᠷᠤᠭᠤ ᠨᠢᠷᠤᠭᠤ ᠲᠠᠢ ᠪᠠᠨ ᠨᠠᠯᠠᠵᠤ ᠦᠷᠭᠦᠯᠵᠢᠯᠡᠭᠰᠡᠨ ᠭᠠᠵᠠᠷ ᠤᠨ ᠥᠨᠳᠥᠷ ᠬᠢᠩᠭᠠᠨ ᠤ ᠳᠠᠪᠠᠭ᠎ᠠ ᠲᠦᠮᠡᠨ ᠭᠠᠵᠠᠷ ᠬᠥᠨᠳᠡᠯᠢᠰᠬᠦ ᠳᠡᠭᠡᠨ ᠡᠮᠦᠨ᠎ᠡ ᠤᠮᠠᠷ᠎ᠠ ᠬᠤᠶᠠᠷ ᠲᠠᠯ᠎ᠠ ᠳᠠᠭᠠᠨ ᠦᠰᠦᠳ ᠣᠨᠳᠣᠣ ᠬᠤᠶᠠᠷ ᠶᠠᠩᠵᠤ ᠶᠢᠨ ᠠᠭᠤᠷ ᠠᠮᠢᠰᠬᠤᠯ ᠢ ᠪᠤᠢ ᠪᠤᠯᠭᠠᠵᠤ᠂ ᠡᠮᠦᠨᠡᠰᠢ ᠪᠠᠨ ᠲᠠᠯ᠎ᠠ ᠨᠠᠭᠤᠷ ᠤᠯᠠᠨ᠂ ᠬᠠᠯᠠᠭᠤᠨ ᠴᠢᠭᠢᠭᠯᠢᠭ ᠠᠮᠢᠰᠬᠤᠯ ᠭᠤᠣᠯᠳᠠᠵᠤ᠂ ᠤᠮᠠᠷᠠᠰᠢ ᠪᠠᠨ ᠰᠢᠯᠢ ᠵᠣ ᠨᠠᠯᠠᠶᠢᠭᠰᠠᠨ᠂ ᠰᠡᠷᠢᠭᠦᠨ ᠬᠠᠭᠤᠷᠠᠢ ᠠᠭᠠᠷ ᠢᠶᠠᠷ ᠲᠥᠷᠬᠦᠵᠢᠵᠡᠢ᠃ ᠲᠦᠷᠪᠡᠨ ᠤᠯᠠᠷᠢᠯ ᠲᠤᠰ ᠲᠤᠰ ᠤᠨ ᠢᠶᠠᠨ ᠥᠩᠭᠡ ᠪᠤᠳᠤᠬ ᠲᠠᠢ ᠴᠦ ᠣᠷᠴᠢᠯᠠᠩ ᠤᠨ ᠬᠦᠢᠰᠦᠨ ᠳᠤ ᠢᠯᠡᠭᠦᠦ ᠲᠣᠭᠲᠠᠵᠤ᠂ ᠤᠳᠠᠭᠠᠨ ᠰᠠᠭᠠᠲᠠᠳᠠᠭ ᠨᠢ ᠤᠰᠤᠨ ᠤ ᠬᠠᠪᠤᠷ᠂ ᠠᠭᠤᠯᠠ ᠶᠢᠨ ᠨᠠᠮᠤᠷ ᠶᠤᠮ ᠦᠦ ᠳ᠋ᠠ︕      ᠲᠡᠭᠷᠢ ᠶᠢᠨ ᠴᠡᠩᠬᠡᠷ ᠮᠠᠯᠠᠭᠠᠢ ᠳᠠᠷᠤᠵᠤ᠂ ᠲᠡᠦᠬᠡ ᠶᠢᠨ ᠰᠢᠷᠭᠠᠯ ᠭᠤᠳᠤᠰᠤ ᠢᠰᠬᠦᠯᠦᠭᠰᠡᠨ ᠬᠠᠨ ᠠᠭᠤᠯᠠ ᠲᠡᠨᠢᠭᠦᠨ ᠰᠦᠨᠳᠡᠷᠯᠡᠨ᠎ᠡ᠃      ᠡᠷᠭᠢᠨ ᠲᠣᠭᠤᠷᠢᠨ ᠤ ᠤᠯᠠᠨ ᠠᠭᠤᠯᠠᠰ ᠲᠡᠭᠦᠨ ᠤ ᠵᠦᠭ ᠲᠡᠷᠢᠭᠦᠨ ᠪᠥᠬᠦᠶᠢᠭᠰᠡᠨ ᠪᠠᠶᠢᠳᠠᠯ ᠲᠠᠢ ᠬᠠᠨ ᠬᠠᠶᠢᠷᠬᠠᠨ᠂ ᠲᠡᠭᠷᠢ ᠠᠴᠠ ᠣᠶᠢᠷᠠᠬᠠᠨ ᠴᠡᠩᠭᠡᠭ ᠠᠮᠢᠰᠬᠤᠭ᠎ᠠ ᠪᠠᠷ ᠢᠶᠠᠨ ᠴᠡᠭᠡᠵᠢ ᠶᠢ ᠠᠭᠤᠵᠢᠷᠠᠭᠤᠯᠵᠤ᠂ ᠲᠦᠮᠡᠨ ᠪᠡᠷ᠎ᠡ ᠶᠢᠨ ᠲᠣᠳᠣ ᠬᠠᠷᠠᠭ᠎ᠠ ᠪᠠᠷ ᠢᠶᠠᠨ ᠰᠡᠳᠬᠢᠯ ᠪᠠᠶᠠᠰᠬᠠᠪᠠᠴᠤ ᠪᠠᠷᠤᠭ ᠲᠡᠨᠳᠡ ᠬᠡᠮᠡᠨ ᠰᠡᠷᠡᠯ ᠢᠶᠠᠷ ᠢᠶᠠᠨ ᠲᠡᠮᠲᠡᠷᠢᠵᠦ ᠭᠦᠷᠳᠡᠭ ᠤᠤᠭᠠᠯ ᠨᠤᠲᠤᠭ ᠨᠢ ᠡᠷᠢᠭᠳᠡᠵᠦ᠂ ᠰᠡᠳᠬᠢᠯ ᠨᠢ ᠬᠠᠯᠢᠶᠠᠷᠠᠨ᠂ ᠪᠤᠳᠤᠯ ᠨᠢ ᠰᠡᠲᠡᠷᠡᠵᠦ᠂ ᠠᠭᠤᠰᠬᠢ ᠵᠢᠷᠦᠬᠡ  ᠨᠢ ᠤᠶᠠᠷᠠᠯ ᠬᠠᠶᠢᠷ᠎ᠠ ᠪᠠᠷ ᠴᠠᠯᠭᠢᠯᠠᠵᠤ ᠪᠠᠶᠢᠭᠰᠠᠨ ᠪᠠᠶᠢᠬᠤ ᠳ᠋ᠠ᠂ ᠲᠡᠷᠡ ᠬᠦ  ᠬᠤᠯᠠ ᠶᠢᠨ ᠵᠠᠭᠤᠨ ᠤ ᠬᠤᠩᠭᠤᠷ ᠨᠠᠮᠤᠷ ᠢᠶᠠᠷ︕      ᠬᠥᠮᠥᠨ ᠭᠡᠭᠴᠢ ᠰᠡᠳᠬᠢᠯᠭᠡ ᠶᠢᠨ ᠠᠮᠢᠲᠠᠨ᠂ ᠶᠠᠮᠠᠷ ᠶᠡᠭᠡ ᠡᠷ᠎ᠡ ᠬᠠᠷ᠎ᠠ ᠬᠥᠮᠥᠨ ᠴᠦ ᠨᠠᠮᠤᠷ ᠴᠠᠭ ᠤᠨ ᠨᠠᠭᠠᠨ᠎ᠠ ᠠᠴᠠ ᠪᠠᠨ ᠥᠳᠥᠭᠡᠨ ᠳᠠᠯᠠᠯᠤᠭᠰᠠᠨ᠂ ᠴᠠᠭᠠᠨ᠎ᠠ ᠠᠴᠠ ᠪᠠᠨ ᠲᠦᠯᠬᠢᠨ ᠳᠣᠬᠢᠭᠰᠠᠨ ᠨᠤᠲᠤᠭ ᠰᠠᠨᠠᠬᠤ᠂ ᠠᠪᠤ ᠡᠵᠢ᠂ ᠠᠬᠠᠨ ᠳᠡᠭᠦᠦᠰ ᠢᠶᠠᠨ ᠦᠭᠡᠶᠢᠯᠡᠨ ᠰᠠᠨᠠᠬᠤ ᠰᠢᠳᠢ ᠲᠠᠢ ᠤᠪᠠᠳᠢᠰ ᠢ ᠨᠢ ᠳᠠᠪᠠᠵᠤ ᠭᠠᠷᠬᠤᠶ᠎ᠠ ᠪᠡᠷᠬᠡ᠃      ᠰᠡᠩᠭᠢᠨᠡᠨ ᠰᠡᠷᠴᠢᠭᠢᠨᠡᠬᠦ ᠨᠠᠮᠤᠷ ᠤᠨ ᠵᠢᠪᠠᠷ ᠦᠭᠡ ᠬᠡᠯᠡᠮᠡᠷ᠂ ᠦᠭᠡ ᠬᠡᠯᠡᠭᠦᠯᠦᠮᠡᠷ ᠠᠶᠠᠰ ᠲᠠᠲᠠᠨ ᠠᠶᠠᠯᠭᠤ ᠨᠠᠶᠢᠷᠠᠬᠤ ᠳᠤ ᠭᠤᠣᠯ ᠵᠢᠷᠦᠬᠡᠨ ᠤ ᠴᠢᠰᠤ ᠳᠡᠭᠡᠭᠰᠢ ᠪᠠᠨ ᠤᠶᠢᠨ᠂ ᠲᠠᠭᠤ ᠦᠭᠡᠢ ᠮᠥᠷᠥᠭᠡᠳᠦᠯ ᠲᠤᠩᠭᠠᠯᠠᠭ ᠡᠳᠦᠷ ᠤᠨ ᠲᠣᠳᠣᠷᠠᠬᠤ ᠬᠢᠵᠠᠭᠠᠷ ᠢ ᠨᠡᠪᠲᠡᠯᠵᠦ᠂ ᠲᠣᠭᠲᠠᠭᠠᠵᠤ ᠴᠢᠳᠠᠬᠤ ᠦᠭᠡᠢ ᠲᠠᠶᠢᠯᠤᠭ ᠰᠡᠳᠬᠢᠯ ᠨᠢ ᠤᠶᠠᠷᠠᠨ ᠪᠤᠶᠢᠯᠠᠬᠰᠠᠭᠠᠷ ᠠᠯᠤᠰ ᠤᠳᠬᠤ ᠶᠢ ᠶᠠᠭᠠᠬᠢᠨᠠᠮ ᠪᠢᠯᠡ︖ ᠬᠡᠳᠦᠢ ᠲᠡᠶᠢᠮᠦ ᠠᠪᠠᠴᠤ ᠬᠠᠨ ᠠᠭᠤᠯᠠ ᠪᠠᠷ ᠲᠥᠪᠯᠡᠭᠰᠡᠨ ᠡᠷᠭᠢᠨ ᠣᠷᠴᠢᠨ ᠨᠠᠮᠤᠷ ᠤᠨ ᠰᠠᠷ᠎ᠠ ᠳᠠᠭᠠᠨ ᠨᠠᠯᠠᠭᠠᠷᠲᠠᠵᠤ᠂ ᠨᠠᠶᠢᠷᠠᠭ ᠤᠨ ᠰᠣᠯᠣᠩᠭ᠎ᠠ ᠲᠠᠲᠠᠭᠠᠳ᠂ ᠲᠠᠯᠠᠢ ᠦᠵᠡᠮᠵᠢ ᠪᠠᠷ ᠢᠶᠠᠨ ᠳᠠᠪᠬᠢᠭᠰᠠᠨ ᠰᠡᠳᠬᠢᠯ ᠢ ᠨᠢ ᠤᠷᠭᠠᠯᠠᠵᠤ᠂ ᠲᠠᠯᠲᠠᠷᠢᠭᠰᠠᠨ ᠪᠤᠳᠤᠯ ᠢ ᠨᠢ ᠡᠷᠭᠢᠭᠦᠯᠦᠨ᠂ ᠳᠤᠭᠤᠯᠠᠭᠠᠲᠤ ᠳᠦᠷᠢ ᠶᠢ ᠨᠢ ᠲᠣᠭᠲᠠᠭᠠᠨ ᠠᠷᠭᠠᠮᠵᠢᠵᠤ ᠪᠠᠶᠢᠭᠰᠠᠨ ᠪᠠᠶᠢᠬᠤ ᠳ᠋ᠠ︕      ᠬᠠᠨ ᠬᠠᠶᠢᠷᠬᠠᠨ ᠠᠭᠤᠯᠠ ᠡᠨᠡ ᠦᠶ᠎ᠡ ᠳᠤ ᠤᠯᠠᠮ ᠯᠠ ᠰᠡᠬᠦᠶᠢᠨ ᠡᠷᠭᠦᠭᠳᠡᠵᠦ᠂ ᠰᠦᠷ ᠵᠢᠪᠬᠤᠭ᠎ᠠ ᠨᠢ ᠤᠯᠠᠮ ᠯᠠ ᠨᠡᠮᠡᠭᠳᠡᠭᠡᠳ᠂ ᠨᠤᠲᠤᠭ ᠤᠨ ᠨᠠᠮᠤᠷ ᠢ ᠰᠠᠶᠢᠲᠤᠷ ᠬᠠᠷᠠᠭᠠᠳ ᠠᠪ ᠭᠡᠰᠡᠨ ᠰᠢᠭ ᠰᠠᠶᠢᠬᠠᠨ ᠦᠵᠡᠮᠵᠢ ᠪᠠᠨ ᠨᠢᠳᠦ ᠳᠦᠭᠦᠷᠡᠩ ᠠᠰᠬᠠᠨ᠎ᠠ᠃      ᠥᠯᠮᠡᠢ ᠳᠣᠣᠷ᠎ᠠ ᠠᠴᠠ ᠥᠯᠥᠩ ᠢᠭᠴᠤ ᠬᠢᠶᠠᠭ ᠭᠢᠯᠭᠠᠨ᠎ᠠ ᠦᠷᠭᠦᠯᠵᠢᠯᠡᠵᠦ᠂ ᠨᠠᠷᠠᠨ ᠤ ᠥᠩᠭᠡ᠂ ᠨᠠᠮᠤᠷ ᠤᠨ ᠰᠢᠮ᠎ᠡ ᠶᠢ ᠥᠪᠴᠢ ᠪᠡᠶ᠎ᠡ ᠪᠠᠷ ᠢᠶᠠᠨ ᠭᠦᠶᠦᠯᠭᠡᠨ᠂ ᠦᠵᠦᠭᠦᠷ ᠨᠠᠮᠠᠭᠠᠨ ᠠᠴᠠ ᠪᠠᠨ ᠡᠬᠢᠯᠡᠨ ᠰᠢᠷᠭᠠᠯᠲᠤᠨ ᠬᠦᠷᠡᠩᠳᠡᠵᠦ᠂ ᠬᠥᠨᠳᠡᠢ ᠵᠢᠯᠠᠭ᠎ᠠ᠂ ᠬᠢᠷ᠎ᠠ ᠬᠠᠵᠠᠭᠤ ᠶᠢᠨ ᠤᠯᠢᠶᠠᠰᠤ ᠬᠤᠰᠤ ᠶᠢᠨ ᠨᠠᠪᠴᠢ ᠠᠯᠲᠠᠨ ᠤ ᠥᠩᠭᠡ ᠪᠠᠷ ᠭᠢᠯᠪᠠᠭᠠᠷᠠᠵᠤ᠂ ᠡᠷᠲᠡ ᠤᠯᠠᠶᠢᠳᠠᠭ ᠭᠦᠢᠯᠡᠰᠦᠨ ᠮᠣᠳᠣ᠂ ᠨᠣᠭᠤᠭᠠᠨ ᠢᠶᠠᠨ ᠬᠠᠳᠠᠭᠠᠯᠠᠭᠰᠠᠭᠠᠷ ᠤᠳᠠᠳᠠᠭ ᠬᠠᠶᠢᠯᠠᠰᠤ ᠴᠠᠷᠠᠰᠤ ᠵᠢᠰᠦ ᠢᠯᠭᠠᠷᠠᠭᠠᠳ᠂ ᠲᠠᠩᠰᠤᠭ ᠨᠠᠮᠤᠷ ᠤᠨ ᠲᠤᠯᠤᠭᠠᠨ ᠥᠩᠭᠡ ᠶᠢ ᠳᠠᠶᠠᠭᠠᠷ ᠤᠨ ᠨᠢᠳᠦᠨ ᠳᠤ ᠠᠶᠠᠲᠠᠢ ᠳᠡᠯᠭᠡᠨ᠎ᠡ᠃      ᠦᠳᠦ ᠰᠣᠳᠣ ᠪᠠᠨ ᠭᠡᠷᠡᠯ ᠲᠠᠲᠠᠲᠠᠯ᠎ᠠ ᠭᠤᠶᠣᠯᠠᠭᠰᠠᠨ ᠰᠤᠨᠤᠬᠴᠢᠨ ᠭᠤᠷᠭᠤᠤᠯ ᠵᠢᠭᠦᠷ ᠫᠠᠷᠴᠢᠭᠢᠨᠠᠭᠤᠯᠤᠨ ᠪᠣᠰᠣᠭᠰᠠᠨ ᠢᠶᠠᠨ ᠳᠡᠮᠡᠢ ᠨᠢᠰᠦᠯ ᠦᠭᠡᠢ ᠪᠠᠭᠤᠬᠤ ᠨᠢ ᠲᠠᠷᠭᠤᠨ ᠡᠪᠴᠢᠭᠦᠨ ᠳᠡᠭᠡᠨ ᠳᠡᠶᠢᠯᠳᠡᠭᠰᠡᠨ ᠪᠤᠰᠤ᠂ ᠳᠤᠷᠠᠯᠠᠯᠲᠤ ᠪᠣᠷᠣᠭᠴᠢᠨ ᠨᠢ ᠬᠠᠵᠠᠭᠤ ᠳᠤᠨᠢ ᠪᠠᠶᠢᠭ᠎ᠠ ᠶᠢᠨ ᠤᠴᠢᠷ᠃ ︽ᠤᠶᠠᠬᠠᠨ ᠰᠤᠭᠤ ᠬᠥᠯ ᠠᠯᠳᠠᠬᠤ ᠳᠤ ᠠᠭᠤᠯᠠ ᠶᠢᠨ ᠴᠢᠯᠠᠭᠤ ᠤᠷᠢ ᠲᠠᠲᠠᠨ ᠬᠠᠩᠭᠢᠨᠠᠨ᠎ᠠ︾ ᠭᠡᠭᠴᠢ ᠪᠠᠷ ᠪᠤᠭᠤ ᠶᠢᠨ ᠤᠷᠤᠮᠳᠠᠭ᠎ᠠ ᠬᠥᠪᠴᠢ ᠶᠢᠨ ᠤᠢ ᠴᠡᠴᠡᠷᠡᠭᠡᠭᠦ ᠳᠤ ᠨᠠᠷᠠᠨ ᠬᠠᠶᠢᠯᠵᠤ᠂ ᠨᠠᠮᠤᠷ ᠤᠨ ᠠᠭᠤᠯᠠ ᠶᠢᠨ ᠨᠢᠷᠤᠭᠤ ᠨᠢ ᠬᠤᠲᠣᠯᠵᠠᠵᠤ ᠰᠠᠨᠠᠭᠳᠠᠨ᠎ᠠ᠃ ᠲᠡᠷᠲᠡᠭᠡ ᠵᠣ ᠰᠢᠷᠭᠠᠯᠰᠢᠨ᠂ ᠰᠠᠯᠬᠢ ᠦᠭᠡᠢ ᠠᠲᠠᠯ᠎ᠠ ᠪᠠᠨ ᠦᠶᠡᠯᠵᠡᠨ ᠬᠥᠳᠡᠯᠬᠦ ᠨᠢ ᠦᠢ ᠲᠦᠮᠡᠨ ᠵᠡᠭᠡᠷ᠎ᠡ ᠶᠢᠨ ᠰᠦᠷᠦᠭ᠃ ᠵᠢᠮ ᠳᠡᠭᠡᠷ᠎ᠡ ᠪᠠᠨ ᠠᠨᠢᠷ ᠠᠵᠢᠨ ᠱᠣᠪᠣᠶᠢᠭᠴᠢ ᠲᠠᠤᠯᠠᠢ᠂ ᠰᠢᠷᠭᠠᠯ ᠨᠠᠪᠴᠢ ᠲᠠᠢ ᠴᠠᠭᠠᠨ ᠬᠤᠰᠤᠨ ᠤ ᠵᠠᠪᠰᠠᠷ ᠢᠶᠠᠷ ᠬᠤᠷᠸ᠎ᠠ ᠠᠵᠢᠭᠴᠢ ᠦᠨᠡᠭᠡ᠂ ᠵᠠᠯᠬᠠᠭᠤᠲᠠᠶᠢᠬᠠᠨ ᠰᠤᠨᠢᠶᠠᠵᠤ ᠴᠠᠭᠠᠰᠢᠯᠠᠬᠤ  ᠴᠢᠨ᠋ᠸ᠎ᠠ᠂ ᠴᠠᠷᠠᠰᠤᠨ ᠭᠠᠷᠰᠤ ᠢᠳᠡᠵᠦ᠂ ᠨᠠᠷᠠᠰᠤᠨ ᠳᠠᠪᠠᠷᠬᠠᠢ ᠪᠠᠷ ᠬᠤᠶᠠᠭᠯᠠᠭᠰᠠᠨ ᠰᠣᠶᠤᠭ᠎ᠠ ᠪᠤᠲᠤᠩ ᠁ ᠵᠡᠷᠭᠡ ᠤᠢ ᠶᠢᠨ ᠡᠵᠡᠨ᠂ ᠰᠢᠭᠤᠢ ᠶᠢᠨ ᠭᠦᠴᠦᠲᠡᠨ ᠨᠦᠭᠦᠳ ᠨᠠᠮᠤᠷ ᠴᠠᠭ ᠤᠨ ᠲᠠᠷᠭᠤᠨ ᠲᠠᠪᠠᠲᠠᠢ ᠳᠤ ᠨᠠᠷᠠ ᠪᠤᠯᠢᠶᠠᠯᠳᠤᠬᠤ ᠶᠢᠨ ᠲᠠᠶᠢᠨ ᠦᠭᠡᠢ᠂ ᠬᠢᠯᠢ ᠡᠵᠡᠷᠬᠡᠬᠦ ᠶᠢᠨ ᠲᠤᠯᠤᠯᠳᠤᠭᠠᠨ ᠦᠭᠡᠢ ᠠᠮᠤᠷ ᠠᠮᠤᠭᠤᠯᠠᠩ ᠳᠤ ᠡᠩᠬᠡ ᠲᠠᠶᠢᠪᠤᠩ ᠵᠡᠷᠭᠡᠴᠡᠨ ᠣᠷᠣᠰᠢᠨ᠎ᠠ᠃ ᠬᠠᠨᠠᠨ ᠬᠠᠳᠠᠨ ᠳᠤ ᠡᠭᠦᠷᠯᠡᠭᠰᠡᠨ ᠶᠣᠯᠣ ᠯᠠ ᠬᠠᠮᠤᠭ ᠤᠨ ᠳᠡᠭᠡᠭᠦᠷ ᠡᠷᠭᠢᠵᠦ᠂ ᠬᠠᠶᠢᠨ ᠪᠠᠶᠢᠴᠠᠭᠠᠬᠤ᠂ ᠬᠠᠷᠠᠳᠠᠨ ᠴᠠᠭᠳᠠᠬᠤ᠂ ᠬᠠᠰᠢᠨ ᠲᠠᠭᠠᠷᠢᠬᠤ ᠶᠢᠨ ᠬᠠᠯᠠᠭᠤᠨ ᠣᠮᠤᠭ ᠢᠶᠠᠷ ᠬᠠᠯᠢᠨ ᠳᠡᠭᠦᠯᠢᠨ᠎ᠡ ᠁      ᠦᠶ᠎ᠡ ᠦᠶ᠎ᠡ ᠰᠡᠩᠭᠢᠨᠡᠬᠦ ᠵᠢᠪᠠᠷ ᠰᠢᠷᠠᠯᠠᠭᠰᠠᠨ ᠨᠠᠪᠴᠢ ᠠᠴᠠ ᠭᠠᠭᠴᠠ ᠬᠤᠶᠠᠷ ᠢ ᠠᠯᠳᠠᠭᠤᠯᠵᠤ ᠠᠪᠠᠴᠢᠬᠤ  ᠨᠢ ᠪᠠᠶᠢᠭᠠᠯᠢ ᠤᠯᠠᠷᠢᠬᠤ᠂ ᠲᠡᠦᠬᠡ ᠤᠯᠠᠷᠢᠬᠤ ᠶᠢᠨ ᠶᠣᠰᠣᠨ ᠮᠡᠲᠦ᠃ ᠰᠡᠩᠭᠢᠨᠡᠭᠴᠢ ᠵᠢᠪᠠᠷ᠂ ᠵᠣᠷᠴᠢᠭᠴᠢ ᠰᠡᠳᠬᠢᠯ ᠬᠤᠶᠠᠷ ᠰᠢᠲᠦᠭᠡᠨᠲᠦ ᠣᠷᠣᠢ ᠶᠢᠨ ᠣᠪᠣᠭ᠎ᠠ ᠶᠢ ᠲᠣᠭᠤᠷᠢᠵᠤ᠂ ᠰᠡᠯᠡᠭᠦᠨ ᠤᠢ ᠶᠢᠨ ᠰᠡᠶᠢᠮᠡᠬᠡᠢ ᠶᠢ ᠰᠢᠭᠦᠨ᠎ᠡ᠃ ᠬᠤᠲᠠᠯᠠ ᠲᠦᠮᠡᠨ ᠢ ᠬᠤᠷᠮᠣᠢ ᠳᠣᠣᠷ᠎ᠠ ᠪᠠᠨ ᠰᠥᠬᠦᠷᠡᠭᠦᠯᠦᠭᠰᠡᠨ ᠲᠠᠬᠢᠯᠭᠠᠲᠤ ᠬᠠᠨ ᠤ ᠦᠯᠢᠭᠡᠷ ᠲᠤᠮᠤᠬ ᠠᠳᠡᠬᠢ ᠶᠢᠨ ᠬᠡᠰᠡᠭ ᠴᠢᠯᠠᠭᠤ᠂ ᠮᠥᠬᠦᠯᠢᠭ ᠰᠢᠷᠣᠢ ᠳᠤᠨᠢ ᠭᠦᠷᠲᠡᠯ᠎ᠡ ᠰᠢᠩᠭᠡᠵᠦ᠂ ᠶᠠᠭᠤ ᠪᠦᠭᠦᠨ ᠢ ᠨᠢ ᠳᠤᠷ᠎ᠠ ᠪᠠᠷ ᠭᠦᠨᠳᠡᠵᠦ ᠪᠣᠯᠣᠮ᠎ᠠ ᠦᠭᠡᠢ ᠡᠷᠬᠡ ᠳᠠᠷᠬᠠᠨ ᠰᠠᠨᠠᠭᠳᠠᠭᠤᠯᠤᠨ᠎ᠠ᠃      ᠬᠠᠭᠠᠨ ᠰᠦᠮ᠎ᠡ ᠶᠢᠨ ᠨᠠᠶᠠᠨ ᠲᠠᠰᠤᠯᠭ᠎ᠠ ᠳᠤᠭᠠᠩ ᠢ ᠪᠠᠶᠢᠭᠤᠯᠬᠤ ᠭᠡᠵᠦ ᠬᠠᠨ ᠠᠭᠤᠯᠠ ᠶᠢᠨ ᠨᠠᠷᠠᠰᠤᠨ ᠮᠣᠳᠣ ᠶᠢ ᠶᠡᠭᠡ ᠪᠠᠷ ᠣᠭᠲᠣᠯᠬᠤ ᠳᠤ ᠲᠣᠬᠤᠮ ᠤᠨ ᠤᠷᠤᠮ ᠲᠠᠢ ᠲᠤᠷᠤᠬ ᠪᠤᠭᠤ ᠦᠯᠡᠳᠡᠭᠰᠡᠨ ᠮᠣᠳᠣᠨ ᠳᠤᠨᠢ ᠡᠪᠡᠷ ᠱᠦᠷᠭᠦᠭᠡᠵᠦ ᠵᠣᠭᠰᠣᠭᠰᠠᠨ ᠢᠶᠠᠷ ᠬᠥᠮᠥᠰ ᠰᠦᠬᠡ ᠬᠢᠷᠦᠭᠡ ᠪᠠᠨ ᠬᠤᠷᠢᠶᠠᠵᠤ ᠣᠲᠣᠭᠰᠠᠨ ᠭᠡᠳᠡᠭ᠃ ᠬᠠᠨ ᠠᠭᠤᠯᠠᠨ ᠳᠤ ᠮᠢᠩᠭᠠᠨ ᠣᠨ ᠤ ᠣᠷᠬᠤᠳᠠᠢ᠂ ᠲᠦᠮᠡᠨ ᠵᠢᠯ ᠤᠨ ᠪᠢᠯᠢᠭᠲᠦ ᠳᠡᠯᠳᠡᠦ ᠪᠠᠶᠢᠳᠠᠭ ᠪᠤᠯᠪᠠᠴᠤ ᠠᠪᠤᠷᠭᠤ ᠲᠣᠮᠣ ᠮᠣᠭᠠᠢ ᠴᠠᠭᠠᠷᠢᠭᠯᠠᠨ ᠣᠷᠢᠶᠠᠵᠤ᠂ ᠰᠠᠬᠢᠨ ᠬᠠᠮᠠᠭᠠᠯᠠᠵᠤ ᠬᠡᠪᠲᠡᠳᠡᠭ ᠭᠡᠳᠡᠭ ᠢᠶᠠᠷ ᠨᠢ ᠬᠡᠨ ᠬᠥᠮᠥᠨ ᠴᠦ ᠠᠶᠤᠮᠰᠢᠭ ᠦᠭᠡᠢ ᠣᠷᠬᠤᠳᠠᠢ ᠶᠢᠨ ᠡᠷᠢᠯ᠂ ᠳᠡᠯᠳᠡᠦ ᠶᠢᠨ ᠰᠢᠨᠤᠯ ᠳᠤ ᠬᠥᠲᠥᠯᠥᠭᠳᠡᠳᠡᠭ ᠦᠭᠡᠢ᠃ ᠡᠭᠦᠨ ᠠᠴᠠ ᠭᠠᠳᠠᠨ᠎ᠠ ᠲᠡᠭᠷᠢ ᠲᠣᠯᠢᠳᠠᠭᠰᠠᠨ ᠠᠭᠤᠯᠠ ᠶᠢᠨ ᠣᠷᠣᠢ ᠳᠠᠬᠢ ᠪᠢᠯᠬᠠᠷᠠᠬᠤ ᠦᠭᠡᠢ᠂ ᠲᠠᠲᠠᠷᠠᠬᠤ ᠦᠭᠡᠢ ᠲᠤᠨᠤᠮᠠᠯ ᠪᠤᠯᠠᠭ᠂ ᠭᠤᠷᠪᠠᠨ ᠹᠦ᠋ ᠶᠢᠨ ᠬᠠᠯᠠᠭᠤᠨ ᠳᠤ ᠭᠡᠰᠳᠡᠭ ᠦᠭᠡᠢ ᠮᠥᠰᠥᠲᠦ ᠬ᠋ᠤᠤ᠂ ᠲᠣᠮᠣ ᠦᠭᠡᠲᠦ ᠠᠯᠪᠠᠨ ᠡᠯᠴᠢ ᠶᠢ ᠳᠠᠪᠠᠭ᠎ᠠ ᠪᠠᠭᠤᠲᠠᠯ᠎ᠠ ᠭᠤᠷᠪᠠ ᠨᠢᠷᠬᠢᠳᠡᠭ ᠭᠠᠨᠵᠤᠤᠷ ᠣᠪᠣᠭ᠎ᠠ ᠁ ᠨᠢ ᠬᠠᠨ ᠠᠭᠤᠯᠠ ᠭᠡᠬᠦ ᠡᠴᠢᠨ᠎ᠡ ᠳᠠᠯᠳᠠ ᠶᠢᠨ ᠨᠢᠭᠤᠴᠠ ᠣᠷᠣᠨ ᠢ ᠤᠯᠠᠮ ᠯᠠ ᠰᠦᠷ ᠶᠡᠬᠡᠮᠰᠦᠭ᠂ ᠰᠡᠭᠦᠳᠡᠷ ᠦᠯᠡᠮᠵᠢ ᠪᠣᠯᠭᠠᠵᠠᠢ᠃      ᠨᠠᠮᠤᠷ ᠤᠨ ᠠᠮᠲᠠ ᠪᠣᠯ ᠶᠡᠷᠦ ᠠᠴᠠ ᠪᠠᠨ ᠯᠠ ᠦᠷᠢᠯ ᠮᠣᠶᠢᠯ ᠤᠨ ᠠᠮᠲᠠ᠃ ᠠᠭᠤᠯᠠ ᠶᠢᠨ ᠮᠣᠶᠢᠯ ᠤᠷᠭᠤᠬᠤ ᠲᠤᠰᠤᠮ ᠢᠶᠠᠨ ᠮᠡᠯᠲᠡᠷᠡᠵᠦ᠂ ᠦᠷᠢᠯ ᠤᠨ ᠵᠢᠮᠢᠰ ᠬᠢᠷᠠᠭᠤᠳᠠᠵᠤ ᠬᠥᠯᠳᠡᠬᠦ ᠲᠤᠰᠤᠮ ᠢᠶᠠᠨ ᠠᠮᠲᠠ ᠣᠷᠣᠨ᠎ᠠ᠃ ᠵᠤᠨᠵᠢᠨ ᠬᠠᠵᠠᠭᠠᠷ ᠭᠤᠭᠤᠳ᠂ ᠨᠢᠳᠤᠷᠭᠠᠨ ᠨᠣᠭᠤᠭ᠎ᠠ ᠪᠠᠷ ᠬᠠᠨᠤᠭᠠᠳ ᠢᠷᠡᠭᠰᠡᠨ ᠶᠡᠭᠡ ᠠᠭᠤᠯᠠ ᠶᠢᠨ ᠬᠡᠰᠢᠭ ᠵᠢᠮᠢᠰ ᠤᠨ ᠠᠮᠲᠠ ᠪᠠᠷ ᠪᠠᠭᠤᠬᠤ ᠳᠤ ᠴᠠᠶᠢᠪᠤᠷ ᠴᠠᠭᠠᠨ ᠮᠠᠨᠠᠠ ᠬᠥᠰᠢᠭᠡᠯᠡᠵᠦ᠂ ᠴᠠᠭᠠᠨ᠎ᠠ ᠠᠴᠠ ᠪᠠᠨ ᠢᠰᠬᠦᠯᠡᠩ ᠬᠦᠴᠦᠲᠡᠢ ᠳᠤᠷᠠᠳᠬᠠᠯ ᠨᠤᠭᠤᠳ ᠡᠬᠢᠯᠡᠨ ᠲᠦᠷᠦᠵᠦ᠂ ᠤᠯᠠᠶᠢᠨ ᠪᠣᠯᠪᠠᠰᠤᠷᠠᠵᠤ ᠭᠦᠢᠴᠡᠭᠡᠳ᠂ ᠬᠥᠮᠥᠨ ᠤ ᠠᠮᠢᠳᠤᠷᠠᠯ ᠤᠨ ᠠᠮᠲᠠ ᠪᠦᠷᠢᠳᠦᠨ᠎ᠡ᠃ ᠠᠭᠤᠯᠠ ᠶᠢᠨ ᠵᠢᠮᠢᠰ ᠶᠡᠭᠡ ᠪᠣᠯᠪᠠᠰᠤᠷᠠᠬᠤ ᠪᠠᠷ ᠢᠶᠠᠨ ᠭᠠᠵᠠᠷ ᠲᠤ ᠤᠨᠠᠨ᠎ᠠ᠂ ᠬᠠᠶᠢᠷ᠎ᠠ ᠶᠢᠨ ᠵᠢᠮᠢᠰ ᠶᠡᠭᠡ ᠪᠣᠯᠪᠠᠰᠤᠷᠠᠬᠤ ᠪᠠᠷ ᠢᠶᠠᠨ ᠰᠡᠳᠬᠢᠯ ᠳᠤ ᠤᠨᠠᠨ᠎ᠠ᠃ ᠦᠷᠢᠯ ᠮᠣᠶᠢᠯ ᠠᠳᠬᠤᠨ ᠳᠤ ᠤᠨᠠᠳᠠᠭ ᠠᠭᠤᠯᠠ ᠬᠠᠩᠭᠠᠢ ᠶᠢᠨ ᠰᠠᠶᠢᠬᠠᠨ ᠬᠢᠭᠡᠳ ᠤᠬᠠᠭᠠᠨ ᠦᠭᠡᠢ ᠬᠠᠶᠢᠷ᠎ᠠ ᠴᠡᠭᠡᠵᠢᠨ ᠳᠤ ᠪᠠᠭᠲᠠᠬᠤ ᠦᠭᠡᠢ ᠠᠯᠳᠠᠭᠤᠷᠠᠬᠰᠠᠨ ᠬᠥᠮᠥᠨ ᠤ ᠦᠷ᠎ᠡ ᠶᠢᠨ ᠰᠡᠳᠬᠢᠯ ᠢᠵᠢᠯ ᠳᠡᠭᠡᠨ ᠢᠵᠢᠯ᠃ ᠭᠠᠯ ᠤᠯᠠᠶᠢᠭᠰᠠᠨ ᠵᠢᠮᠢᠰ ᠢᠶᠠᠷ ᠬᠤᠭᠤᠯᠠᠯᠠᠭᠰᠠᠨ ᠠᠯᠲᠠᠨ ᠭᠤᠷᠭᠤᠤᠯᠳᠠᠢ ᠳᠠᠭᠤᠤ ᠪᠠᠨ ᠳᠠᠭᠤᠯᠠᠨ᠎ᠠ᠂ ᠭᠠᠯ ᠬᠠᠯᠠᠭᠤᠨ ᠬᠠᠶᠢᠷ᠎ᠠ ᠪᠠᠷ ᠠᠮᠲᠠᠷᠬᠠᠭᠰᠠᠨ ᠬᠥᠮᠥᠨ ᠤ ᠦᠷ᠎ᠡ ᠰᠡᠳᠬᠢᠯ ᠢᠶᠠᠨ ᠨᠠᠶᠢᠷᠠᠨ᠎ᠠ᠃ ᠤᠶᠠᠩᠭ᠎ᠠ ᠳᠠᠭᠤᠤ ᠬᠤᠣᠰᠯᠠᠭᠰᠠᠨ ᠤᠷᠲᠤ ᠨᠠᠮᠤᠷ ᠠᠭᠤᠯᠠ ᠲᠠᠯ᠎ᠠ ᠦᠭᠡᠢ ᠠᠯᠲᠠᠨ ᠲᠠᠯᠠᠪᠴᠢ ᠲᠠᠢ᠃      ᠬᠠᠨ ᠠᠭᠤᠯᠠ ᠶᠢᠨ ᠨᠠᠮᠤᠷ ᠰᠡᠳᠬᠢᠯ ᠤᠨ ᠨᠠᠮᠤᠷ᠂ ᠬᠠᠶᠢᠷ᠎ᠠ ᠶᠢᠨ ᠨᠠᠮᠤᠷ᠃ ᠮᠣᠳᠣᠨ ᠳᠤ ᠶᠠᠪᠤᠳᠠᠭ ᠡᠪᠦᠭᠡᠳ ᠤᠨ ᠮᠥᠷ ᠢ ᠲᠠᠭᠠᠵᠤ ᠲᠡᠦᠬᠡ ᠶᠢᠨ ᠲᠣᠭᠤᠰᠣ ᠭᠦᠪᠦᠵᠦ ᠲᠤᠨᠤᠵᠤ᠂ ᠭᠠᠯ ᠠᠶᠠᠨ ᠤ ᠵᠣᠭᠤᠭ ᠭᠠᠳᠠᠭᠰᠢ ᠪᠠᠨ ᠨᠢᠭᠡ᠂ ᠳᠣᠲᠣᠭᠰᠢ ᠪᠠᠨ ᠨᠢᠭᠡ ᠳᠡᠯᠭᠡᠷᠡᠵᠦ ᠴᠡᠴᠡᠭᠯᠡᠨ᠎ᠡ᠃ ᠬᠠᠨᠠᠨ ᠬᠠᠳᠠᠨ ᠤ ᠡᠩᠭᠡᠷ ᠲᠠᠬᠢ ᠪᠤᠭᠤ ᠶᠢᠨ ᠬᠡᠪᠲᠡᠷᠢ ᠠᠴᠠ ᠶᠠᠰᠤᠨ ᠡᠪᠡᠷ ᠠᠷᠬᠠᠶᠢᠲᠠᠯ᠎ᠠ ᠡᠭᠦᠷᠴᠦ ᠪᠠᠭᠤᠭᠠᠳ ᠬᠠᠩᠭᠠᠯᠭ᠎ᠠ ᠶᠢᠨ ᠬᠤᠷᠰᠢᠶᠠᠨ ᠠᠴᠠ ᠠᠷᠢᠬᠢ ᠰᠣᠯᠢᠵᠤ᠂ ᠳᠤᠭᠤᠷᠠᠭᠯᠠᠵᠤ ᠰᠠᠭᠤᠭᠠᠳ ᠲᠣᠭᠤᠷᠢᠭᠤᠯᠤᠨ ᠣᠭᠤᠴᠢᠵᠤ ᠪᠠᠶᠢᠭᠰᠠᠨ ᠡᠪᠦᠭᠡᠳ ᠪᠣᠯ ᠡᠪ ᠬᠠᠮᠲᠤ ᠶᠣᠰᠣ ᠶᠢ ᠠᠯᠢ ᠡᠷᠲᠡ ᠪᠡᠶᠡᠯᠡᠭᠦᠯᠴᠢᠬᠡᠭᠰᠡᠨ ᠬᠥᠮᠥᠰ ᠶᠤᠮ᠃ ᠬᠠᠯᠠᠰᠤᠭᠠᠳ ᠢᠷᠡᠬᠦ ᠪᠠᠷ ᠬᠠᠨ ᠳᠡᠯᠡᠬᠡᠢ ᠶᠢᠨ ᠪᠤᠶᠠᠨ ᠢᠶᠠᠨ ᠳᠠᠭᠤᠯᠠᠵᠤ᠂ ᠬᠡᠲᠦᠷᠡᠪᠡᠯ ᠭᠠᠵᠠᠷ ᠳᠡᠪᠢᠰᠬᠡᠷ᠂ ᠲᠡᠭᠷᠢ ᠭᠦᠨᠵᠢᠯᠡ ᠲᠠᠢ ᠬᠤᠷᠬᠢᠷᠠᠨ᠎ᠠ᠃ ᠳᠠᠩᠳᠠ ︽ᠤᠨᠤᠭ᠎ᠠ  ᠨᠢ ᠨᠣᠮᠣᠬᠠᠨ᠂ ᠡᠵᠡᠨ ᠨᠢ ᠶᠠᠪᠠᠭᠠᠨ︾ ᠤ ᠦᠯᠢᠭᠡᠷ ᠢ ᠭᠠᠷᠭᠠᠳᠠᠭ ᠡᠪ ᠤᠨ ᠪᠠᠭᠠᠲᠤᠳ ᠮᠠᠨᠢ ᠪᠠᠭᠤᠴᠠᠨ ᠳᠡᠭᠡᠷ᠎ᠡ ᠪᠠᠨ ᠨᠣᠭᠲᠣ ᠴᠢᠳᠦᠷ᠂ ᠠᠶᠠᠭ᠎ᠠ ᠰᠢᠨᠠᠭ᠎ᠠ ᠪᠠᠨ ᠭᠠᠷᠭᠠᠭᠰᠠᠨ ᠴᠡᠭ ᠢᠶᠠᠷ ᠨᠢ ᠬᠠᠶᠠᠭᠠᠳ᠂ ᠳᠠᠷᠠᠭᠠᠴᠢ ᠶᠢᠨ ᠪᠠᠭᠤᠴᠠᠨ ᠳᠡᠭᠡᠷ᠎ᠡ ᠪᠠᠨ ᠦᠭᠡᠶᠢᠯᠡᠳᠡᠭ ᠮᠣᠩᠭᠤᠯ ᠤᠨ ᠶᠡᠭᠡ ᠠᠮᠤᠷ ᠠᠮᠤᠭᠤᠯᠠᠩ ᠤᠳ ᠪᠠᠶᠢᠭᠰᠠᠨ ᠶᠤᠮ᠃ ᠬᠠᠨ ᠠᠭᠤᠯᠠ ᠶᠢᠨ ᠬᠤᠰᠤ ᠪᠠᠷ ᠠᠷᠠᠯ ᠵᠦᠰᠦᠵᠦ᠂ ᠬᠠᠶᠢᠯᠠᠰᠤᠨ ᠮᠣᠳᠣ ᠪᠠᠷ ᠨᠢ ᠬᠦᠷᠳᠦ ᠤᠷᠠᠯᠠᠵᠤ᠂ ᠢᠷᠡᠬᠦ ᠬᠠᠪᠤᠷ ᠤᠨ ᠳᠠᠪᠤᠰᠤᠨ ᠠᠶᠠᠨ ᠳᠤ ᠲᠡᠭᠡᠭᠡᠵᠦ ᠶᠠᠪᠤᠭᠠᠳ ᠦᠵᠦᠮᠦᠴᠢᠨ ᠨᠤᠲᠤᠭ ᠠᠴᠠ ᠬᠤᠨᠢ ᠪᠠᠷ ᠰᠣᠯᠢᠴᠢᠬᠠᠬᠤ᠂ ᠠᠶᠠᠭᠦᠶᠢᠳᠠᠪᠠᠯ ᠨᠣᠭᠤᠭᠠᠨ ᠤ ᠪᠢᠷᠠᠭᠤ ᠪᠠᠷ ᠰᠣᠯᠢᠴᠢᠬᠠᠬᠤ ᠮᠠᠶᠢᠮᠠᠢ ᠪᠣᠯ ᠠᠭᠤᠯᠠ ᠣᠶᠢᠷᠠᠬᠠᠨ ᠨᠢ ᠠᠭᠤᠯᠠ ᠪᠠᠨ ᠲᠦᠰᠢᠳᠡᠭ ᠪᠠᠶᠢᠭᠠᠯᠢ ᠠᠬᠤᠢ ᠶᠢᠨ ᠰᠢᠲᠦᠨ ᠪᠠᠷᠢᠯᠳᠤᠯᠭ᠎ᠠ᠃ ᠬᠥᠯᠥᠭᠰᠡᠨ ᠲᠡᠷᠭᠡ ᠶᠢᠨ ᠳᠠᠭᠠᠭᠠᠴᠠ ᠠᠬᠠᠳᠠᠵᠤ᠂ ᠲᠣᠷᠤᠭᠰᠠᠨ ᠬᠥᠮᠥᠨ ᠤ ᠠᠭᠤᠷ ᠬᠦᠷᠪᠡᠴᠦ ᠶᠡᠭᠡ ᠬᠠᠶᠢᠷᠬᠠᠨ ᠤ ᠳᠡᠷᠭᠡᠳᠡ ᠬᠢᠯᠢᠩ ᠤᠨ ᠦᠭᠡ ᠰᠢᠳᠡᠳᠡᠭ ᠦᠭᠡᠢ᠂ ᠬᠠᠷᠢᠨ ᠳᠣᠲᠣᠷ᠎ᠠ ᠪᠠᠨ ᠨᠠᠮᠠᠨᠴᠢᠯᠠᠵᠤ᠂ ᠳᠠᠷᠠᠭᠠᠴᠢ ᠶᠢᠨ ᠤᠳᠠᠭ᠎ᠠ ᠬᠡᠮᠵᠢᠶ᠎ᠡ ᠲᠠᠢ ᠠᠪᠴᠤ᠂ ᠭᠦᠭ ᠲᠠᠢ ᠲᠡᠭᠡᠭᠡᠬᠦ ᠶᠢ ᠰᠢᠪᠰᠢᠬᠦ ᠳᠤ ᠯᠠ ᠲᠣᠷᠤᠭᠠᠰᠤ ᠠᠯᠳᠠᠷᠠᠵᠤ᠂ ᠲᠦᠪᠡᠭ ᠠᠷᠢᠯᠳᠠᠭ ᠨᠢ ᠭᠠᠶᠢᠬᠠᠯᠲᠠᠢ᠃ ᠬᠠᠷᠢᠨ ᠠᠭᠤᠯᠠᠨ ᠳᠤ ᠣᠷᠣᠭᠰᠠᠨ ᠬᠥᠮᠥᠨ ᠪᠣᠯᠭᠠᠨ ᠭᠠᠯ ᠢᠶᠠᠨ ᠬᠢᠴᠢᠶᠡᠵᠦ᠂ ᠬᠠᠭᠤᠷᠠᠢ ᠬᠦᠨᠡᠰᠦ ᠪᠠᠷ ᠭᠠᠵᠠᠷ ᠤᠨ ᠴᠠᠭᠠᠨ ᠳᠤ ᠬ᠋ᠠᠷᠲᠠᠯ᠎ᠠ ᠥᠯ ᠵᠠᠯᠭᠠᠵᠤ ᠶᠠᠪᠤᠳᠠᠭ ᠨᠢ ᠬᠠᠤᠯᠢ ᠪᠢᠰᠢ ᠤᠬᠠᠮᠰᠠᠷ ᠪᠠᠶᠢᠪᠠ᠃ ᠲᠡᠷᠡ ᠵᠢᠯ ᠣᠭᠤᠳᠣᠩ ᠪᠤᠮᠪᠤᠤ ᠭᠡᠭᠴᠢ ᠶᠢᠨ ᠠᠯᠳᠠᠭᠰᠠᠨ ᠭᠠᠯ ᠠᠳᠡᠬᠢ ᠶᠢᠨ ᠪᠡᠯᠴᠢᠭᠡᠷ ᠶᠡᠭᠡ᠂ ᠡᠪᠡᠰᠦ ᠥᠳᠬᠡᠨ ᠢ ᠬᠠᠷᠠᠭᠤᠯᠵᠤ ᠶᠡᠭᠡ ᠬᠤᠯᠠ᠂ ᠶᠡᠭᠡ ᠤᠳᠠᠭᠠᠨ ᠰᠢᠲᠠᠭᠰᠠᠨ ᠭᠡᠳᠡᠭ᠃ ᠲᠡᠶᠢᠮᠦ ᠠᠴᠠ ︽ᠭᠠᠳᠠᠭᠰᠢ ᠭᠠᠷᠤᠭᠰᠠᠨ ᠨᠢ ᠭᠠᠯ ᠢᠶᠠᠨ᠂ ᠭᠡᠷ ᠲᠡᠭᠡᠨ ᠰᠠᠭᠤᠭᠰᠠᠨ ᠨᠢ ᠠᠮᠠ ᠪᠠᠨ︾ ᠭᠡᠬᠦ ᠯᠣᠷᠵᠣᠣ ᠦᠭᠡ ᠴᠦ ᠪᠤᠢ ᠪᠣᠯᠵᠠᠢ ᠁      ᠬᠠᠨ ᠠᠭᠤᠯᠠ ᠶᠢᠨ ᠨᠠᠮᠤᠷ ᠬᠠᠯᠠᠭᠤᠨ ᠨᠠᠮᠤᠷ᠂ ᠬᠤᠯᠠ ᠶᠢᠨ ᠪᠢᠰᠢ ᠣᠶᠢᠷ᠎ᠠ ᠶᠢᠨ ᠨᠠᠮᠤᠷ᠃ ᠬᠦᠳᠡᠩᠲᠦᠬᠦ ᠠᠯᠤᠰ ᠬᠢᠭᠡᠳ ᠬᠥᠬᠡᠷᠡᠭᠴᠢ ᠤᠢ ᠶᠢᠨ ᠰᠣᠯᠪᠢᠴᠠᠭᠰᠠᠨ ᠭᠡᠷᠡᠯ ᠳᠡᠭᠡᠷ᠎ᠡ ᠴᠠᠭ ᠬᠤᠭᠤᠴᠠᠭ᠎ᠠ ᠵᠢᠷᠤᠭᠳᠠᠵᠤ᠂ ᠭᠦᠪᠦᠭᠦ ᠡᠭᠦᠯᠡ᠂ ᠬᠥᠨᠳᠡᠢ ᠶᠢᠨ ᠪᠤᠯᠠᠭ ᠤᠨ ᠤᠰᠤᠷᠬᠠᠬᠰᠠᠨ ᠴᠢᠮᠡᠭᠡᠨ ᠳᠤᠮᠳᠠ ᠠᠮᠢ ᠠᠮᠢᠵᠢᠷᠠᠯ ᠬᠡᠯᠬᠢᠭᠳᠡᠨ᠎ᠡ᠃      ᠣᠷᠣᠢ ᠳᠡᠭᠡᠷ᠎ᠡ ᠪᠠᠨ ᠲᠠᠭ᠎ᠠ ᠤᠷᠤᠯᠳᠤᠬᠤ ᠠᠭᠤᠵᠢᠮ ᠬᠠᠷᠠᠭ᠎ᠠ ᠬᠢᠭᠡᠳ ᠤᠭ ᠠᠴᠠ ᠲᠡᠭᠦᠰ ᠵᠢᠪᠬᠤᠯᠠᠩᠲᠤ᠂ ᠬᠥᠨᠳᠡᠭᠳᠡᠭᠡ ᠦᠭᠡᠢ ᠤᠡᠭᠭᠤᠨ ᠲᠥᠷᠬᠦ ᠨᠢ ᠬᠥᠮᠥᠰ ᠤᠨ ᠬᠠᠷᠠᠵᠤ ᠬᠠᠮᠠᠭᠠᠯᠠᠬᠤ᠂ ᠰᠦᠰᠦᠭᠯᠡᠨ ᠪᠢᠰᠢᠷᠡᠬᠦ ᠰᠡᠳᠬᠢᠯ ᠤᠨ ᠥᠨᠳᠥᠷ ᠨᠢ ᠪᠣᠯᠵᠤ ᠴᠢᠳᠠᠵᠠᠢ᠃ ᠤᠮᠠᠷ᠎ᠠ ᠲᠡᠭᠷᠢ ᠶᠢ ᠠᠭᠤᠯᠠᠰ ᠢᠶᠠᠷ ᠲᠤᠯᠵᠤ᠂ ᠬᠠᠳᠠ ᠪᠠᠷ ᠢᠷᠯᠡᠭᠰᠡᠨ ᠥᠨᠳᠦᠷᠯᠢᠭ ᠡᠨᠡ ᠣᠷᠣᠨ ᠤ ᠠᠭᠤᠰᠬᠢ ᠨᠢ᠂ ᠵᠢᠷᠦᠬᠡ ᠨᠢ᠂ ᠠᠮᠢ ᠠᠮᠢᠰᠬᠤᠭ᠎ᠠ ᠨᠢ ᠪᠣᠯᠵᠤ᠂ ᠪᠠᠷ᠎ᠠ ᠶᠢ ᠨᠢ ᠬᠠᠷᠠᠵᠤ᠂ ᠪᠠᠭ᠋ᠠᠷᠬᠠᠯ ᠳᠦᠷᠦᠳᠡᠭ ᠤᠰᠤ ᠭᠤᠣᠯ ᠤᠨ ᠬᠢᠨ ᠤ ᠡᠩᠭᠡᠷ ᠤᠨ ᠲᠦᠰᠢᠭ᠂ ᠡᠯᠢᠭᠡᠨ ᠨᠥᠮᠥᠷᠢ ᠨᠢ ᠪᠣᠯᠵᠤ᠂ ᠡᠷᠭᠢᠬᠦ ᠲᠦᠷᠪᠡᠨ ᠤᠯᠠᠷᠢᠯ ᠳᠤ ᠡᠩᠬᠡ ᠠᠮᠤᠷ᠂ ᠲᠦᠪᠰᠢᠨ ᠵᠢᠷᠭᠠᠯᠠᠩ ᠤᠨ ᠪᠡᠯᠭᠡ ᠲᠡᠮᠳᠡᠭ ᠪᠣᠯᠵᠤ ᠰᠡᠬᠦᠶᠢᠨ᠎ᠡ᠃      ᠡᠷᠬᠡ ᠳᠠᠷᠬᠠᠨ ᠭᠠᠵᠠᠷ ᠤᠰᠤᠨ ᠢ ᠡᠷᠬᠡ ᠳᠠᠷᠬᠠᠨ ᠢᠶᠠᠷ ᠨᠢ ᠪᠠᠶᠢᠯᠭᠠᠵᠤ᠂ ᠦᠵᠡᠰᠭᠦᠯᠡᠩ ᠲᠡᠭᠦᠯᠳᠡᠷ ᠤᠮᠠᠷᠠᠲᠤ ᠬᠢᠯᠢ ᠶᠢ ᠴᠣᠭᠴᠠᠯᠠᠨ ᠪᠠᠶᠢᠭᠤᠯᠬᠤ ᠳᠤ ᠠᠷᠢᠭᠤᠨ ᠲᠠᠬᠰᠢᠨ ᠡᠨᠡ ᠭᠠᠵᠠᠷ ᠢ ᠰᠤᠯᠠ ᠵᠣᠷᠴᠢᠭᠰᠠᠳ ᠤᠨ ᠬᠥᠯ ᠠᠴᠠ ᠬᠤᠷᠢᠵᠤ᠂ ᠰᠠᠬᠢᠨ ᠬᠠᠮᠠᠭᠠᠯᠠᠬᠤ ᠶᠢᠨ ᠡᠷᠴᠢ ᠪᠠᠨ ᠴᠢᠩᠭᠠᠯᠠᠭᠰᠠᠨ ᠢᠶᠠᠷ ᠬᠠᠨ ᠠᠭᠤᠯᠠ ᠬᠠᠶᠢᠷ᠎ᠠ ᠶᠢᠨ ᠠᠭᠤᠯᠠ ᠪᠣᠯᠵᠤ᠂ ᠬᠤᠣᠰ ᠨᠢᠳᠦᠨ ᠤ ᠴᠡᠴᠡᠭᠡᠢ ᠨᠢ ᠪᠣᠯᠪᠠ᠃ ᠠᠭᠯᠠᠭ ᠤᠨ ᠭᠦᠨ ᠳᠡᠭᠡᠨ ᠠᠮᠤᠷ ᠲᠠᠶᠢᠪᠤᠩ ᠢ ᠣᠨᠢᠰᠤᠯᠠᠵᠤ᠂ ᠠᠯᠤᠰ ᠢ ᠬᠠᠷᠠᠭᠰᠠᠨ ᠴᠠᠮᠬᠠᠭ ᠲᠠᠭᠠᠨ ᠠᠰᠢᠳᠠ ᠶᠢᠨ ᠰᠠᠶᠢᠨ ᠰᠠᠶᠢᠬᠠᠨ ᠢ ᠳᠡᠭᠡᠵᠢᠯᠡᠨ᠂ ᠤᠯᠠᠨ ᠵᠠᠭᠤᠨ ᠤ ᠨᠠᠷᠠ ᠰᠠᠷᠠ ᠶᠢ ᠠᠨᠢᠷ ᠬᠥᠮ ᠤᠨ ᠳᠤᠮᠳᠠ ᠤᠭᠲᠤᠵᠤ ᠦᠳᠡᠨ᠎ᠡ᠃      ᠬᠠᠨ ᠠᠭᠤᠯᠠ ᠮᠠᠨᠢ ᠣᠳᠬᠠᠨ ᠲᠡᠭᠷᠢ ᠲᠠᠢ ᠰᠢᠲᠦᠯᠭᠡ ᠰᠠᠴᠠᠭᠤ᠂ ᠣᠪᠣᠭ᠎ᠠ ᠣᠪᠣᠭᠠᠨ ᠠᠴᠠ ᠲᠠᠭᠢᠯᠭ᠎ᠠ ᠢᠯᠡᠭᠦᠦ ᠲᠠᠢ ᠪᠠᠷ ᠤᠯᠠᠨ ᠤ ᠬᠠᠶᠢᠷ᠎ᠠ ᠳᠤ ᠳᠡᠭᠡᠳᠦᠯᠡᠭᠳᠡᠭᠰᠡᠨ ᠢᠶᠠᠷ ᠢᠪᠡᠭᠡᠯᠲᠦ ᠬᠤᠷ᠎ᠠ ᠪᠠᠨ ᠴᠠᠭ ᠤᠨ ᠴᠠᠭ ᠲᠠᠭᠠᠨ ᠪᠠᠭᠤᠯᠭᠠᠵᠤ᠂ ᠶᠢᠰᠦᠨ ᠬᠦᠰᠡᠯ ᠤᠨ ᠨᠣᠭᠤᠭᠠᠨ ᠲᠠᠯᠠᠪᠴᠢ ᠪᠠᠨ ᠮᠥᠴᠢᠷ ᠪᠦᠷᠢ ᠳᠡᠭᠡᠨ ᠵᠢᠭᠦᠷᠯᠡᠭᠦᠯᠦᠨ᠂ ᠥᠩᠭᠡᠲᠦ ᠬᠠᠪᠤᠷ᠂ ᠲᠠᠩᠰᠤᠭ ᠨᠠᠮᠤᠷ ᠢ ᠬᠥᠮᠥᠨ ᠤ ᠬᠤᠷᠸ᠎ᠠ ᠳᠤ ᠪᠡᠯᠡᠭᠯᠡᠨ᠎ᠡ᠃ ᠬᠥᠮᠥᠰ ᠴᠦ ᠲᠠᠭᠠᠯᠠᠯᠳᠤ ᠤᠯᠠᠷᠢᠯ ᠤᠨ ᠥᠯᠵᠡᠶᠢᠲᠦ ᠡᠳᠦᠷ ᠢ ᠰᠣᠩᠭᠤᠵᠤ ᠬᠦᠵᠢᠰ ᠠᠰᠠᠭᠠᠨ ᠰᠠᠩ ᠢᠷᠦᠭᠡᠯ ᠤᠩᠰᠢᠵᠤ᠂ ᠮᠣᠷᠢ ᠲᠠᠯᠪᠢᠨ᠂ ᠪᠦᠭᠡ ᠪᠠᠷᠢᠯᠳᠤᠭᠤᠯᠵᠤ ᠁ ᠲᠡᠭᠷᠢ ᠭᠠᠵᠠᠷ᠂ ᠬᠥᠮᠥᠨ ᠠᠷᠠᠳ ᠢᠶᠠᠨ ᠲᠤᠬᠳᠤᠯᠤᠭᠤᠯᠤᠬᠰᠠᠨ ᠨᠢᠵᠢᠭᠢᠷ ᠰᠠᠶᠢᠬᠠᠨ ᠨᠠᠶᠢᠷ ᠬᠢᠵᠦ᠂ ᠨᠠᠷᠮᠠᠢ ᠶᠡᠭᠡ ᠴᠡᠩᠭᠡᠯ ᠪᠠᠶᠠᠷ ᠢ ᠡᠭᠦᠰᠬᠡᠨ᠎ᠡ᠃ ᠪᠠᠰᠠ ᠴᠤ ᠣᠩᠭᠤᠯᠠᠬᠤ ᠰᠡᠲᠡᠷᠯᠡᠬᠦ ᠵᠠᠩ ᠦᠶᠯᠡ ᠶᠢ ᠵᠡᠷᠭᠡᠴᠡᠭᠦᠯᠦᠨ ᠶᠠᠪᠤᠭᠳᠠᠭᠤᠯᠵᠤ᠂ ᠬᠥᠮᠥᠨ᠂ ᠪᠠᠶᠢᠭᠠᠯᠢ᠂ ᠮᠠᠯ ᠭᠤᠷᠪᠠ ᠶᠢᠨ ᠠᠷᠢᠭᠤᠨ ᠰᠢᠵᠢᠮ ᠢ ᠬᠠᠶᠢᠷ᠎ᠠ ᠭᠡᠳᠡᠭ ᠨᠢᠭᠡᠨ ᠴᠡᠭ ᠲᠤ ᠵᠠᠩᠭᠢᠳᠴᠤ ᠲᠠᠯᠪᠢᠨ᠎ᠠ᠃ ᠡᠨᠡ ᠬᠦ ᠬᠠᠶᠢᠷᠠᠯᠠᠬᠤ ᠶᠢᠨ ᠤᠬᠠᠮᠰᠠᠷ᠂ ᠬᠦᠨᠳᠦᠳᠬᠡᠬᠦ ᠶᠢᠨ ᠤᠯᠠᠮᠵᠢᠯᠠᠯ ᠦᠶ᠎ᠡ ᠶᠢᠨ ᠦᠶ᠎ᠡ ᠳᠤ ᠵᠠᠭᠢᠬᠳᠠᠨ ᠦᠷᠭᠦᠯᠵᠢᠯᠡᠵᠦ᠂ ᠦᠷ᠎ᠡ ᠶᠢᠨ ᠦᠷ᠎ᠡ ᠳᠤ ᠵᠣᠬᠢᠶᠠᠭᠳᠠᠨ ᠦᠯᠡᠳᠡᠬᠦ ᠤᠴᠢᠷᠲᠠᠢ︕      ᠮᠣᠩᠭᠤᠯ ᠬᠥᠮᠥᠨ ᠤ ᠠᠭᠤᠯᠠ ᠤᠰᠤ ᠪᠠᠨ ᠰᠢᠲᠦᠨ ᠳᠡᠭᠡᠳᠦᠯᠡᠬᠦ ᠤᠬᠠᠮᠰᠠᠷ ᠶᠡᠭᠡ ᠡᠷᠲᠡᠨ ᠤ ᠬᠢ ᠶᠤᠮ᠃ ᠪᠠᠰᠠ ᠴᠤ ᠶᠡᠭᠡ ᠬᠤᠵᠢᠮ ᠭᠦᠷᠲᠡᠯ᠎ᠡ ᠤᠯᠠᠮᠵᠢᠯᠠᠭᠳᠠᠬᠤ ᠤᠳᠤᠮ ᠤᠨ ᠠᠯᠲᠠᠨ ᠬᠡᠯᠬᠢᠶ᠎ᠡ ᠶᠤᠮ᠃ ᠠᠮᠢᠳᠤᠷᠠᠯ ᠤᠨ ᠰᠠᠶᠢᠨ ᠰᠠᠶᠢᠬᠠᠨ ᠪᠦᠭᠦᠨ ᠢ ᠠᠭᠤᠯᠠ ᠤᠰᠤᠨ ᠤ ᠨᠠᠪᠳᠠᠭ ᠰᠠᠪᠳᠠᠭ᠂ ᠰᠦᠭ ᠰᠦᠯᠳᠡ ᠢᠪᠡᠭᠡᠨ ᠲᠡᠳᠬᠦᠳᠡᠭ ᠬᠡᠮᠡᠨ ᠦᠵᠡᠳᠡᠭ ᠢᠶᠠᠷ ᠢᠶᠠᠨ ᠥᠷᠯᠥᠭᠡ ᠪᠣᠯᠭᠠᠨ ᠴᠠᠢ ᠶᠢᠨ ᠳᠡᠭᠡᠵᠢ ᠪᠠᠨ ᠬᠥᠬᠡ ᠲᠡᠭᠷᠢ᠂ ᠬᠠᠨ ᠠᠭᠤᠯᠠ ᠵᠦᠭ ᠢᠶᠠᠨ ᠡᠷᠭᠦᠵᠦ ᠥᠴᠢᠯ ᠥᠴᠢᠨ᠂ ᠠᠮᠢᠲᠠᠨ ᠵᠢᠷᠭᠤᠭᠠᠨ ᠵᠦᠢᠯ ᠤᠨ ᠠᠮᠤᠷ ᠠᠮᠤᠭᠤᠯᠠᠩ ᠢ ᠨᠠᠮᠠᠨᠴᠢᠯᠠᠨ ᠳᠠᠭᠠᠳᠬᠠᠳᠠᠭ᠃ ᠪᠠᠰᠠ ᠴᠤ ᠥᠯᠵᠡᠢ ᠮᠥᠷ ᠲᠠᠢ᠂ ᠬᠡᠰᠢᠭ ᠬᠡᠶᠢᠮᠣᠷᠢ ᠲᠠᠢ ᠶᠠᠪᠤᠬᠤ ᠪᠠᠨ ᠪᠡᠯᠭᠡᠰᠢᠶᠡᠳᠡᠭ᠃ ᠨᠢᠭᠡᠨ ᠵᠦᠢᠯ ᠢ ᠤᠴᠢᠷᠯᠠᠨ ᠶᠠᠷᠢᠬᠤ ᠳᠤ ᠥᠨᠳᠥᠷ ᠠᠭᠤᠯᠠ ᠶᠢᠨ ᠣᠷᠣᠢ ᠬᠠᠷᠠᠬᠤ ᠪᠠᠷ ᠴᠥᠬᠦᠭᠰᠡᠨ ᠤᠷᠮ᠎ᠠ ᠰᠡᠷᠭᠦᠵᠦ᠂ ᠴᠥᠬᠦᠷᠡᠭᠰᠡᠨ ᠰᠡᠳᠬᠢᠯ ᠰᠡᠷᠪᠡᠯᠵᠡᠳᠡᠭ ᠨᠢ ᠮᠥᠨ ᠴᠤ ᠭᠠᠶᠢᠬᠠᠮᠰᠢᠭ ᠶᠤᠮ ᠳ᠋ᠠ᠃      ᠬᠤᠨᠭ᠍ᠭᠤᠷᠳᠠᠬᠤ ᠰᠠᠯᠬᠢ ᠬᠤᠯᠠ ᠶᠢᠨ ᠲᠤᠮᠤᠬ᠂ ᠣᠶᠢᠷ᠎ᠠ ᠶᠢᠨ ᠲᠡᠦᠬᠡ ᠬᠠᠭᠤᠴᠢᠯᠠᠭᠰᠠᠭᠠᠷ ᠬᠤᠰᠤᠨ ᠤ ᠨᠠᠪᠴᠢᠨ ᠳᠡᠭᠡᠷ᠎ᠡ ᠰᠢᠨ᠎ᠡ ᠨᠢᠭᠡᠨ ᠥᠩᠭᠡ ᠶᠢ ᠰᠡᠮ ᠨᠡᠮᠡᠨ᠎ᠡ᠃ ᠰᠢᠯᠦᠭ ᠰᠢᠭ ᠨᠢᠭᠡᠨ ᠤᠯᠠᠷᠢᠯ ᠢ ᠬᠥᠨᠳᠡᠢ ᠵᠢᠯᠠᠭ᠎ᠠ᠂ ᠬᠢᠷ᠎ᠠ ᠬᠠᠵᠠᠭᠤ ᠳᠤᠨᠢ ᠤᠷᠠᠯᠠᠨ ᠵᠢᠷᠤᠨ᠎ᠠ᠃      ᠬᠠᠨ ᠠᠭᠤᠯᠠ ᠶᠢᠨ ᠨᠠᠮᠤᠷ ᠤᠳᠠᠭᠠᠨ ᠨᠡᠭᠦᠳᠡᠭ ᠨᠠᠮᠤᠷ᠃ ᠠᠭᠤᠯᠠ ᠶᠢᠨ ᠬᠢᠨᠢ ᠮᠣᠳᠣᠳ ᠤᠳᠠᠭᠠᠨ ᠵᠤᠯᠭᠠᠷᠠᠳᠠᠭ ᠨᠠᠮᠤᠷ᠃ ᠤᠳᠠᠭᠠᠨ ᠨᠡᠭᠦᠵᠦ᠂ ᠤᠳᠠᠭᠠᠨ ᠵᠤᠯᠭᠠᠷᠠᠭᠰᠠᠨ ᠨᠠᠮᠤᠷ ᠤᠨ ᠮᠥᠷ ᠢ ᠳᠠᠷᠤᠵᠤ ᠬᠠᠨ ᠠᠭᠤᠯᠠ ᠶᠢᠨ ᠴᠠᠰᠤ ᠬᠠᠶᠢᠯᠤᠨ ᠪᠠᠶᠢᠵᠤ ᠬᠠᠶᠠᠯᠠᠨ᠎ᠠ᠂ ᠬᠠᠶᠠᠯᠠᠨ ᠪᠠᠶᠢᠵᠤ ᠬᠠᠶᠢᠯᠤᠨ᠎ᠠ᠃ ᠬᠠᠮᠤᠭ ᠪᠦᠭᠦᠨ ᠨᠠᠮ ᠵᠢᠮ ᠪᠣᠯᠣᠨ ᠴᠠᠷᠴᠠᠵᠤ᠂ ᠬᠠᠨ ᠳᠡᠯᠡᠬᠡᠢ ᠳᠤ ᠡᠪᠦᠯ ᠢᠷᠡᠬᠦ ᠶᠢᠨ ᠴᠠᠭ ᠢᠶᠠᠷ ᠭᠦᠨ ᠨᠠᠮᠤᠷ ᠤᠨ ᠭᠦᠨᠵᠡᠭᠡᠢ ᠠᠮᠢᠰᠬᠤᠭ᠎ᠠ ᠤᠯᠠᠷᠢᠯ ᠤᠨ ᠬᠥᠷᠥᠰᠥᠨ ᠳᠤ ᠰᠢᠷᠭᠤᠵᠤ ᠬᠠᠷᠠᠭᠳᠠᠨ᠎ᠠ᠂ ᠤᠯᠠᠷᠢᠯ ᠤᠨ ᠬᠥᠷᠥᠰᠥᠨ ᠠᠴᠠ ᠤᠷᠭᠤᠵᠤ ᠰᠠᠨᠠᠭᠳᠠᠨ᠎ᠠ᠃ ᠮᠥᠩᠭᠦᠨ ᠵᠤᠯᠠᠶᠢᠲᠤ ᠤᠨᠳᠤᠷᠠᠬᠤ ᠬᠠᠨ ᠠᠭᠤᠯᠠ ᠮᠥᠩᠬᠡ ᠶᠢᠨ ᠡᠭᠡᠰᠢᠭᠲᠦ ᠨᠠᠮᠤᠷ ᠤᠨ ᠰᠠᠷ᠎ᠠ ᠶᠢ ᠲᠣᠬᠤᠢ ᠵᠤᠵᠠᠭᠠᠨ ᠤᠨᠠᠭᠰᠠᠨ ᠨᠠᠪᠴᠢ᠂ ᠲᠤᠰᠤᠨ ᠰᠥᠯ ᠨᠢ ᠬᠠᠷᠢᠭ᠎ᠠ ᠦᠭᠡᠢ ᠲᠣᠷᠭᠠᠨ ᠪᠡᠯᠴᠢᠭᠡᠷ ᠲᠡᠭᠡᠨ ᠨᠢᠭᠤᠴᠠᠯᠠᠬᠤ ᠳᠤ ᠲᠠᠩᠰᠤᠭ ᠨᠠᠮᠤᠷ ᠠᠴᠠ ᠵᠠᠯᠭᠠᠭᠰᠠᠨ ᠳᠤᠯᠠᠭᠠᠬᠠᠨ ᠡᠪᠦᠯ᠂ ᠳᠠᠭᠤᠤ ᠶᠢᠨ ᠨᠤᠭᠤᠯᠤᠭᠠᠨ ᠳᠤ ᠬᠠᠯᠠᠩᠭᠢᠷᠠᠬᠰᠠᠨ ᠳᠤᠷᠠᠯᠠᠯᠲᠤ ᠬᠤᠣᠰ ᠤᠨ ᠬᠤᠷᠢᠮ ᠳᠡᠭᠡᠷ᠎ᠡ ᠭᠦᠯᠦᠷᠡᠩᠭᠡᠨ ᠰᠠᠭᠤᠵᠤ᠂ ᠲᠦᠷᠦᠭᠦᠦ ᠨᠣᠶᠠᠨ ᠤ ᠪᠠᠶᠢᠷᠢ ᠲᠠᠢ ᠳᠤᠭᠤᠷ᠎ᠠ ᠡᠷᠭᠢᠨ ᠰᠠᠭᠠᠲᠠᠨ᠎ᠠ᠃ ᠨᠠᠮᠤᠷ ᠤᠨ ᠲᠤᠬᠠᠢ ᠳᠠᠭᠤᠤ ᠨᠠᠶᠢᠷ ᠤᠨ ᠰᠢᠷᠡᠭᠡᠨ ᠠᠴᠠ ᠠᠯᠤᠰ ᠲᠡᠭᠷᠢ ᠶᠢᠨ ᠬᠢᠵᠠᠭᠠᠷ ᠵᠦᠭ ᠠᠶᠠᠷ ᠠᠶᠠᠷ ᠨᠢᠰᠦᠨ ᠤᠳᠤᠨ᠎ᠠ ᠁      ᠬᠠᠨ ᠠᠭᠤᠯᠠ ᠶᠢᠨ ᠨᠠᠮᠤᠷ ᠭᠡᠵᠦ ᠪᠢᠴᠢᠭᠡᠳ ᠪᠠᠷᠠᠬᠤ ᠦᠭᠡᠢ ᠬᠠᠶᠢᠷ᠎ᠠ ᠶᠢᠨ ᠨᠠᠮᠤᠷ᠂ ᠬᠠᠶᠢᠷᠠᠯᠠᠭᠠᠳ ᠪᠠᠷᠠᠬᠤ ᠦᠭᠡᠢ ᠵᠢᠷᠦᠬᠡᠨ ᠤ ᠨᠠᠮᠤᠷ ᠰᠠᠨ︕
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号