ᠬᠤᠷ᠎ᠠ ᠶᠢᠨ ᠰᠤᠷᠠᠭ
ᠨᠡᠶᠢᠲᠡᠯᠡᠭᠰᠡᠨ ᠴᠠᠭ᠄
2023/3/2
     ᠤᠷᠢᠬᠠᠨ ᠬᠠᠪᠤᠷ ᠤᠨ ᠡᠳᠦᠷ ᠠᠴᠠ ᠨᠢᠭᠡᠬᠡᠨ ᠮᠥᠴᠡ ᠶᠢ ᠵᠢᠭᠡᠯᠡᠨ      ᠤᠰᠤ ᠭᠤᠣᠯ ᠤᠨ ᠳᠣᠯᠭᠢᠶᠠᠨ ᠤ ᠲᠤᠩᠭᠠᠯᠠᠭ ᠠᠨᠢᠷ ᠲᠤ ᠲᠠᠶᠢᠪᠤᠰᠢᠷᠠᠨ      ᠬᠠᠪᠤᠷ ᠬᠡᠮᠡᠬᠦ ᠭᠠᠭᠴᠠᠬᠠᠨ ᠳᠡᠯᠡᠬᠡᠢ ᠴᠢᠮ᠎ᠠ ᠳᠡᠭᠡᠷ᠎ᠡ ᠪᠠᠨ      ᠬᠠᠨᠠᠨ ᠨᠢᠳᠦ ᠪᠠᠷ ᠥᠷᠲᠥᠬᠦ᠂ ᠭᠦᠪᠦᠯᠵᠡᠭᠦ ᠡᠭᠦᠯᠡᠰ ᠢ ᠰᠢᠷᠳᠡᠨ      ᠬᠤᠷ᠎ᠠ ᠶᠢᠨ ᠰᠤᠷᠠᠭ ᠴᠢᠩᠨᠠᠵᠤ᠂ ᠬᠤᠯᠠ ᠶᠢᠨ ᠲᠡᠭᠷᠢ ᠶᠢ ᠪᠠᠷᠠᠯᠠᠨᠠᠮ      ᠬᠠᠩᠭᠢᠷ ᠵᠢᠩᠭᠢᠷ ᠬᠠᠪᠤᠷ ᠤᠨ ᠭᠤᠷᠪᠠᠨ ᠰᠠᠷ᠎ᠠ ᠶᠢ      ᠬᠠᠪᠲᠠᠭᠠᠢ ᠴᠡᠭᠡᠵᠢᠨ ᠤ ᠪᠠᠨ ᠬᠠᠶᠢᠷ᠎ᠠ ᠪᠠᠷ ᠳᠣᠮᠨᠣᠬᠤ ᠳᠤ      ᠬᠠᠤᠬᠢᠬᠤ ᠰᠠᠯᠬᠢᠨ ᠢ ᠬᠤᠪᠬᠤ ᠲᠠᠭᠤᠭᠰᠠᠨ ᠬᠤᠷ᠎ᠠ ᠶᠢᠨ ᠰᠤᠷᠠᠭ      ᠬᠠᠶᠢᠷ᠎ᠠ ᠶᠢᠨ ᠤᠶᠠᠬᠠᠨ ᠽᠠᠮᠪᠤᠯᠢᠩ ᠤᠨ ᠬᠠᠲᠠᠭᠤ ᠴᠢᠨᠠᠷ ᠢ ᠵᠥᠭᠡᠯᠡᠯᠡᠬᠦ ᠪᠠᠷ      ᠬᠠᠷ᠎ᠠ ᠬᠥᠷᠥᠰᠥ ᠶᠢ ᠳᠡᠪᠲᠦᠭᠡᠨ ᠬᠠᠶᠢᠷ᠎ᠠ ᠶᠢᠨ ᠬᠡᠰᠢᠭ ᠪᠣᠯᠣᠨ ᠱᠠᠭᠢᠨᠠᠮ      ᠬᠤᠷᠮᠤᠰᠳᠠ ᠲᠡᠭᠷᠢ ᠠᠴᠠ ᠰᠣᠶᠣᠷᠬᠠᠭᠰᠠᠨ ᠰᠢᠳᠢᠲᠦ ᠷᠠᠰᠢᠶᠠᠨ      ᠬᠠᠳᠠᠵᠤ ᠬᠤᠷᠪᠣᠶᠢᠭᠰᠠᠨ ᠡᠪᠡᠰᠦ ᠴᠡᠴᠡᠭ ᠤᠨ ᠴᠠᠭ ᠤᠨ ᠬᠤᠷ᠎ᠠ      ᠬᠠᠩᠭᠠᠢ ᠰᠢᠯᠢ ᠪᠠᠨ ᠳᠠᠭᠤᠳᠠᠨ ᠰᠡᠷᠭᠦᠭᠡᠭᠰᠡᠨ ᠠᠮᠢᠨ ᠲᠡᠵᠢᠭᠡᠯ      ᠬᠠᠯᠭᠢᠲᠠᠯ᠎ᠠ ᠳᠡᠯᠭᠡᠷᠡᠭᠰᠡᠨ ᠲᠡᠷᠢᠭᠦᠯᠡᠭᠴᠢ ᠴᠡᠴᠡᠭ ᠤᠨ ᠲᠣᠷᠭᠠᠨ ᠬᠡᠯᠲᠡᠰ      ᠬᠠᠨ ᠳᠡᠯᠡᠬᠡᠢ ᠶᠢᠨ ᠬᠥᠮᠥᠨ ᠵᠤᠨ ᠤ ᠬᠦᠰᠡᠯ ᠤᠨ ᠲᠠᠯᠠᠪᠴᠢ      ᠠᠯᠤᠰ ᠴᠠᠭᠠᠨ᠎ᠠ ᠠᠴᠠ ᠠᠶᠠᠷᠬᠠᠨ ᠣᠶᠢᠷᠠᠲᠤᠭᠰᠠᠨ ᠬᠤᠷ᠎ᠠ ᠶᠢᠨ ᠰᠤᠷᠠᠭ      ᠣᠷᠴᠢᠯᠠᠩ ᠤᠨ ᠳᠤᠯᠠᠭᠠᠨ ᠬᠤᠷᠮᠣᠢ ᠳᠤ ᠤᠯᠠᠷᠢᠯ ᠤᠨ ᠰᠣᠶᠤᠭ᠎ᠠ ᠴᠤᠬᠤᠶᠢᠯᠭᠠᠨ      ᠤᠨᠢᠶᠠᠷ ᠬᠦᠳᠡᠩ ᠬᠥᠰᠢᠭᠡᠯᠡᠭᠰᠡᠨ ᠠᠭᠤᠯᠠᠰ ᠤᠨ ᠣᠷᠣᠢ ᠳᠤ ᠪᠦᠷᠦᠯᠵᠡᠬᠦ ᠳᠤ      ᠣᠰᠤᠨ ᠵᠡᠷᠭᠡᠯᠭᠡᠨ ᠬᠠᠯᠭᠢᠯᠠᠭᠰᠠᠨ ᠠᠷᠤ ᠶᠢᠨ ᠬᠥᠲᠥᠯ ᠮᠢᠨᠢ ᠴᠡᠯᠭᠡᠷᠡᠨ      ᠤᠳᠠᠨ ᠤ ᠨᠠᠪᠴᠢᠰ ᠪᠥᠵᠢᠭᠯᠡᠭᠰᠡᠨ ᠤᠷᠢᠬᠠᠨ ᠬᠠᠪᠤᠷ ᠳᠠᠭᠤᠯᠠᠯᠳᠤᠨᠠᠮ︕
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号