ᠠᠷᠢᠭᠤᠨ ᠭᠦᠳᠡᠯᠮᠦᠷᠢ ᠠᠴᠠ ᠠᠵᠠ ᠵᠢᠷᠭᠠᠯ ᠴᠡᠴᠡᠭᠯᠡᠨ᠎ᠡ
ᠨᠡᠶᠢᠲᠡᠯᠡᠭᠰᠡᠨ ᠴᠠᠭ᠄
2023/4/27
     ︽ᠭᠦᠳᠡᠯᠮᠦᠷᠢ ᠪᠣᠯ ᠡᠨᠡ ᠳᠡᠯᠡᠬᠡᠢ ᠳᠡᠭᠡᠷᠡᠬᠢ ᠪᠦᠭᠦ ᠡᠷᠬᠢᠮ ᠰᠠᠶᠢᠬᠠᠨ ᠠᠵᠠ ᠵᠢᠷᠭᠠᠯ ᠤᠨ ᠡᠬᠢ ᠪᠤᠯᠠᠭ ᠮᠥᠨ︾ ᠬᠡᠮᠡᠨ ᠮ᠊·ᠭᠤᠷᠺᠢ ᠬᠡᠯᠡᠪᠡ᠃ ︽ᠪᠦᠲᠦᠭᠡᠯᠴᠢ ᠢᠳᠡᠪᠬᠢᠲᠡᠢ ᠭᠦᠳᠡᠯᠮᠦᠷᠢ ᠵᠢᠳᠬᠦᠯ ᠬᠥᠮᠥᠨ ᠤ ᠬᠥᠭᠵᠢᠯ ᠳᠠᠪᠰᠢᠯ ᠤᠨ ᠦᠨᠳᠦᠰᠦ ᠪᠤᠯᠳᠠᠭ ᠪᠥᠭᠡᠳ ᠲᠡᠭᠦᠨ ᠠᠴᠠ ᠪᠠᠨ ᠬᠡᠮᠵᠢᠶᠡᠯᠡᠰᠢ ᠦᠭᠡᠢ ᠪᠠᠶᠠᠷ ᠪᠠᠶᠠᠰᠤᠯ᠂ ᠠᠵᠠ ᠵᠢᠷᠭᠠᠯ ᠭᠦᠷᠳᠡᠨ ᠠᠮᠵᠢᠯᠲᠠ ᠳᠤ ᠬᠦᠷᠬᠦ᠂ ᠠᠯᠳᠠᠷ ᠢᠶᠠᠨ ᠳᠠᠭᠤᠷᠢᠰᠬᠠᠬᠤ ᠰᠢᠳᠢᠲᠦ ᠲᠦᠯᠬᠢᠭᠦᠷ ᠢᠶᠠᠨ ᠪᠠᠲᠤ ᠠᠳᠬᠤᠨ ᠵᠣᠭᠰᠣᠵᠤ ᠪᠠᠶᠢᠨ᠎ᠠ︾ ᠬᠡᠮᠡᠨ ᠪᠠᠷᠳᠠᠮ ᠪᠤᠳᠤᠵᠤ ᠪᠤᠯᠬᠤ ᠶᠤᠮ᠃      ᠭᠦᠳᠡᠯᠮᠦᠷᠢ ᠥᠩᠭᠡ ᠭᠡᠷᠡᠯᠲᠡᠢ ᠪᠥᠭᠡᠳ ᠪᠦᠲᠦᠭᠡᠯᠴᠢ ᠭᠦᠳᠡᠯᠮᠦᠷᠢ ᠰᠢᠨ᠎ᠡ ᠶᠢ ᠡᠭᠦᠳᠳᠡᠭ᠃ ᠭᠦᠳᠡᠯᠮᠦᠷᠢᠴᠢ ᠬᠥᠮᠥᠨ ᠲᠡᠪᠴᠢᠶᠡᠷᠢ᠂ ᠣᠷᠣᠯᠳᠣᠯᠭ᠎ᠠ ᠬᠤᠶᠠᠷ ᠢ ᠬᠠᠮᠲᠤ ᠳᠠᠭᠠᠨ ᠠᠭᠤᠯᠵᠤ᠂ ᠠᠯᠢᠪᠠ ᠦᠢᠯᠡ ᠬᠡᠷᠡᠭ ᠢ ᠰᠠᠶᠢᠨ ᠬᠢᠬᠦ ᠶᠢᠨ ᠲᠤᠯᠠᠳᠠ ᠲᠡᠭᠦᠨ ᠳᠡᠭᠡᠨ ᠠᠭᠤᠰᠤᠨ ᠰᠢᠩᠭᠡᠵᠦ᠂ ᠵᠢᠷᠦᠬᠡ ᠰᠡᠳᠬᠢᠯ ᠢᠶᠠᠨ ᠵᠣᠷᠢᠭᠤᠯᠤᠨ ᠬᠢᠳᠡᠭ ᠠᠴᠠ ᠬᠢᠭᠰᠡᠨ ᠦᠢᠯᠡ ᠪᠦᠭᠦᠨ ᠨᠢ ᠲᠡᠭᠦᠰ ᠲᠡᠭᠦᠯᠳᠡᠷ ᠲᠤ ᠤᠶᠢᠷᠠᠳᠴᠤ᠂ ᠳᠡᠭᠡᠳᠦ ᠵᠡᠷᠭᠡ ᠶᠢᠨ ᠤᠶᠤᠨ ᠰᠠᠨᠠᠭᠠᠨ ᠤ ᠬᠠᠪᠤ ᠴᠡᠩᠭᠡᠯ ᠪᠣᠯᠣᠨ ᠥᠪᠡᠷ ᠢ ᠪᠠᠨ ᠢᠳᠡᠭᠡᠨ ᠥᠪᠡᠷ ᠢᠶᠠᠷ ᠢᠶᠠᠨ ᠪᠠᠭ᠋ᠠᠷᠬᠠᠬᠤ ᠪᠠᠭ᠋ᠠᠷᠬᠠᠯ ᠢ ᠬᠠᠮᠲᠤ ᠳᠠᠭᠠᠨ ᠠᠪᠴᠤ ᠢᠷᠡᠳᠡᠭ᠃      ᠶᠠᠷᠢᠶᠠᠨ ᠦᠭᠡᠢ ᠬᠥᠮᠥᠰ ᠠᠵᠢᠯ ᠭᠦᠳᠡᠯᠮᠦᠷᠢ ᠶᠢ ᠶᠠᠩᠵᠤ ᠶᠠᠩᠵᠤ ᠪᠠᠷ ᠬᠢᠳᠡᠭ᠃ ᠠᠵᠢᠯ ᠳᠤ ᠮᠠᠭᠤᠬᠠᠨ᠂ ᠪᠡᠶ᠎ᠡ ᠪᠠᠨ ᠳᠠᠶᠢᠴᠢᠯᠠᠳᠠᠭ ᠦᠭᠡᠢ ᠵᠠᠯᠬᠠᠭᠤ ᠨᠢᠭᠡᠨ ᠪᠠᠶᠢᠬᠤ ᠳᠤ ᠠᠵᠢᠯ ᠢᠶᠠᠨ  ᠠᠮᠵᠢᠭᠤᠯᠳᠠᠭ ᠪᠠᠭ᠋ᠠᠷᠤᠮ᠎ᠠ ᠪᠦᠲᠦᠭᠡᠯᠴᠢ ᠴᠢᠳᠠᠪᠤᠷᠢ ᠲᠠᠢ ᠨᠢᠭᠡ ᠨᠢ ᠴᠦ ᠪᠤᠢ᠃ ᠬᠠᠷᠢᠭᠤᠴᠠᠭᠰᠠᠨ ᠠᠵᠢᠯ ᠳᠠᠭᠠᠨ ᠰᠡᠳᠬᠢᠯ ᠵᠢᠷᠦᠬᠡ ᠪᠠᠨ ᠥᠭᠴᠦ᠂ ᠮᠠᠬᠠᠷᠠᠨ ᠵᠢᠳᠬᠦᠳᠡᠭ ᠬᠠᠶᠢᠷᠠᠯᠠᠮᠠᠷ ᠵᠢᠱᠢᠶ᠎ᠡ ᠪᠠᠶᠢᠬᠤ ᠳᠤ ᠡᠷᠭᠢᠯᠡᠭᠰᠡᠨ ᠠᠵᠢᠯ ᠢᠶᠠᠨ ᠣᠷᠣ ᠨᠡᠷ᠎ᠡ ᠲᠡᠳᠦᠢ ᠬᠢᠭᠰᠡᠨ ᠪᠣᠯᠵᠤ ᠨᠠᠵᠠᠭᠠᠶᠢᠷᠠᠨ ᠴᠠᠭ ᠨᠦᠭᠴᠢᠭᠡᠭᠰᠡᠳ ᠴᠦ ᠴᠥᠭᠡᠨ ᠦᠭᠡᠢ᠃ ᠠᠵᠢᠯ ᠭᠦᠳᠡᠯᠮᠦᠷᠢ ᠪᠠᠨ ᠮᠠᠭᠤ ᠬᠢᠵᠦ ᠴᠢᠳᠠᠳᠠᠭ ᠦᠭᠡᠢ᠂ ᠳᠤᠲᠠᠭᠤ ᠳᠤᠯᠢᠮᠠᠭ ᠤᠷᠭᠢᠵᠤ ᠰᠤᠷᠤᠭ᠎ᠠ ᠦᠭᠡᠢ ᠲᠡᠳᠡᠭᠡᠷ ᠬᠥᠮᠥᠰ ᠯᠡ ᠠᠯᠳᠠᠷ ᠬᠦᠨᠳᠦ ᠪᠠ ᠠᠮᠵᠢᠯᠲᠠ ᠪᠦᠲᠦᠮᠵᠢ ᠶᠢᠨ ᠪᠠᠷᠢᠶᠠᠨ ᠠᠴᠠ ᠬᠡᠵᠢᠶᠡᠳᠡ ᠣᠶᠢᠷᠠᠬᠠᠨ᠃ ᠬᠠᠷᠢᠭᠤᠴᠠᠭᠰᠠᠨ ᠠᠵᠢᠯ ᠳᠠᠭᠠᠨ ᠵᠢᠷᠦᠬᠡ ᠰᠡᠳᠬᠢᠯ ᠢᠶᠠᠨ ᠥᠭᠴᠦ ᠮᠠᠬᠠᠷᠠᠨ ᠵᠢᠳᠬᠦᠳᠡᠭ ᠬᠠᠶᠢᠷ᠎ᠠ ᠲᠠᠲᠠᠮ᠎ᠠ ᠬᠥᠮᠥᠰ ᠯᠡ ᠤᠯᠠᠨ ᠲᠦᠮᠡᠨ ᠤ ᠬᠦᠷᠢᠶᠡᠯᠡᠯ᠂ ᠬᠦᠨᠳᠦᠯᠡᠯ ᠢ ᠬᠦᠷᠲᠡᠵᠦ ᠪᠠᠭ᠋ᠠᠷᠬᠠᠨ ᠳᠤᠷᠠᠰᠤᠭᠳᠠᠨ᠎ᠠ᠃ ᠲᠡᠭᠡᠭᠦ ᠪᠠᠷ᠂ ᠰᠤᠷᠴᠤ ᠮᠡᠳᠡᠬᠦ ᠶᠢᠨ ᠲᠥᠯᠥᠭᠡ᠂ ᠰᠤᠳᠤᠯᠵᠤ ᠪᠦᠲᠦᠭᠡᠬᠦ ᠶᠢᠨ ᠤᠴᠢᠷ᠎ᠠ᠂ ᠲᠠᠲᠠᠭᠤ ᠶᠠᠳᠠᠭᠤ ᠠᠴᠠ ᠦᠯᠦ ᠰᠢᠯᠲᠠᠭᠠᠯᠠᠵᠤ᠂ ᠨᠥᠬᠦᠴᠡᠯ ᠣᠷᠴᠢᠨ ᠳᠤ ᠡᠰᠡ ᠬᠦᠯᠢᠶᠡᠰᠦᠯᠡᠭᠳᠡᠵᠦ᠂ ᠥᠪᠡᠷ ᠢ ᠪᠠᠨ ᠱᠠᠯᠠᠪᠳᠠᠭᠤᠯᠤᠨ ᠬᠦᠴᠦᠯᠡᠵᠦ᠂ ᠬᠦᠷᠴᠦ ᠪᠤᠯᠬᠤ ᠬᠠᠮᠤᠭ ᠤᠨ ᠳᠡᠭᠡᠳᠦ ᠥᠨᠳᠦᠷᠯᠢᠭ ᠲᠤ ᠤᠶᠢᠭ᠎ᠠ ᠦᠭᠡᠢ ᠭᠦᠳᠡᠯᠮᠦᠷᠢ ᠬᠦᠴᠦ ᠪᠠᠷ ᠢᠶᠠᠨ ᠭᠠᠷᠴᠤ ᠴᠢᠳᠠᠭᠰᠠᠨ ᠵᠢᠱᠢᠶ᠎ᠡ ᠵᠠᠬ᠎ᠠ ᠠᠴᠠ ᠪᠠᠨ ᠪᠤᠢ᠃      ᠪᠡᠶ᠎ᠡ ᠶᠢᠨ ᠲᠠᠪᠠ ᠪᠠᠷ ᠪᠡᠯᠡᠨ ᠬᠤᠭᠤᠯᠠ᠂ ᠪᠡᠯᠡᠳᠬᠡᠭᠰᠡᠨ ᠨᠥᠬᠦᠴᠡᠯ ᠳᠡᠭᠡᠷ᠎ᠡ ᠥᠩᠭᠡᠯᠵᠡᠬᠦ  ︽ᠡᠭᠦᠯᠡᠨ ᠴᠢᠯᠦᠭᠡᠨ ᠤ ᠨᠠᠷᠠ︾ ᠶᠢ ᠠᠵᠠ ᠵᠢᠷᠭᠠᠯ ᠬᠡᠮᠡᠨ ᠪᠤᠳᠤᠬᠤ ᠨᠢ ᠲᠣᠮᠣ ᠠᠳᠡᠭᠦᠷᠡᠯ ᠠ᠋᠃ ᠤᠬᠠᠭᠠᠨ ᠰᠠᠨᠠᠭ᠎ᠠ ᠨᠢ ᠡᠷᠡᠭᠦᠯ ᠠᠳᠠᠯ᠎ᠠ ᠤᠶᠤᠨ ᠤᠬᠠᠭᠠᠨ ᠢᠶᠠᠨ ᠠᠵᠢᠯᠯᠠᠭᠤᠯᠬᠤ ᠦᠭᠡᠢ᠂ ᠬᠥᠮᠥᠨ ᠤ ᠠᠶᠠᠰ ᠢ ᠬᠠᠷᠠᠵᠤ᠂ ᠪᠤᠰᠤᠳ ᠤᠨ ᠳᠣᠬᠢᠶ᠎ᠠ ᠵᠠᠩᠭᠠᠭ᠎ᠠ ᠪᠠᠷ ᠬᠥᠳᠡᠯᠦᠭᠰᠡᠭᠡᠷ ᠪᠠᠶᠢᠭᠠᠳ ᠤᠷᠰᠢᠭ  ᠪᠠᠯᠠᠢ ᠮᠡᠲᠦ ᠪᠤᠯᠳᠠᠭ ᠨᠢ ᠴᠦ ᠮᠤᠩ ᠦᠭᠡᠢ᠃ ᠨᠡᠩ ᠴᠢᠨᠠᠭᠰᠢᠯᠠᠨ᠂ ᠤᠴᠢᠷ ᠤᠳᠬ᠎ᠠ ᠦᠭᠡᠢ ᠠᠶᠠᠯᠳᠠᠨ ᠳᠠᠭᠠᠯᠳᠤᠭᠴᠢ ᠪᠣᠯᠵᠤ ᠶᠠᠪᠤᠭᠠᠨ ᠳᠠᠭᠠᠨ ᠥᠪᠡᠷ ᠤᠨ ᠲᠥᠷᠥᠯᠬᠢ ᠶᠢᠨ ᠴᠢᠳᠠᠪᠬᠢ ᠪᠠ ᠪᠦᠲᠦᠭᠡᠯᠴᠢ ᠰᠡᠳᠬᠢᠬᠦᠢ ᠪᠠᠨ ᠪᠦᠷᠢᠮᠦᠰᠦᠨ ᠠᠯᠳᠠᠵᠤ᠂ ᠪᠢᠯᠳᠠᠤᠴᠢ᠂ ᠪᠢᠯᠠᠩᠭᠠᠴᠢ ᠪᠣᠯᠣᠨ ᠬᠤᠪᠢᠷᠠᠨ᠂ ᠠᠯᠪᠠᠨ ᠲᠤᠰᠢᠶᠠᠯ᠂ ᠠᠯᠳᠠᠷ ᠬᠦᠨᠳᠦ᠂ ᠠᠰᠢᠭ ᠮᠥᠩᠭᠦ ᠶᠢᠨ ︽ᠨᠢᠳᠦ︾ ᠪᠠᠷ ᠣᠷᠴᠢᠯᠠᠩ ᠢ ᠬᠠᠷᠠᠵᠤ᠂ ᠶᠠᠯᠢᠬᠤ ᠱᠠᠯᠢᠬᠤ ᠦᠭᠡᠢ ᠶᠢᠨ ᠮᠠᠨᠠᠨ ᠳᠤᠮᠳᠠ ᠲᠡᠨᠡᠭᠷᠡᠨ ᠮᠤᠩᠭᠠᠨᠢᠭᠰᠠᠭᠠᠷ ᠭᠠᠢ ᠬᠤᠣᠷᠯᠠᠯ ᠤᠨ ᠠᠶᠤᠯᠲᠤ ᠡᠲᠡᠭᠡᠳ ᠪᠣᠯᠵᠤ ᠪᠠᠶᠢᠭᠰᠠᠨ ᠢᠶᠠᠨ ᠪᠤᠰᠤᠳ ᠤᠨ ︽ᠠᠮᠢᠳᠤᠷᠠᠯ︾ ᠤᠨ ᠬᠦᠷᠢᠶᠡᠨ ᠳᠤ ᠨᠡᠪᠲᠡᠷᠡᠬᠦ ᠶᠢᠨ ᠲᠤᠯᠠᠳᠠ ᠤᠯᠠᠮ ᠪᠦᠷ ᠵᠢᠵᠢᠭᠷᠡᠨ ᠥᠴᠥᠬᠡᠨ ᠰᠡᠳᠬᠢᠯ ᠤᠨ ᠬᠤᠪᠢ ᠲᠠᠪᠢᠯᠠᠩ ᠳᠤ ᠥᠷᠲᠥᠵᠦ᠂  ᠤᠳᠬ᠎ᠠ ᠤᠴᠢᠷ ᠢᠶᠠᠨ ᠠᠯᠳᠠᠵᠤ ᠦᠮᠡᠬᠡᠶᠢᠷᠡᠭᠰᠡᠨ ᠰᠡᠳᠬᠢᠯᠭᠡᠨ ᠤ ᠬᠤᠭ ᠬᠠᠶᠠᠭᠳᠠᠯ ᠳᠤᠮᠳᠠ ᠨᠣᠪᠰᠢᠷᠠᠨ ᠦᠯᠡᠳᠡᠬᠦ ᠨᠢ ᠬᠥᠭᠡᠷᠦᠬᠦᠶᠢᠯᠡᠯᠲᠡᠢ᠃ ᠰᠢᠨᠵᠢᠯᠡᠬᠦ ᠤᠬᠠᠭᠠᠨᠲᠠᠨ᠂  ᠰᠠᠨᠰᠠᠷᠴᠢ᠂ ᠲᠣᠭᠯᠠᠭᠴᠢ᠂ ᠲᠠᠮᠢᠷᠴᠢᠨ᠂ ᠠᠯᠪᠠᠳᠠᠨ᠂ ᠁ ᠠᠯᠢ ᠴᠦ ᠰᠠᠯᠪᠤᠷᠢ ᠳᠤ ᠪᠤᠰᠤᠳ ᠠᠴᠠ ᠳᠠᠪᠠᠨ ᠭᠠᠷᠴᠤ ᠠᠯᠳᠠᠷ ᠢᠶᠠᠨ ᠮᠢᠯᠢᠶᠠᠯᠭᠠᠭᠰᠠᠨ ᠬᠡᠨ ᠬᠥᠮᠥᠨ ᠪᠤᠯᠪᠠᠴᠤ ᠠᠵᠢᠯ ᠭᠦᠳᠡᠯᠮᠦᠷᠢ ᠪᠠᠷ ᠥᠪᠡᠷ ᠢ ᠪᠠᠨ ᠳᠠᠶᠢᠴᠢᠯᠠᠵᠤ᠂ ᠬᠢᠴᠢᠶᠡᠨ ᠵᠢᠳᠬᠦᠵᠦ ᠪᠠᠶᠢᠵᠤ ᠲᠡᠷᠡ ᠬᠦ ᠠᠮᠵᠢᠯᠲᠠ ᠶᠢ ᠣᠯᠣᠭᠰᠠᠨ ᠨᠢ ᠮᠠᠷᠭᠤᠰᠢ ᠦᠭᠡᠢ᠃      ᠠᠯᠢ ᠴᠦ ᠭᠠᠵᠠᠷ ᠣᠷᠣᠨ᠂ ᠶᠠᠮᠠᠷ ᠴᠦ ᠴᠠᠭ ᠡᠷᠢᠨ ᠳᠤ ᠠᠵᠢᠯ ᠢᠶᠠᠨ ᠡᠵᠡᠨ ᠶᠣᠰᠣᠭᠠᠷ ᠰᠠᠶᠢᠨ ᠬᠢᠳᠡᠭ ᠭᠦᠳᠡᠯᠮᠦᠷᠢᠴᠢ ᠬᠥᠮᠥᠰ ᠠᠭᠠᠷ ᠤᠰᠤ ᠮᠡᠲᠦ ᠬᠡᠷᠡᠭᠲᠡᠢ᠃ ᠤᠴᠢᠷ ᠨᠢ᠂ ︽ᠭᠦᠳᠡᠯᠮᠦᠷᠢ ᠦᠭᠡᠢ ᠪᠣᠯ ᠪᠠᠶᠠᠷ ᠪᠠᠶᠠᠰᠬᠤᠯᠠᠩ ᠲᠠᠢ᠂ ᠴᠡᠪᠡᠷ ᠰᠠᠶᠢᠬᠠᠨ ᠠᠮᠢᠳᠤᠷᠠᠯ ᠪᠠᠶᠢᠬᠤ ᠦᠭᠡᠢ︾ ︵ᠠ᠊ · ᠫ᠊ · ᠴᠧᠬᠤᠸ᠋︶ ᠪᠥᠭᠡᠳ ᠥᠪᠡᠷ ᠤᠨ ᠴᠢᠨᠢ ᠡᠮᠦᠨ᠎ᠡ ᠠᠴᠠ ᠰᠤᠷᠤᠯᠴᠠᠨ᠂ ᠴᠢᠨᠦ ᠣᠷᠣᠨ ᠳᠤ ᠬᠥᠳᠡᠯᠮᠦᠷᠢᠯᠡᠵᠦ᠂ ᠴᠢᠨᠦ ᠨᠡᠷ᠎ᠡ ᠪᠠᠷ ᠪᠦᠲᠦᠭᠡᠨ ᠲᠤᠭᠤᠷᠪᠢᠵᠤ ᠥᠭᠬᠦ ᠬᠥᠮᠥᠨ ᠬᠤᠷᠸ᠎ᠠ ᠳᠤ ᠦᠭᠡᠢ ᠶᠤᠮ ᠴᠢᠨᠢ᠃ ᠲᠡᠶᠢᠮᠦ ᠠᠴᠠ ᠥᠪᠡᠷ ᠤᠨ ᠭᠦᠳᠡᠯᠮᠦᠷᠢ ᠳᠡᠭᠡᠨ ᠡᠷᠡᠭᠡᠯᠵᠡᠵᠦ ᠲᠡᠭᠡᠭᠡᠨᠡᠯᠵᠡᠯ ᠦᠭᠡᠢ ᠨᠠᠶᠢᠳᠠᠨ᠂ ᠪᠣᠯᠣᠯᠴᠠᠭ᠎ᠠ ᠨᠥᠭᠡᠴᠡ ᠪᠠᠨ ᠰᠢᠪᠬᠠᠨ ᠲᠠᠶᠢᠴᠢᠯᠠᠵᠤ᠂ ᠪᠦᠲᠦᠭᠡᠯᠴᠢ ᠰᠢᠷᠭᠠᠭᠤ ᠥᠪᠡᠷ ᠤᠨ ᠢᠶᠠᠨ ᠬᠦᠴᠦ ᠪᠠᠷ ᠥᠪᠡᠷ ᠢ ᠪᠠᠨ ᠵᠣᠷᠢᠭᠵᠢᠭᠤᠯᠤᠨ ᠲᠤᠰᠠᠯᠠᠨ ᠴᠣᠭᠴᠠᠯᠠᠵᠤ᠂ ᠠᠯᠤᠰ ᠢᠷᠡᠭᠡᠳᠦᠢ ᠪᠠᠨ ᠥᠭᠡᠳᠡᠷᠬᠡᠭ ᠢᠶᠠᠷ ᠬᠠᠷᠠᠵᠤ᠂ ᠠᠮᠢᠳᠤᠷᠠᠯ ᠢᠶᠠᠨ ᠦᠨ᠎ᠡ ᠴᠠᠨ᠎ᠠ ᠲᠠᠢ᠂ ᠤᠳᠬ᠎ᠠ ᠲᠡᠭᠦᠯᠳᠡᠷ᠂ ᠤᠯᠪᠠᠭ᠎ᠠ ᠵᠣᠯᠢ ᠲᠠᠢ᠂ ᠤᠴᠢᠷ ᠵᠥᠪ ᠠᠪᠴᠤ ᠶᠠᠪᠤᠬᠤ ᠨᠢ ᠳᠡᠭᠡᠳᠦ ᠡᠷᠬᠢᠮ ᠠ᠋︕      ᠠᠵᠠ ᠵᠢᠷᠭᠠᠯ ᠬᠥᠮᠥᠨ ᠪᠦᠭᠦᠨ ᠤ ᠬᠦᠷᠴᠦ ᠴᠢᠳᠠᠳᠠᠭ ᠣᠷᠣᠨ ᠵᠠᠢ ᠳᠤ ᠵᠢᠭᠤᠲᠠᠵᠤ ᠬᠤᠯᠠᠳᠠᠯ ᠦᠭᠡᠢ ᠬᠦᠯᠢᠶᠡᠵᠦ ᠪᠠᠶᠢᠳᠠᠭ᠃ ᠭᠠᠭᠴᠠ ᠬᠦ ᠲᠡᠭᠦᠨ ᠳᠤ ᠭᠦᠳᠡᠯᠮᠦᠷᠢ ᠵᠢᠳᠬᠦᠯ ᠢᠶᠠᠷ ᠯᠡ ᠲᠡᠮᠡᠦᠯᠵᠦ ᠬᠦᠷᠬᠦ ᠳᠤ ᠪᠦᠭᠦ ᠶᠠᠭᠤᠮ᠎ᠠ ᠵᠠᠮ ᠵᠠᠢ ᠲᠠᠯᠪᠢᠵᠤ ᠥᠭᠭᠦᠨ᠎ᠡ᠃ ᠠᠵᠠ ᠵᠢᠷᠭᠠᠯ ᠢ ᠠᠯᠤᠰ ᠠᠴᠠ ᠬᠠᠶᠢᠳᠠᠭ ᠪᠢᠰᠢ ᠬᠠᠷᠢᠨ᠂ ᠠᠵᠢᠯ ᠭᠦᠳᠡᠯᠮᠦᠷᠢ ᠪᠠᠷ ᠢᠶᠠᠨ ᠥᠪᠡᠷ ᠤᠨ ᠢᠶᠠᠨ ᠳᠡᠷᠭᠡᠳᠡ ᠤᠷᠭᠤᠭᠤᠯᠳᠠᠭ ᠠᠵᠢ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号