ᠳᠡᠯᠡᠬᠡᠢ ᠭᠡᠶᠢᠭᠦᠯᠵᠦ ᠨᠠᠷᠠ ᠮᠠᠨᠳᠤᠨ᠎ᠠ᠃ ᠤᠩᠭᠤᠨ ᠪᠠᠶᠢᠭᠠᠯᠢ ᠶᠢᠨ ᠡᠪᠡᠰᠦ ᠤᠷᠭᠤᠮᠠᠯ ᠭᠡᠷᠡᠯ ᠢ ᠨᠢ ᠬᠥᠬᠦᠵᠦ | ᠡᠷᠬᠡ ᠲᠠᠩᠭᠢ ᠤᠷᠭᠤᠨ᠎ᠠ᠃ ᠣᠨ ᠵᠢᠯ ᠢ ᠲᠤᠭᠤᠯᠵᠦ ᠪᠣᠰᠤᠭ᠎ᠠ ᠰᠡᠬᠦᠶᠢᠭᠰᠡᠨ ᠪᠤᠭᠤᠷᠤᠯ ᠠᠭᠤᠯᠠᠰ ᠤᠨ ᠤᠷᠭᠢᠯ | ᠦᠶ᠎ᠡ ᠦᠶ᠎ᠡ ᠥᠭᠡᠳᠡ ᠪᠠᠨ ᠥᠨᠳᠡᠯᠵᠡᠨ᠎ᠡ᠃ ᠲᠡᠮᠡᠦᠯᠵᠦ ᠱᠤᠤᠭᠢᠭᠰᠠᠨ ᠭᠤᠣᠯ ᠭᠤᠷᠤᠬ᠎ᠠ ᠲᠤᠷᠤᠨ᠎ᠠ ᠵᠦᠭ | ᠰᠢᠷᠤᠩᠬᠠᠶᠢᠯᠠᠬᠤ ᠳᠤ ᠴᠡᠭᠡᠯ ᠤᠨ ᠭᠦᠨ ᠠᠴᠠ ᠨᠢ ᠵᠢᠭᠠᠰᠤ ᠡᠷᠬᠡᠯᠡᠨ ᠴᠣᠯᠭᠢᠨ᠎ᠠ᠃ | ᠭᠤᠪᠢ ᠬᠠᠩᠭᠠᠢ ᠳᠤ ᠬᠠᠩᠬᠤᠯᠲᠠᠯ᠎ᠠ ᠳᠡᠯᠭᠡᠷᠡᠭᠰᠡᠨ ᠴᠡᠴᠡᠭ ᠤᠨ ᠦᠨᠦᠷ ᠲᠤ ᠡᠷᠪᠡᠬᠡᠢ ᠪᠠᠶᠠᠰᠤᠨ ᠪᠥᠵᠢᠵᠦ | ᠡᠷᠬᠡᠯᠡᠨ ᠨᠢᠰᠬᠦ ᠳᠤ ᠬᠥᠲᠥᠯ ᠪᠦᠷᠬᠦᠭᠰᠡᠨ ᠬᠤᠨᠢᠨ ᠰᠦᠷᠦᠭ ᠭᠦᠪᠪᠦᠨ ᠨᠡᠭᠦᠬᠦ ᠴᠠᠭᠠᠨ ᠡᠭᠦᠯᠡ ᠰᠢᠭ ᠬᠠᠷᠠᠭᠠᠨ ᠳᠤ | ᠮᠢᠨᠢ ᠲᠣᠳᠣᠷᠠᠨ᠎ᠠ᠃ | ᠨᠠᠷᠠᠨ ᠳᠤ ᠶᠠᠭᠤ ᠪᠦᠭᠦᠨ ᠡᠭᠡᠯᠢᠲᠡᠢ᠃ ᠥᠨᠥᠴᠢᠨ ᠨᠠᠪᠴᠢ ᠭᠦᠷᠳᠡᠯ᠎ᠡ ᠨᠠᠷᠠᠨ ᠤ ᠪᠠᠨ ᠢᠯᠴᠢ ᠭᠡᠷᠡᠯ ᠢ | ᠰᠢᠩᠭᠡᠭᠡᠵᠦ ᠵᠤᠨ ᠢ ᠵᠢᠷᠭᠠᠲᠠᠯ᠎ᠠ ᠵᠢᠷᠭᠢᠨ᠎ᠡ᠃ ᠲᠤᠭᠤᠯ ᠤᠨ ᠪᠡᠯᠴᠢᠭᠡᠷ ᠲᠤ ᠲᠦᠭᠡᠭᠰᠡᠨ ᠴᠠᠭᠠᠨ ᠴᠢᠯᠠᠭᠤ | ᠠᠭᠤᠵᠢᠷᠠᠲᠠᠯ᠎ᠠ ᠠᠮᠢᠰᠬᠤᠬᠤ ᠳᠤ ᠲᠣᠯᠣᠭᠠᠳ ᠤᠨ ᠡᠩᠭᠡᠷ ᠲᠤ ᠥᠨᠳᠡᠭᠡ ᠪᠠᠨ ᠳᠠᠷᠤᠭᠰᠠᠨ ᠲᠣᠭᠤᠷᠤᠤ ᠨᠢᠳᠦ ᠪᠠᠨ | ᠠᠨᠢᠵᠤ᠂ ᠴᠡᠩᠬᠡᠷ ᠣᠭᠲᠠᠷᠭᠤᠢ ᠰᠡᠳᠬᠢᠯ ᠳᠣᠲᠣᠷ᠎ᠠ ᠨᠢ ᠡᠷᠭᠢᠯᠳᠦᠬᠦ ᠶᠢᠨ ᠬᠠᠮᠲᠤ ᠳᠠᠷᠤᠭᠰᠠᠨ ᠥᠨᠳᠡᠭᠡ ᠪᠦᠭᠦᠨ ᠨᠢ | ᠨᠡᠪᠴᠢᠭᠡᠳ ᠨᠠᠷᠠᠨ ᠵᠦᠭ ᠨᠢᠰᠬᠦ ᠰᠢᠭ ᠪᠣᠯᠣᠨ᠎ᠠ᠃ | ᠪᠤᠷᠭᠠᠰᠤᠨ ᠲᠣᠬᠤᠢ ᠶᠢᠨ ᠷᠠᠰᠢᠶᠠᠨ ᠪᠤᠯᠠᠭ ᠲᠦᠷᠪᠡᠨ ᠴᠠᠭ ᠢᠶᠠᠷ ᠣᠷᠭᠢᠯᠤᠨ᠎ᠠ᠃ ᠳᠡᠷᠭᠡᠳᠡ ᠨᠢ ᠬᠦᠷᠴᠦ ᠨᠠᠮ | ᠰᠠᠭᠤᠬᠤ ᠳᠤ ᠥᠭᠭᠢᠶᠡᠮᠦᠷ ᠬᠠᠶᠢᠷ᠎ᠠ ᠶᠢᠨ ᠡᠭᠡᠰᠢᠭ ᠪᠣᠯᠵᠤ ᠵᠢᠷᠦᠬᠡᠨ ᠳᠤ ᠮᠢᠨᠢ ᠤᠶᠠᠩᠭᠠᠷᠠᠨ᠎ᠠ᠃ ᠬᠠᠵᠠᠭᠤ ᠳᠤᠨᠢ | ᠮᠡᠯᠡᠬᠡᠢ ᠶᠢᠨ ᠳᠦᠷᠰᠦ ᠲᠠᠢ ᠨᠢᠭᠡᠨ ᠬᠦᠷᠡᠩ ᠴᠢᠯᠠᠭᠤ ᠬᠥᠳᠡᠯᠦᠯ ᠦᠭᠡᠢ ᠲᠣᠪ ᠳᠤᠭᠤᠢ ᠬᠡᠪᠲᠡᠨ᠎ᠡ᠃ ᠠᠮᠠᠷᠠᠭ ᠬᠠᠨᠢ | ᠪᠠᠨ ᠦᠭᠡᠶᠢᠯᠡᠵᠦ ᠪᠠᠶᠢᠭ᠎ᠠ ᠴᠦ ᠶᠤᠮ ᠤᠤ︖ ᠠᠯᠢ ᠡᠰᠡᠬᠦᠯ᠎ᠡ ᠷᠠᠰᠢᠶᠠᠨ ᠪᠤᠯᠠᠭ ᠢᠶᠠᠨ ᠰᠠᠬᠢᠵᠤ ᠪᠠᠶᠢᠭ᠎ᠠ ᠴᠦ ᠪᠢᠯᠢᠦ︖ | ᠰᠠᠯᠬᠢ ᠪᠣᠷᠣᠭᠠᠨ ᠳᠤ ᠥᠩᠭᠡ ᠨᠢ ᠭᠢᠯᠠᠯᠵᠠᠭᠠᠳ ᠰᠥᠨᠢ ᠶᠢᠨ ᠭᠦᠨ ᠳᠤ ᠰᠠᠷᠠᠨ ᠤ ᠳᠣᠣᠷ᠎ᠠ ᠭᠡᠷᠡᠯ ᠰᠠᠴᠤᠷᠠᠨ᠎ᠠ᠃ | ᠢᠭᠴᠤ ᠰᠠᠬᠤᠯᠢᠭ ᠪᠣᠷᠣ ᠪᠤᠷᠭᠠᠰᠤ ᠵᠢᠪᠠᠷ ᠲᠤ ᠡᠷᠲᠡᠨ ᠤ ᠤᠳᠬ᠎ᠠ ᠪᠢᠲᠡᠭᠦᠦ ᠠᠶᠠᠯᠭᠤ ᠴᠢᠪᠬᠠᠳᠠᠨ᠎ᠠ᠃ | ︽ᠡᠷᠢᠯᠴᠢᠨ ᠷᠠᠰᠢᠶᠠᠨ ᠪᠤᠯᠠᠭ ᠲᠡᠶᠢᠰᠢ ᠬᠠᠷᠠᠬᠤ ᠪᠠᠷ ᠠᠩᠭᠠᠯ ᠨᠢ ᠲᠠᠶᠢᠯᠤᠭᠳᠠᠵᠤ ᠪᠡᠶ᠎ᠡ ᠰᠡᠳᠬᠢᠯ ᠨᠢ | ᠬᠥᠩᠭᠡᠷᠡᠨ᠎ᠡ︾ ᠭᠡᠰᠡᠨ ᠡᠪᠦᠭᠡ ᠶᠢᠨ ᠦᠭᠡ ᠶᠢ ᠰᠠᠨᠠᠬᠤ ᠳᠤ ︽ᠨᠠᠷᠠᠨ ᠤ ᠪᠤᠳᠤᠭ ᠰᠢᠩᠭᠡᠭᠰᠡᠨ ᠷᠠᠰᠢᠶᠠᠨ ᠪᠤᠯᠠᠭ ᠤᠨ | ᠤᠰᠤ ᠪᠠᠷ ᠴᠠᠢ ᠴᠢᠨᠠᠬᠤ ᠳᠤ ᠲᠠᠷ ᠲᠠᠮᠢᠷ ᠨᠡᠮᠡᠭᠳᠡᠨ᠎ᠡ︾ ᠭᠡᠰᠡᠨ ᠡᠮᠡᠭᠡ ᠶᠢᠨ ᠶᠠᠷᠢᠶ᠎ᠠ ᠴᠦ ᠤᠢ ᠤᠬᠠᠭᠠᠨ ᠳᠤ | ᠪᠠᠭᠤᠨ᠎ᠠ᠃ | ︽ᠨᠠᠷᠠᠨ ᠤ ᠪᠤᠳᠤᠭ ᠲᠠᠢ ᠴᠠᠢ ᠪᠠᠷ ᠤᠮᠳᠠ ᠪᠠᠨ ᠳᠠᠷᠤᠭᠰᠠᠨ ᠠᠴᠠ ᠨᠢᠩᠵᠢᠨ ᠰᠡᠳᠬᠢᠯ ᠲᠠᠢ ᠪᠣᠯᠵᠤ | ᠲᠣᠮᠣᠭᠠᠵᠢᠳᠠᠭ ᠤᠤ︖︾ ᠭᠡᠵᠦ ᠪᠠᠭ᠎ᠠ ᠳᠠᠭᠠᠨ ᠡᠵᠢ ᠠᠴᠠ ᠪᠠᠨ ᠠᠰᠠᠭᠤᠭᠠᠳ ᠠᠬ᠎ᠠ ᠡᠭᠡᠴᠢ ᠪᠠᠨ ᠢᠨᠢᠶᠡᠯᠭᠡᠵᠦ | ᠪᠠᠶᠢᠭᠰᠠᠨ ᠮᠢᠨᠢ ᠪᠤᠳᠤᠬᠳᠠᠨ᠎ᠠ᠃ ᠲᠡᠶᠢᠮᠦ ᠠ᠋᠂ ᠰᠢᠷᠬᠡᠭ ᠨᠣᠭᠤᠭ᠎ᠠ ᠠᠴᠠ ᠡᠬᠢᠯᠡᠭᠡᠳ ᠰᠢᠪᠠᠵᠢ ᠬᠤᠷᠣᠬᠠᠢ ᠭᠦᠷᠳᠡᠯ᠎ᠡ | ᠨᠠᠷᠠᠨ ᠠᠴᠠ ᠰᠠᠯᠵᠤ ᠪᠤᠯᠳᠠᠭ ᠦᠭᠡᠢ ᠨᠢ ᠦᠨᠡᠨ᠃ | ᠪᠢ ᠨᠠᠷᠠᠨ ᠳᠤ ᠬᠠᠶᠢᠷᠠᠲᠠᠢ᠃ ᠨᠠᠷᠠ ᠤᠷᠭᠤᠬᠤ ᠪᠠᠷ ᠨᠣᠶᠢᠷ ᠠᠴᠠ ᠪᠠᠨ ᠰᠡᠷᠡᠵᠦ ᠠᠵᠢᠯ ᠳᠠᠭᠠᠨ ᠮᠣᠷᠳᠠᠨ᠎ᠠ᠃ | ᠨᠠᠷᠠ ᠵᠢᠷᠭᠠᠬᠤ ᠪᠠᠷ ᠠᠵᠢᠯ ᠠᠴᠠ ᠪᠠᠨ ᠪᠠᠭᠤᠵᠤ ᠠᠷᠤ ᠭᠡᠷ ᠲᠡᠭᠡᠨ ᠢᠷᠡᠵᠦ ᠠᠮᠠᠷᠠᠭ ᠬᠤᠩᠭᠤᠷ᠂ ᠡᠩᠬᠦᠷᠡᠢ | ᠬᠦᠦ ᠲᠠᠢ ᠪᠠᠨ ᠵᠣᠭᠤᠭᠳᠠᠵᠤ ᠡᠬᠢᠯᠡᠳᠡᠭ᠃ ᠨᠠᠷᠠ ᠪᠣᠯ ᠮᠢᠨᠤ ᠡᠨᠡ ᠨᠠᠰᠤᠨ ᠤ ᠰᠢᠲᠦᠭᠡᠨ᠂ ᠠᠮᠢᠳᠤᠷᠠᠯ ᠤᠨ ᠭᠡᠭᠡ᠂ | ᠤᠶᠤᠨ ᠪᠢᠯᠢᠭ ᠤᠨ ᠭᠡᠷᠡᠯ ᠲᠤᠶᠠᠭ᠎ᠠ ᠪᠢᠯᠡ᠃ | ᠮᠣᠩᠭᠤᠯᠴᠤᠳ ᠲᠦᠷᠪᠡᠨ ᠴᠠᠭ ᠢᠶᠠᠷ ᠨᠡᠭᠦᠵᠦ ᠪᠠᠭᠤᠬᠤ ᠳᠠᠭᠠᠨ ᠨᠠᠷᠠ ᠪᠠᠨ ᠲᠠᠭᠠᠵᠦ ᠥᠭᠰᠥᠨ ᠥᠭᠡᠳᠡᠯᠡᠵᠦ | ᠢᠷᠡᠭᠰᠡᠨ ᠤᠯᠪᠠᠭ᠎ᠠ ᠲᠠᠢ ᠭᠡᠳᠡᠭ ᠢ ᠭᠠᠵᠠᠷ ᠲᠡᠭᠷᠢ ᠬᠤᠶᠠᠷ ᠮᠡᠳᠡᠨ᠎ᠡ᠃ ᠨᠠᠷᠠᠨ ᠠᠴᠠ ᠣᠶᠢᠷᠠᠬᠠᠨ ᠨᠢᠰᠬᠦ ᠭᠠᠯᠠᠭᠤᠳ | ᠮᠡᠳᠡᠨ᠎ᠡ᠃ ᠨᠠᠷᠠᠨ ᠵᠦᠭ ᠲᠤ ᠤᠷᠭᠤᠭᠰᠠᠨ ᠬᠠᠯᠢᠯ ᠬᠠᠳᠠ ᠮᠡᠳᠡᠨ᠎ᠡ᠃ ᠠᠷᠤ ᠭᠤᠣᠯ ᠠᠴᠠ ᠤᠰᠤ ᠲᠡᠭᠡᠭᠡᠭᠰᠡᠨ ᠦᠬᠡᠷ | ᠬᠠᠰᠠᠭ ᠮᠡᠳᠡᠨ᠎ᠡ᠃ | ᠨᠠᠷᠠ ᠭᠡᠷᠡᠯᠲᠦᠲᠡᠭ ᠪᠣᠯᠬᠤᠷ ᠳᠡᠯᠡᠬᠡᠢ ᠨᠢᠳᠦ ᠲᠠᠢ ᠪᠠᠶᠢᠳᠠᠭ᠃ ᠲᠠᠷᠢᠶ᠎ᠠ ᠲᠥᠮᠥᠰᠥ᠂ ᠲᠠᠪᠤᠨ ᠬᠤᠰᠢᠭᠤ ᠮᠠᠯ | ᠨᠠᠷᠠᠨ ᠠᠴᠠ ᠢᠷᠡᠨ᠎ᠡ᠃ ᠠᠵᠠ ᠵᠢᠷᠭᠠᠯ᠂ ᠠᠮᠤᠷ ᠠᠮᠤᠭᠤᠯᠠᠩ ᠁ ᠴᠦ ᠨᠠᠷᠠᠨ ᠠᠴᠠ ᠢᠷᠡᠨ᠎ᠡ᠃ | ᠨᠠᠷᠠ - ᠶᠢᠷᠲᠢᠨᠴᠦ ᠶᠢᠨ ᠰᠦᠭ ᠰᠦᠨᠡᠰᠦ᠂ ᠭᠤᠸ᠎ᠠ ᠰᠠᠶᠢᠬᠠᠨ ᠢ ᠬᠠᠷᠠᠭᠤᠯᠤᠭᠰᠠᠨ ᠭᠡᠭᠡᠨ ᠮᠡᠯᠮᠡᠢ ᠪᠠᠶᠢᠵᠤ | ᠲᠠᠭᠠᠷᠠᠨ᠎ᠠ᠃ ᠬᠠᠷᠠᠩᠭᠤᠢ ᠰᠥᠨᠢ ᠶᠢ ᠭᠡᠶᠢᠭᠦᠯᠵᠦ᠂ ᠬᠠᠪᠢᠷᠭᠠᠯᠠᠵᠤ ᠲᠡᠷᠭᠡᠯᠰᠢᠬᠦ ᠰᠠᠷᠠᠨ ᠤ ᠮᠥᠩᠭᠦᠨ ᠲᠤᠶᠠᠭ᠎ᠠ ᠴᠦ | ᠨᠠᠷᠠᠨ ᠤ ᠬᠢ᠃ ᠰᠡᠳᠬᠢᠯ ᠤᠨ ᠬᠤᠩᠭᠤᠷ ᠲᠠᠭᠠᠨ ᠪᠡᠯᠡᠭᠯᠡᠭᠰᠡᠨ ᠠᠷᠢᠭᠤᠨ ᠴᠠᠭᠠᠨ ᠬᠠᠶᠢᠷ᠎ᠠ ᠭᠡᠵᠦ ᠲᠥᠰᠥᠭᠡᠯᠡᠬᠦ ᠳᠤ | ᠣᠭᠲᠠᠷᠭᠤᠢ ᠳᠤ ᠲᠦᠭᠡᠭᠰᠡᠨ ᠤᠳᠤᠨ ᠮᠡᠴᠢᠳ ᠰᠠᠨᠠᠭ᠎ᠠ ᠪᠤᠳᠤᠯ ᠢ ᠣᠶᠢᠯᠠᠭᠠᠭᠰᠠᠨ ᠰᠢᠭ᠋ ᠲᠣᠭᠤᠨᠣᠨ ᠳᠡᠭᠡᠷ᠎ᠡ | ᠢᠷᠡᠵᠦ ᠰᠠᠭᠤᠭᠠᠳ ᠲᠣᠷᠮᠣᠯᠵᠠᠬᠤ ᠶᠢᠨ ᠰᠠᠶᠢᠬᠠᠨ ᠠ᠋︕ | ᠲᠤᠯᠤᠭᠠᠨ ᠨᠠᠰᠤᠲᠠᠢ ᠲᠡᠷᠡ ᠵᠢᠯ᠂ ᠪᠢ ᠡᠵᠢ ᠪᠠᠨ ᠲᠠᠭᠠᠵᠦ ᠠᠷᠤ ᠭᠤᠣᠯ ᠤᠨ ᠬᠥᠪᠡᠭᠡᠨ ᠳᠤ ᠬᠤᠨᠢ | ᠬᠠᠷᠢᠭᠤᠯᠵᠤ ᠪᠠᠶᠢᠯ᠎ᠠ᠃ ᠬᠥᠪᠥᠩ ᠴᠠᠭᠠᠨ ᠬᠤᠨᠢᠳ ᠥᠩ ᠰᠢᠮᠡᠯᠢᠭ ᠪᠡᠯᠴᠢᠭᠡᠷ ᠲᠤ ᠬᠥᠯ ᠲᠣᠭᠲᠠᠨ ᠢᠳᠡᠰᠢᠯᠡᠭᠡᠳ | ᠶᠠᠭ ᠯᠡ ᠣᠭᠲᠠᠷᠭᠤᠢ ᠶᠢᠨ ᠡᠭᠦᠯᠡ ᠭᠠᠵᠠᠷ ᠤᠨ ᠬᠥᠷᠥᠰᠥᠨ ᠳᠤ ᠪᠠᠭᠤᠭᠰᠠᠨ ᠰᠢᠭ᠋ ᠰᠠᠨᠠᠭᠳᠠᠨ᠎ᠠ᠃ ᠬᠥᠬᠡ ᠲᠡᠭᠷᠢ | ᠨᠠᠷᠠ ᠲᠠᠢ ᠪᠠᠨ ᠬᠠᠮᠲᠤ ᠭᠤᠣᠯ ᠤᠨ ᠤᠰᠤᠨ ᠳᠤ ᠠᠭᠤᠵᠢᠷᠠᠲᠠᠯ᠎ᠠ ᠤᠮᠪᠠᠭ᠋ᠤ ᠰᠢᠭ᠋ ᠬᠠᠷᠠᠭᠳᠠᠬᠤ ᠪᠠᠷ ᠪᠢ ᠴᠦ ᠲᠡᠪᠡᠯ | ᠥᠮᠥᠳᠦ ᠪᠠᠨ ᠲᠠᠶᠢᠯᠤᠭᠠᠳ ᠴᠡᠭᠡᠯ ᠤᠷᠤᠭᠤ ᠨᠢ ᠮᠡᠯᠡᠬᠡᠢ ᠰᠢᠭ ᠰᠤᠮᠤᠳᠠᠲᠠᠯᠠ ᠡᠵᠢ ᠰᠠᠨᠳᠤᠷᠴᠤ᠄ ︽ᠮᠠᠭᠤ ᠰᠢᠷ᠎ᠠ | ᠮᠢᠨᠢ᠂ ᠭᠦᠨ ᠤᠰᠤᠨ ᠳᠤ ᠤᠮᠪᠠᠭ᠋ᠤ ᠠᠶᠤᠯ ᠲᠠᠢ ᠁︾ ᠭᠡᠵᠦ ᠠᠷᠤ ᠠᠴᠠ ᠬᠠᠰᠬᠢᠷᠤᠨ᠎ᠠ᠃ | ︽ᠡᠵᠢ ᠠ᠋᠂ ᠲᠡᠭᠷᠢ ᠨᠠᠷᠠ ᠬᠤᠶᠠᠷ ᠲᠠᠢ ᠭᠤᠣᠯ ᠤᠨ ᠤᠰᠤᠨ ᠳᠤ ᠤᠮᠪᠠᠵᠤ ᠤᠷᠤᠯᠳᠤᠶ᠎ᠠ᠃ ᠰᠠᠨᠠᠭ᠎ᠠ ᠠᠮᠤᠷ | ᠪᠠᠢ ᠁︾ ᠭᠡᠵᠦ ᠪᠢ ᠡᠷᠭᠢᠵᠦ ᠬᠠᠨᠳᠤᠭᠠᠳ ᠶᠠᠷᠢᠭᠰᠠᠨ ᠴᠢᠨᠢ ᠡᠵᠢ ᠮᠢᠨᠢ ᠡᠪᠦᠳᠦᠭ ᠢᠶᠠᠨ ᠠᠯᠠᠭᠠᠳᠠᠨ ᠢᠨᠢᠶᠡᠵᠦ | ︽ᠤᠰᠤᠨ ᠲᠡᠨᠡᠭ ᠢ ᠬᠠᠷᠠᠯ ᠳ᠋ᠠ︕ ᠲᠡᠭᠷᠢ ᠨᠠᠷᠠ ᠭᠡᠳᠡᠭ ᠴᠢᠨᠢ ᠬᠡᠨ ᠳᠤ ᠴᠦ ᠪᠠᠷᠢᠭᠳᠠᠰᠢ ᠦᠭᠡᠢ ᠤᠩᠭᠤᠨ | ᠲᠠᠷᠬᠠᠨ ᠶᠤᠮ ᠰᠢᠦ︕ ᠣᠶᠢᠯᠲᠠ ᠡᠭᠦᠰᠦᠭᠡᠳ ᠲᠡᠭᠡᠵᠦ ᠬᠠᠷᠠᠭᠳᠠᠵᠤ ᠪᠠᠶᠢᠭ᠎ᠠ ᠶᠤᠮ︾ ᠭᠡᠵᠦ ᠭᠤᠣᠯ ᠤᠨ | ᠬᠥᠪᠡᠭᠡᠨ ᠠᠴᠠ ᠥᠨᠳᠥᠷ ᠲᠠᠭᠤᠨ ᠢᠶᠠᠷ ᠶᠠᠷᠢᠵᠤ ᠪᠠᠶᠢᠯ᠎ᠠ᠃ ᠪᠢ ᠲᠡᠷᠡ ᠦᠶ᠎ᠡ ᠳᠤ ᠣᠶᠢᠯᠲᠠ ᠭᠡᠳᠡᠭ ᠦᠭᠡᠨ ᠤ | ᠤᠳᠬ᠎ᠠ ᠶᠢ ᠦᠨᠡᠨ ᠮᠡᠳᠡᠬᠦ ᠦᠭᠡᠢ᠃ ᠨᠠᠷᠠ ᠲᠠᠢ ᠲᠡᠭᠷᠢ ᠬᠠᠷᠠᠭᠳᠠᠭᠰᠠᠨ ᠤᠰᠤᠨ ᠳᠤ ᠤᠮᠪᠠᠵᠤ ᠬᠦᠷᠬᠦ ᠪᠠᠷ | ᠰᠡᠭᠦᠳᠡᠷ ᠨᠢ ᠴᠦ ᠠᠯᠠᠭ᠎ᠠ ᠪᠤᠯᠳᠠᠭ ᠪᠠᠶᠢᠯ᠎ᠠ᠃ ᠪᠢ ᠵᠢᠭᠠᠰᠤ ᠰᠢᠭ᠋ ᠨᠠᠭᠠᠰᠢ ᠴᠠᠭᠠᠰᠢ ᠰᠦᠯᠵᠢᠯᠳᠦᠨ ᠲᠠᠷ ᠲᠠᠮᠢᠷ | ᠪᠠᠭᠤᠷᠠᠲᠠᠯᠠ ᠡᠷᠢᠭᠡᠳ ᠣᠯᠣᠭᠰᠠᠨ ᠦᠭᠡᠢ᠂ ᠠᠷᠭ᠎ᠠ ᠪᠤᠰᠤ ᠣᠰᠣᠨ ᠠᠴᠠ ᠭᠠᠷᠴᠤ ᠭᠤᠣᠯ ᠤᠨ ᠬᠥᠪᠡᠭᠡᠨ ᠤ ᠦᠬᠡᠷ | ᠴᠢᠯᠠᠭᠤᠨ ᠳᠡᠭᠡᠷ᠎ᠡ ᠰᠠᠭᠤᠵᠤ ᠠᠮᠠᠷᠠᠪᠠ᠃ ᠡᠵᠢ ᠮᠢᠨᠢ ᠬᠠᠵᠠᠭᠤ ᠳᠤ ᠢᠷᠡᠵᠦ ᠲᠣᠯᠣᠭᠠᠢ ᠶᠢ ᠢᠯᠪᠢᠭᠡᠳ᠄ ︽ᠬᠦᠦ ᠮᠢᠨᠢ᠂ | ᠨᠠᠷᠠ ᠭᠡᠳᠡᠭ ᠴᠢᠨᠢ ᠰᠡᠳᠬᠢᠯ ᠢ ᠭᠡᠷᠡᠯᠳᠦᠭᠦᠯᠵᠦ ᠰᠠᠨᠠᠭ᠎ᠠ ᠶᠢ ᠭᠡᠶᠢᠭᠦᠯᠳᠡᠭ ᠮᠥᠬᠦᠰᠢ ᠦᠭᠡᠢ ᠮᠥᠩᠬᠡ ᠶᠢᠨ ᠭᠡᠷᠡᠯ | ᠰᠢᠦ᠃ ᠪᠠᠷᠠᠭᠠᠨ ᠰᠡᠭᠦᠳᠡᠷ ᠣᠶᠢᠷᠠᠳᠬᠤ ᠪᠠᠷ ᠰᠢᠳᠡᠵᠦ ᠳᠠᠭᠤᠰᠤᠭᠠᠳ ᠪᠠᠷᠴᠢᠳ ᠲᠦᠢᠳᠬᠡᠷ ᠢ ᠲᠣᠨᠢᠯᠭᠠᠳᠠᠭ ᠶᠤᠮ᠃ | ᠲᠦᠮᠡᠨ ᠨᠢᠳᠦ ᠲᠠᠢ ᠲᠡᠭᠷᠢ ᠪᠣᠯ ᠲᠥᠪ ᠦᠨᠡᠨ ᠢ ᠲᠣᠳᠣᠯᠠᠵᠤ ᠴᠢᠳᠠᠳᠠᠭ ᠪᠥᠭᠡᠳ ᠬᠥᠮᠥᠨ ᠲᠥᠷᠥᠯᠬᠢᠲᠡᠨ ᠢ | ᠬᠥᠨᠥᠭᠡᠬᠦ ᠬᠤᠣᠷᠠᠲᠤ ᠡᠲᠡᠭᠡᠳ ᠢ ᠪᠤᠳᠠ ᠨᠢᠷᠭᠡᠳᠡᠭ ᠰᠦᠷ ᠶᠡᠬᠡᠮᠰᠦᠭ᠂ ᠠᠭᠤᠤ ᠶᠡᠭᠡ ᠭᠠᠶᠢᠬᠠᠮᠰᠢᠭᠲᠤ ᠬᠦᠴᠦ ᠲᠠᠢ ᠁ | ︾ ᠭᠡᠵᠦ ᠨᠠᠷᠠ ᠲᠠᠢ ᠲᠡᠭᠷᠢ ᠶᠢᠨ ᠲᠤᠬᠠᠢ ᠡᠵᠢ ᠮᠢᠨᠢ ᠰᠡᠴᠡᠷᠬᠡᠵᠦ ᠭᠠᠷᠤᠯ᠎ᠠ᠃ ᠭᠡᠲᠡᠯ᠎ᠡ ᠣᠶᠢᠯᠲᠠ ᠶᠢᠨ ᠲᠤᠬᠠᠢ | ᠤᠨᠤᠪᠴᠢᠳᠠᠢ ᠶᠠᠷᠢᠵᠤ ᠴᠢᠳᠠᠭᠰᠠᠨ ᠦᠭᠡᠢ ᠁ | ︽ᠡᠷᠲᠡ ᠤᠷᠢᠳᠤ ᠶᠢᠨ ᠴᠠᠭ ᠲᠤ ᠭᠡᠨ᠎ᠡ᠃ ᠳᠡᠯᠡᠬᠡᠢ ᠳᠤ ᠨᠠᠷᠠ ᠪᠠᠶᠢᠭᠰᠠᠨ ᠦᠭᠡᠢ ᠲᠤᠯᠠ ᠭᠠᠵᠠᠷ ᠳᠡᠭᠡᠷ᠎ᠡ | ᠭᠠᠭᠴᠠ ᠰᠢᠷᠬᠡᠭ ᠨᠠᠪᠴᠢ ᠦᠭᠡᠢ᠃ ᠲᠤᠰᠤᠯ ᠬᠤᠷ᠎ᠠ ᠴᠦ ᠦᠭᠡᠢ᠃ ᠬᠥᠮᠥᠨ ᠠᠮᠢᠳᠠᠨ ᠬᠠᠮᠢᠭᠠᠰᠢ ᠪᠠᠨ ᠶᠠᠪᠤᠬᠤ ᠪᠠᠨ | ᠣᠯᠬᠤ ᠦᠭᠡᠢ ᠭᠦᠨ ᠪᠢᠲᠡᠭᠦᠦ ᠨᠦᠭᠡᠨ ᠳᠤ ᠣᠷᠣᠭᠰᠠᠨ ᠰᠢᠭ᠋ ᠭᠠᠰᠠᠯᠠᠩ ᠤᠨ ᠨᠢᠯᠪᠤᠰᠤᠨ ᠳᠠᠭᠠᠨ ᠵᠢᠪᠴᠦ᠂ | ᠮᠥᠬᠦᠯᠢᠭ ᠤᠨ ᠨᠠᠷᠢᠬᠠᠨ ᠤᠲᠠᠰᠤᠨ ᠳᠤ ᠳᠡᠭᠦᠵᠢᠯᠡᠭᠳᠡᠵᠦ ᠪᠠᠶᠢᠬᠤ ᠳᠤ ᠬᠤᠷᠮᠤᠰᠳᠠ ᠲᠡᠭᠷᠢ ᠥᠷᠥ ᠡᠪᠡᠳᠦᠨ | ᠡᠨᠡᠷᠢᠵᠦ ᠨᠠᠷᠠ ᠶᠢ ᠵᠢᠷᠤᠵᠤ ᠪᠦᠲᠦᠭᠡᠭᠡᠳ ︿ᠨᠠᠷᠠᠯᠠᠭ ᠬᠤᠷᠸ᠎ᠠ﹀ ᠭᠡᠵᠦ ᠨᠡᠷᠡᠯᠡᠭᠰᠡᠨ ᠁︾ ᠬᠡᠮᠡᠨ ᠨᠠᠭᠠᠴᠤ ᠡᠪᠦᠭᠡ | ᠮᠢᠨᠢ ᠠᠷᠤ ᠭᠤᠣᠯ ᠢ ᠭᠡᠳᠦᠯᠵᠦ ᠮᠠᠨ ᠤ ᠬᠢ ᠳᠤ ᠠᠶᠢᠯᠴᠢᠯᠠᠵᠤ ᠢᠷᠡᠬᠦ ᠪᠦᠷᠢ ᠶᠠᠷᠢᠳᠠᠭ ᠪᠠᠶᠢᠵᠠᠢ᠃ | ᠡᠪᠦᠭᠡ ᠮᠢᠨᠢ ᠠᠮᠢᠳᠤ ᠰᠡᠷᠡᠭᠦᠨ ᠪᠠᠶᠢᠬᠤ ᠳᠠᠭᠠᠨ ᠦᠷᠭᠦᠯᠵᠢ ᠨᠠᠷᠠ ᠥᠭᠡᠳᠡ ᠬᠠᠨᠳᠤᠨ ᠨᠢᠳᠦ ᠪᠠᠨ | ᠰᠡᠶᠢᠮᠡᠶᠢᠯᠭᠡᠨ ᠠᠯᠢᠪᠠ ᠰᠠᠨᠠᠵᠤ ᠪᠤᠳᠤᠬᠰᠠᠨ ᠢᠶᠠᠨ ᠳᠠᠭᠠᠳᠬᠠᠨ ᠵᠠᠯᠪᠠᠷᠢᠳᠠᠭ ᠪᠠᠶᠢᠪᠠ᠃ ᠲᠡᠭᠡᠭᠦ ᠳᠤ ᠪᠢ ᠡᠪᠦᠭᠡ ᠪᠠᠨ | ᠬᠠᠷᠠᠵᠤ ᠠᠮᠠᠨ ᠳᠠᠭᠠᠨ ︽ᠣᠪᠣᠷ ᠲᠤᠪᠤᠷ︾ ᠶᠠᠷᠢᠳᠠᠭ ᠢ ᠨᠢ ᠰᠣᠨᠢᠭᠤᠴᠢᠯᠠᠨ ᠭᠠᠶᠢᠬᠠᠵᠤ ︽ᠶᠠᠭᠤ ᠤᠩᠰᠢᠵᠤ ᠪᠠᠶᠢᠭ᠎ᠠ | ᠪᠤᠢ︖︾ ᠬᠡᠮᠡᠨ ᠠᠰᠠᠭᠤᠭᠠᠳ ︽ᠠᠯᠠᠭᠠᠨ ᠪᠣᠣᠪᠤ︾ ᠶᠢᠨ ᠠᠮᠲᠠ ᠶᠢ ᠨᠢ ᠠᠮᠰᠠᠵᠤ ᠥᠩᠭᠡᠷᠡᠭᠰᠡᠨ ᠤᠳᠠᠭ᠎ᠠ ᠲᠠᠢ᠃ | ︽ᠡᠨᠡ ᠬᠦᠦ ᠲᠥᠷᠥᠯᠬᠢ ᠰᠣᠨᠢᠭᠤᠴᠢ ᠵᠠᠩ ᠲᠠᠢ᠂ ᠦᠭᠡᠨ ᠳᠤ ᠳᠤᠷ᠎ᠠ ᠲᠠᠢ ᠭᠡᠲᠡᠭ ᠨᠢ ᠁︾ ᠭᠡᠵᠦ ᠠᠪᠤ | ᠪᠠᠷ ᠢᠶᠠᠨ ᠤᠯᠠᠨ ᠤᠳᠠᠭ᠎ᠠ ᠵᠢᠮᠡᠯᠡᠭᠦᠯᠵᠦ ᠪᠠᠶᠢᠪᠠ᠃ ᠬᠡᠦᠬᠡᠳ ᠨᠠᠰᠤ ᠭᠡᠵᠦ ᠶᠠᠭᠤ ᠪᠦᠭᠦᠨ ᠢ ᠲᠣᠳᠣᠷᠬᠠᠢ ᠮᠡᠳᠡᠬᠦ | ᠦᠭᠡᠢ ᠶᠤᠮ ᠴᠢᠨᠢ ᠁ ᠶᠠᠮᠠᠷ ᠠᠷᠭ᠎ᠠ ᠪᠠᠶᠢᠬᠤ ᠪᠤᠢ︖ | ᠨᠠᠷᠠ ᠮᠠᠨᠳᠤᠬᠤ ᠪᠠᠷ ᠳᠡᠯᠡᠬᠡᠢ ᠰᠡᠷᠭᠦᠳᠡᠭ᠃ ᠬᠥᠳᠡᠭᠡ ᠲᠠᠯ᠎ᠠ ᠳᠤ ᠮᠥᠩᠬᠡ ᠶᠢᠨ ᠨᠠᠷᠠᠨ ᠮᠠᠨᠳᠤᠵᠤ ᠬᠥᠮᠥᠨ | ᠠᠷᠠᠳ ᠲᠤ ᠵᠢᠷᠭᠠᠯ ᠣᠯᠭᠤᠯ᠎ᠠ᠃ ᠢᠩᠭᠢᠬᠦ ᠳᠤ ᠲᠦᠷᠦ ᠭᠦᠷᠦᠨ᠂ ᠲᠦᠮᠡᠨ ᠠᠷᠠᠳ ᠢᠶᠠᠨ ᠢᠪᠡᠭᠡᠨ ᠲᠡᠳᠬᠦᠵᠦ᠂ | ᠭᠡᠭᠡᠨ ᠰᠠᠷᠠᠭᠤᠯ ᠢᠷᠡᠭᠡᠳᠦᠢ ᠲᠡᠶᠢᠰᠢ ᠵᠢᠯᠣᠭᠤ ᠰᠤᠩᠭᠠᠨ ᠤᠷᠤᠭᠰᠢᠯᠠᠭᠰᠠᠨ ᠡᠪ ᠬᠠᠮᠲᠤ ᠨᠠᠮ ᠢᠶᠠᠨ ᠡᠭᠡᠯᠢᠲᠦ ᠨᠠᠷᠠ | ᠲᠠᠢ ᠡᠭᠡᠭᠡ ᠠᠳᠠᠯᠢ ᠬᠡᠮᠡᠨ ᠰᠢᠳᠦᠨ ᠳᠡᠭᠡᠳᠦᠯᠡᠳᠡᠭ᠃ | ᠨᠠᠮ ᠮᠢᠨᠢ ᠪᠠᠶᠢᠭᠰᠠᠨ ᠪᠣᠯᠬᠤᠷ ᠡᠬᠡ ᠣᠷᠣᠨ ᠮᠢᠨᠢ ᠪᠠᠯᠠᠷ ᠬᠠᠷᠠᠩᠭᠤᠢ ᠴᠠᠭ ᠢ ᠡᠴᠦᠰᠯᠡᠭᠦᠯᠵᠦ᠂ ᠨᠡᠶᠢᠭᠡᠮ | ᠵᠢᠷᠤᠮᠲᠤ ᠦᠨᠡᠨ ᠤ ᠵᠠᠮ ᠢ ᠰᠣᠩᠭᠤᠵᠤ᠂ ᠡᠳᠦᠷ ᠠᠴᠠ ᠡᠳᠦᠷ ᠥᠭᠡᠳᠡᠯᠡᠨ ᠬᠥᠭᠵᠢᠵᠦ᠂ ᠡᠶ᠎ᠡ ᠨᠠᠶᠢᠷᠰᠠᠭ᠂ ᠲᠠᠶᠢᠪᠤᠩ | ᠲᠠᠩᠰᠤᠭ ᠢᠶᠠᠷ ᠢᠶᠠᠨ ᠳᠡᠯᠡᠬᠡᠢ ᠶᠢᠨ ᠪᠠᠭ᠋ᠠᠷᠬᠠᠯ ᠢ ᠲᠠᠲᠠᠨ᠎ᠠ᠃ | ᠵᠡᠭᠦᠨ ᠬᠥᠷᠰᠢ ᠶᠢᠨ ᠶᠡᠷᠡᠨ ᠲᠠᠪᠤᠨ ᠨᠠᠰᠣᠨ ᠤ ᠥᠨᠳᠥᠷ ᠨᠠᠰᠣᠨ ᠬᠤᠲᠤᠭ ᠵᠣᠭᠤᠭᠯᠠᠭᠰᠠᠨ ᠷᠢᠨᠴᠢᠨ ᠡᠪᠦᠭᠡ | ᠬᠡᠨ ᠨᠢᠭᠡᠨ ᠲᠠᠢ ᠠᠭᠤᠯᠵᠠᠬᠤ ᠪᠣᠯᠭᠠᠨ ︽ᠤᠳᠤ ᠶᠢᠨ ᠴᠠᠭ ᠶᠠᠭᠠᠬᠢᠭᠰᠠᠨ ᠰᠠᠶᠢᠬᠠᠨ ᠪᠤᠢ︖ ᠢᠳᠡᠵᠦ ᠡᠮᠦᠰᠬᠦ᠂ | ᠡᠳ᠋ᠯᠡᠵᠦ ᠪᠠᠷᠢᠬᠤ ᠠᠴᠠ ᠡᠬᠢᠯᠡᠭᠡᠳ ᠁ ᠬᠠᠭᠤᠴᠢᠨ ᠨᠡᠶᠢᠭᠡᠮ ᠳᠤ ᠪᠣᠯᠤᠭᠰᠠᠨ ᠪᠣᠯ ᠤᠤ︖ ᠬᠥᠮᠥᠨ᠂ ᠮᠠᠯ ᠢ ᠴᠦ | ᠬᠦᠷᠬᠦ ᠦᠭᠡᠢ ᠪᠠᠶᠢᠭᠰᠠᠨ︾ ᠭᠡᠵᠦ ᠥᠩᠭᠡᠷᠡᠭᠰᠡᠨ ᠢᠶᠠᠨ ᠳᠤᠷᠠᠳᠬᠠᠨ ᠶᠠᠷᠢᠬᠤ ᠶᠢᠨ ᠳᠠᠭᠠᠤ ︽ᠡᠪ ᠬᠠᠮᠲᠤ ᠨᠠᠮ ᠤᠨ | ᠰᠠᠶᠢᠨ ᠢᠶᠠᠷ ᠡᠭᠡᠯ ᠠᠷᠠᠳ ᠡᠷᠬᠡ ᠴᠢᠯᠦᠭᠡ ᠪᠠᠨ ᠣᠯᠵᠤ ᠪᠠᠶᠠᠨ ᠴᠢᠨᠡᠭᠡᠯᠢᠭ ᠠᠮᠢᠳᠤᠷᠠᠯ ᠢ ᠡᠳ᠋ᠯᠡᠵᠦ ᠶᠠᠪᠤᠨ᠎ᠠ᠃ | ᠶᠠᠭᠠᠬᠢᠭᠰᠠᠨ ᠵᠢᠷᠭᠠᠯᠲᠠᠢ ᠪᠤᠢ︖ ᠬᠡᠦᠬᠡᠳ ᠮᠢᠨᠢ ᠨᠠᠮ ᠲᠦᠷᠦ ᠤᠯᠤᠰ ᠣᠷᠣᠨ ᠤ ᠪᠠᠨ ᠲᠥᠯᠥᠭᠡ ᠴᠢᠷᠮᠠᠶᠢᠬᠤ ᠨᠢ | ᠲᠠᠭᠠᠷᠠᠨ᠎ᠠ᠃ ᠪᠢ ᠴᠢᠨᠢ ᠣᠲᠣ ᠴᠣᠬᠤᠮ ᠦᠵᠡᠭᠡᠳᠦᠢ ᠶᠢ ᠦᠵᠡᠵᠦ ᠡᠳ᠋ᠯᠡᠭᠡ ᠦᠭᠡᠢ ᠶᠢ ᠡᠳ᠋ᠯᠡᠵᠦ ᠪᠤᠢ᠃ ᠬᠠᠪᠤᠷ ᠤᠨ | ᠡᠬᠢ ᠪᠠᠷ ᠪᠡᠭᠡᠵᠢᠩ᠂ ᠱᠠᠩᠬᠠᠢ᠂ ᠤᠳᠠᠢ ᠁ ᠠᠯᠢ ᠤᠯᠠᠨ ᠭᠠᠵᠠᠷ ᠲᠣᠭᠤᠷᠢᠵᠤ ᠢᠷᠡᠪᠡ᠃ ᠨᠢᠰᠬᠡᠯ ᠬᠡᠮᠡᠭᠴᠢ | ᠰᠢᠪᠠᠭᠤ ᠰᠢᠭ᠋ ᠨᠢᠰᠳᠡᠭ ᠴᠦ ᠴᠣᠮᠣ ᠲᠠᠢ ᠤᠰᠤ ᠴᠦ ᠴᠠᠯᠭᠢᠬᠤ ᠦᠭᠡᠢ ᠨᠢ ᠰᠣᠨᠢᠨ︕ ᠲᠡᠷᠡ ᠬᠤᠯᠠ ᠶᠢᠨ ᠵᠠᠮ | ᠴᠢᠨᠢ ᠪᠢᠳᠡᠨ ᠤ ᠪᠠᠷᠠᠭᠤᠨ ᠵᠡᠭᠦᠨ ᠭᠡᠷ ᠲᠡᠭᠡᠨ ᠲᠣᠭᠤᠷᠢᠬᠤ ᠲᠠᠢ ᠥᠭᠡᠷ᠎ᠡ ᠴᠦ ᠦᠭᠡᠢ᠃ ᠨᠠᠷᠠᠨ ᠳᠤ ᠠᠳᠠᠯᠢ | ᠨᠠᠮ ᠲᠠᠢ ᠪᠣᠯᠬᠤᠷ ᠠᠮᠢᠳᠤᠷᠠᠯ ᠮᠢᠨᠢ ᠰᠠᠶᠢᠬᠠᠨ᠃ ᠨᠠᠮ ᠰᠢᠭ᠋ ᠨᠠᠷᠠ ᠲᠠᠢ ᠲᠦᠷᠦ ᠮᠢᠨᠢ ᠰᠠᠶᠢᠬᠠᠨ︕︾ ᠭᠡᠵᠦ | ᠣᠮᠣᠭᠰᠢᠨ ᠶᠠᠷᠢᠳᠠᠭ᠃ | ᠬᠥᠮᠥᠨ ᠵᠤᠨ ᠤ ᠰᠡᠳᠬᠢᠯ ᠢ ᠭᠡᠶᠢᠭᠦᠯᠦᠭᠰᠡᠨ ᠮᠥᠩᠬᠡ ᠶᠢᠨ ᠨᠠᠷᠠ - ᠲᠤᠮᠳᠠᠳᠤ ᠤᠯᠤᠰ ᠤᠨ ᠡᠪ ᠬᠠᠮᠲᠤ | ᠨᠠᠮ ᠮᠢᠨᠤ᠃ ᠲᠠᠨ ᠳᠠᠭᠠᠨ ᠪᠢ ᠬᠠᠶᠢᠷᠠᠲᠠᠢ︕ | | |