ᠳᠡᠯᠭᠡᠷ ᠵᠤᠨ ᠤ ᠨᠤᠲᠤᠭ ᠤᠨ ᠮᠢᠨᠢ ᠨᠠᠶᠢᠷᠠᠯ ᠳᠠᠭᠤᠤ
ᠨᠡᠶᠢᠲᠡᠯᠡᠭᠰᠡᠨ ᠴᠠᠭ᠄
2023/6/9
     ᠬᠤᠷᠢᠨ ᠲᠥᠷᠪᠡᠨ ᠴᠠᠭ ᠤᠯᠠᠷᠢᠯ ᠳᠤ ᠵᠣᠷᠢᠭᠤᠯᠤᠭᠰᠠᠨ  ᠤᠷᠠᠨ ᠪᠦᠲᠦᠭᠡᠯ - ᠪᠤᠭᠤᠳᠠᠢ ᠪᠣᠯᠪᠠᠰᠤᠷᠠᠬᠤ      ᠬᠤᠷ᠎ᠠ ᠲᠠᠢ ᠵᠤᠨ ᠰᠠᠶᠢᠬᠠᠨ᠃      ᠡᠷᠭᠢᠯᠳᠦᠨ ᠲᠣᠭᠤᠷᠢᠵᠤ ᠵᠣᠭᠰᠤᠭ᠎ᠠ ᠦᠭᠡᠢ ᠠᠶᠠᠯᠠᠳᠠᠭ ᠪᠠᠶᠢᠭᠠᠯᠢ ᠶᠢᠨ ᠵᠢᠮ᠎ᠡ ᠪᠠᠷ ᠪᠤᠭᠤᠳᠠᠢ ᠪᠣᠯᠪᠠᠰᠤᠷᠠᠬᠤ ᠴᠠᠭ ᠤᠯᠠᠷᠢᠯ ᠰᠠᠭᠠᠲᠠᠵᠤ᠂ ᠳᠡᠯᠭᠡᠷᠡᠬᠦ ᠵᠤᠨ ᠬᠤᠷ᠎ᠠ ᠲᠠᠢ ᠳᠠᠭᠤᠤ ᠲᠠᠢ ᠨᠠᠯᠠᠶᠢᠯ᠎ᠠ᠃      ᠥᠭᠭᠢᠶᠡᠮᠦᠷ ᠬᠤᠷ᠎ᠠ ᠡᠬᠡ ᠳᠡᠯᠡᠬᠡᠢ ᠳᠤ ᠪᠠᠭᠤᠵᠤ ᠲᠦᠮᠡᠨ ᠪᠣᠳᠠᠰ ᠢ ᠷᠠᠰᠢᠶᠠᠯᠠᠨ ᠤᠮᠳᠠᠯᠠᠨ᠎ᠠ᠃ ᠪᠣᠷᠣᠭᠠᠨ ᠤ ᠲᠤᠰᠤᠯ ᠨᠠᠪᠴᠢᠨ ᠳᠡᠭᠡᠷ᠎ᠡ ᠲᠤᠰᠤᠯᠠᠬᠤ ᠲᠠᠭᠤᠨ ᠢ ᠪᠢ ᠴᠢᠩᠨᠠᠬᠤ ᠳᠤᠷᠠᠲᠠᠢ᠃ ᠡᠭᠡᠭᠡ ᠯᠡ ᠡᠵᠢ ᠶᠢᠨ ᠮᠢᠨᠢ ᠰᠠᠭᠠᠯᠢ  ᠶᠢᠨ ᠰᠠᠭᠤᠯᠠᠭ᠎ᠠ ᠳᠤ ᠰᠠᠳᠠᠷᠠᠨ ᠪᠠᠭᠤᠬᠤ ᠠᠷᠢᠭᠤᠨ ᠰᠦ ᠰᠢᠭ᠃ ᠠᠮᠲᠠ ᠲᠠᠢ ᠴᠦ᠂ ᠤᠶᠠᠩᠭ᠎ᠠ ᠲᠠᠢ ᠴᠦ ᠠᠰᠬᠠᠷᠠᠮ᠎ᠠ ᠪᠣᠷᠤᠭ᠎ᠠ᠃      ᠡᠪᠦᠯ ᠤᠨ ᠵᠤᠳ ᠬᠠᠪᠤᠷ ᠤᠨ  ᠬᠠᠪᠰᠠᠷᠭᠠᠨ ᠢ ᠲᠤᠭᠤᠯᠤᠬᠰᠠᠨ ᠮᠠᠯ ᠰᠦᠷᠦᠭ ᠪᠣᠷᠣᠭᠠᠨ ᠤ ᠤᠰᠤᠨ ᠳᠤ ᠤᠬᠢᠶᠠᠭᠳᠠᠭᠠᠳ ᠥᠩᠭᠡ ᠲᠠᠷᠭᠤ ᠲᠠᠢ ᠲᠠᠪᠠᠲᠠᠢ ᠢᠳᠡᠰᠢᠯᠡᠨ᠎ᠡ᠃ ᠠᠳᠤᠭᠤᠨ ᠤ ᠢᠨᠴᠠᠭ᠎ᠠ᠂ ᠦᠬᠡᠷ ᠤᠨ ᠮᠥᠭᠡᠷᠡᠭᠡ᠂ ᠬᠤᠨᠢ ᠢᠮᠠᠭᠠᠳ ᠤᠨ ᠮᠠᠶᠢᠯᠠᠭ᠎ᠠ; ᠬᠤᠷᠠᠭ᠎ᠠ ᠲᠤᠭᠤᠯ᠂ ᠤᠨᠠᠭ᠎ᠠ ᠢᠰᠢᠭᠡ ᠶᠢᠨ ᠲᠣᠭᠯᠠᠭ᠎ᠠ᠂ ᠪᠠᠰᠠ ᠲᠡᠷᠡ ᠬᠥᠭᠡᠷᠦᠬᠦᠨ ᠤᠷᠤᠭᠤᠯ ᠢᠶᠠᠷ ᠢᠶᠠᠨ ᠪᠤᠯᠪᠠᠷᠠᠢ ᠡᠪᠡᠰᠦ ᠶᠢ ᠴᠢᠮᠬᠢᠯᠡᠨ ᠢᠳᠡᠰᠢᠯᠡᠬᠦ ᠲᠠᠭᠤᠨ ᠁ ᠬᠥᠭᠵᠢᠯᠲᠡᠢ ᠵᠤᠨ ᠤ ᠪᠠᠭ᠋ᠠᠷᠤᠮ᠎ᠠ ᠨᠠᠶᠢᠷᠠᠯ ᠪᠠᠶᠢᠨᠠᠮ᠃ ᠠᠵᠢᠯᠴᠢ ᠭᠦᠳᠡᠯᠮᠤᠷᠢᠴᠢ ᠲᠠᠷᠢᠶᠠᠴᠢᠳ ᠤᠨ ᠮᠥᠬᠦᠯᠢᠭ ᠮᠥᠬᠦᠯᠢᠭ ᠢᠶᠠᠷ ᠳᠠᠷᠢᠭᠰᠠᠨ ᠠᠮᠤ ᠲᠠᠷᠢᠶ᠎ᠠ ᠬᠤᠷ᠎ᠠ ᠪᠠᠷ ᠤᠮᠳᠠᠯᠠᠭᠳᠠᠵᠤ ᠰᠤᠭᠤᠷᠠᠲᠠᠯ᠎ᠠ ᠤᠷᠭᠤᠨ᠎ᠠ᠃ ᠤᠷᠭᠤᠵᠦ ᠪᠤᠢ ᠲᠠᠭᠤᠨ ᠨᠢ ᠴᠢᠬᠢᠨ ᠳᠤ ᠲᠤᠭᠤᠯᠳᠠᠬᠤ ᠴᠦ ᠰᠢᠭ᠋᠂ ᠨᠥᠮᠥᠭᠡᠨ ᠰᠠᠯᠬᠢᠨ᠂ ᠨᠣᠶᠢᠲᠠᠨ ᠪᠣᠷᠣᠭᠠᠨ ᠳᠤ ᠰᠡᠷᠪᠡᠯᠵᠡᠬᠦ ᠨᠢ ᠪᠥᠵᠢᠭᠯᠡᠵᠦ ᠪᠠᠶᠢᠭ᠎ᠠ ᠴᠦ ᠭᠡᠮᠡᠷ᠃      ᠡᠳᠦᠷ ᠬᠤᠨᠤᠭ᠂ ᠰᠠᠷ᠎ᠠ ᠵᠢᠯ ᠶᠠᠮᠠᠷ ᠴᠦ ᠬᠤᠷᠳᠤᠨ ᠠᠷᠢᠯᠤᠨ ᠥᠩᠭᠡᠷᠡᠭᠡ  ᠪᠤᠢ ᠬᠡᠮᠡᠨ ᠡᠷᠭᠢᠴᠡᠭᠦᠯᠦᠨ ᠰᠠᠭᠤᠬᠤ ᠳᠤ ᠴᠣᠩᠬᠤᠨ ᠭᠠᠳᠠᠨ᠎ᠠ ᠪᠣᠷᠣᠭᠠᠨ ᠰᠢᠪᠡᠷᠡᠵᠦ᠂ ᠡᠷᠬᠡ ᠪᠠᠭ᠎ᠠ ᠶᠢᠨ ᠳᠤᠷᠠᠰᠤᠮᠵᠢ ᠰᠡᠳᠡᠷᠡᠨ᠎ᠠ᠃ ᠨᠠᠮᠠᠶᠢ ᠪᠠᠭ᠎ᠠ ᠪᠠᠶᠢᠬᠤ ᠳᠤ ᠨᠤᠲᠤᠭ ᠮᠢᠨᠢ ᠶᠣᠰᠣᠲᠠᠢ ᠯᠡ ᠰᠡᠪ ᠬᠢᠪᠡᠯ ᠠᠰᠬᠠᠷᠠᠮ᠎ᠠ ᠪᠣᠷᠣᠭᠠᠨ ᠲᠠᠢ ᠪᠠᠶᠢᠯ᠎ᠠ᠂ ᠲᠡᠷᠡ ᠦᠶ᠎ᠡ  ᠶᠢᠨ ᠪᠣᠷᠣᠭᠠᠨ ᠭᠡᠵᠦ ᠲᠡᠭᠷᠢ ᠶᠢᠨ ᠬᠠᠶᠠᠭᠠᠨ ᠠᠴᠠ ᠬᠠᠷ᠎ᠠ ᠡᠭᠦᠯᠡ ᠨᠡᠳᠦᠰᠭᠡᠪᠠᠯ ᠪᠣᠷᠣᠭᠠᠨ ᠴᠢᠳᠬᠤᠵᠤ ᠭᠠᠷᠤᠨ᠎ᠠ᠂ ᠪᠠᠰᠠ ᠬᠡᠳᠦᠨ ᠡᠳᠦᠷ ᠢᠶᠠᠷ ᠦᠷᠭᠦᠯᠵᠢᠯᠡᠳᠡᠭ ᠠᠴᠠ ᠤᠴᠠᠭᠠᠷᠯᠠᠵᠤ ᠯᠡ ᠪᠠᠶᠢᠭᠰᠠᠨ ᠰᠠᠨ᠃ ᠪᠣᠷᠣᠭᠠᠨ ᠤ ᠲᠤᠰᠤᠯ ᠲᠤᠰᠴᠤ ᠡᠬᠢᠯᠡᠬᠦ ᠪᠠᠷ ᠡᠵᠢ ᠠᠭᠠᠷᠤᠤᠯ ᠬᠤᠷᠤᠳ ᠢᠶᠠᠨ ᠣᠷᠣᠭᠤᠯᠵᠤ ᠠᠷᠭᠠᠯ ᠲᠦᠯᠡᠰᠢ ᠪᠠᠨ ᠪᠦᠲᠡᠭᠡᠵᠦ ᠶᠠᠭᠠᠷᠠᠨ᠎ᠠ᠂ ᠪᠢ ᠲᠤᠭᠤᠯ ᠢᠶᠠᠨ ᠬᠤᠷᠢᠬᠤ ᠭᠡᠳ ᠠᠮᠢ ᠴᠦᠯᠡᠨ ᠭᠦᠶᠦᠨ᠎ᠡ᠂ ᠲᠡᠭᠡᠲᠡᠯ᠎ᠡ ᠲᠤᠭᠤᠯ ᠤᠳ ᠪᠣᠷᠣᠭᠠᠨ ᠳᠤ ᠲᠣᠭᠯᠠᠬᠤ ᠶᠢ ᠪᠤᠳᠤᠭᠠᠳ ᠬᠡᠳᠦᠨ ᠲᠡᠶᠢᠰᠢ ᠪᠠᠨ ᠪᠤᠳᠠᠷᠠᠵᠤ ᠪᠥᠭᠡᠮ ᠰᠦᠢᠳ ᠪᠣᠯᠵᠤ᠂︽ᠤᠰᠤᠨ ᠬᠤᠯᠤᠭᠠᠨ᠎ᠠ︾ᠪᠣᠯᠴᠢᠬᠠᠭᠰᠠᠨ ᠢᠶᠠᠨ ᠤᠳᠤ ᠪᠤᠳᠤᠬᠤ ᠳᠤ ᠪᠠᠶᠠᠰᠤᠯᠲᠠᠢ᠃      ᠪᠤᠭᠤᠳᠠᠢ ᠪᠣᠯᠪᠠᠰᠤᠷᠠᠬᠤ ᠴᠠᠭ ᠢᠶᠠᠷ ᠶᠡᠷᠦ ᠨᠢ ᠬᠤᠷ᠎ᠠ ᠪᠣᠷᠣᠭᠠᠨ ᠡᠯᠪᠡᠭᠰᠢᠵᠦ᠂ ᠤᠳᠤᠨ ᠮᠡᠴᠢᠳ ᠬᠠᠷᠠᠭ᠎ᠠ ᠳᠦᠭᠦᠷᠡᠩ ᠠᠨᠢᠪᠠᠯᠵᠠᠵᠤ᠂ ᠰᠢᠪᠠᠭᠤᠳ ᠵᠢᠷᠭᠢᠨ᠂ ᠡᠪᠡᠰᠦ ᠪᠡᠯᠴᠢᠭᠡᠷ ᠨᠣᠮᠢᠨ ᠳᠣᠯᠭᠢᠶ᠎ᠠ ᠬᠠᠶᠠᠯᠠᠨ᠂ ᠠᠭᠤᠯᠠ ᠤᠰᠤ ᠦᠵᠡᠮᠵᠢ ᠲᠡᠭᠦᠰ ᠪᠤᠯᠳᠠᠭ᠃ ᠠᠷᠠᠳ ᠤᠨ ᠰᠡᠴᠡᠨ ᠦᠭᠡᠨ ᠳᠤ ︽ᠬᠠᠷᠢᠶᠠᠴᠠᠢ ᠳᠣᠭᠤᠤᠷ ᠨᠢᠰᠬᠦ᠂ ᠰᠢᠷᠭᠤᠯᠵᠢ ᠰᠢᠷᠣᠢ ᠣᠪᠣᠭᠠᠯᠠᠪᠠᠯ ᠪᠣᠷᠣᠭᠠᠨ ᠣᠷᠣᠨ᠎ᠠ ᠁︾ ᠭᠡᠳᠡᠭᠴᠢᠯᠡᠨ ᠮᠠᠯᠴᠢᠳ  ᠪᠣᠷᠣᠭᠠᠨ ᠠᠴᠠ ᠡᠮᠦᠨᠡᠬᠢ ᠠᠵᠤ ᠠᠮᠢᠳᠤᠷᠠᠯ  ᠢᠶᠠᠨ ᠵᠣᠬᠢᠴᠠᠭᠤᠯᠤᠨ᠂ ᠲᠥᠯ ᠮᠠᠯ᠂ ᠨᠣᠣᠰᠣ ᠨᠣᠣᠯᠣᠭᠤᠷ᠂ ᠣᠲᠣᠷᠯᠠᠨ ᠨᠡᠭᠦᠬᠦ᠂ ᠬᠠᠰᠢᠶ᠎ᠠ ᠰᠠᠷᠠᠪᠴᠢ ᠪᠠᠨ ᠰᠡᠯᠪᠢᠨ ᠵᠠᠰᠠᠬᠤ ᠭᠡᠳ ᠴᠠᠭ ᠠᠭᠠᠷ ᠤᠨ ᠪᠠᠶᠢᠳᠠᠯ ᠢ ᠰᠢᠨᠵᠢᠨ ᠪᠠᠶᠢᠭᠠᠯᠢ ᠲᠠᠢ ᠪᠠᠨ ᠠᠭᠤᠰᠤᠯᠴᠠᠨ ᠪᠣᠷᠪᠢ ᠪᠣᠬᠢᠰᠬᠢᠬᠦ  ᠵᠠᠪ ᠦᠭᠡᠢ ᠶᠠᠭᠠᠷᠠᠯᠳᠤᠨ᠎ᠠ᠃      ᠪᠣᠷᠣᠭᠠᠨ - ᠪᠦᠲᠦᠨ ᠪᠠᠶᠢᠭᠠᠯᠢ ᠶᠢᠨ ᠵᠤᠨ ᠤ ᠨᠠᠶᠢᠷᠠᠯ ᠤᠨ ᠵᠢᠯᠣᠭᠤᠳᠤᠭᠴᠢ ᠪᠠᠶᠢᠵᠠᠢ᠃      ᠪᠣᠷᠣᠭᠠᠨ ᠤ ᠴᠢᠮᠡᠭᠡ ᠪᠠᠷ ᠮᠢᠨᠤ ᠨᠤᠲᠤᠭ ᠨᠣᠭᠤᠭᠠᠨ ᠮᠠᠩᠨᠤᠭ ᠨᠥᠮᠥᠷᠦᠨ᠎ᠡ᠂ ᠭᠡᠷ ᠤᠨ ᠡᠮᠦᠨ᠎ᠡ ᠰᠦᠮᠪᠦᠷᠯᠡᠨ ᠰᠦᠨᠳᠡᠷᠯᠡᠬᠦ ᠵᠢᠷᠦᠬᠡᠨ ᠱᠣᠪᠬᠤ ᠪᠠᠶᠠᠨᠵᠢᠷᠦᠬᠡ ᠣᠪᠣᠭ᠎ᠠ ᠳᠡᠯᠡᠬᠡᠢ ᠳᠤ ᠬᠤᠪᠣᠷ ᠤᠯᠠᠭᠠᠨ ᠭᠠᠴᠤᠷ᠎ᠠ ᠪᠠᠷ ᠬᠤᠴᠢᠭᠳᠠᠵᠤ᠂ ᠶᠡᠭᠡ ᠪᠠᠶᠢᠭᠠᠯᠢ ᠶᠢᠨ ᠤᠷᠠᠨ ᠭᠤᠸ᠎ᠠ ᠪᠠᠨ ᠬᠠᠳᠠᠭᠠᠯᠠᠨ ᠭᠠᠶᠢᠬᠠᠭᠤᠯᠤᠨ᠎ᠠ᠂  ᠡᠭᠡᠯᠵᠢᠯᠡᠬᠦ ᠲᠦᠷᠪᠡᠨ ᠤᠯᠠᠷᠢᠯ ᠢᠶᠠᠷ ᠢᠶᠠᠨ ᠮᠥᠩᠬᠡ ᠨᠣᠭᠤᠭᠠᠨ ᠪᠠᠶᠢᠳᠠᠭ ᠡᠯᠡᠰᠦᠨ ᠭᠠᠴᠤᠷ᠎ᠠ ᠨᠢ ᠨᠤᠲᠤᠭ ᠢᠶᠠᠨ ᠰᠠᠬᠢᠵᠤ ᠬᠤᠷ᠎ᠠ ᠪᠣᠷᠣᠭᠠᠨ ᠢ ᠤᠷᠢᠨ᠎ᠠ᠂ ᠭᠠᠴᠤᠷ᠎ᠠ ᠶᠢᠨ ᠤᠢ ᠶᠢᠨ ᠳᠤᠮᠳᠠᠭᠤᠷ ᠴᠡᠪᠡᠷ ᠲᠤᠩᠭᠠᠯᠠᠭ ᠣᠪᠣᠭᠠᠨ ᠭᠤᠣᠯ ᠡᠪᠡᠰᠦ ᠮᠣᠳᠣᠨ ᠳᠤ ᠰᠢᠮ᠎ᠡ ᠪᠠᠨ ᠬᠦᠷᠲᠡᠭᠡᠨ ᠬᠥᠮᠥᠨ ᠮᠠᠯ ᠢᠶᠠᠨ ᠤᠮᠳᠠᠯᠠᠵᠤ ᠭᠤᠷᠴᠢᠭᠢᠨᠠᠨ ᠴᠡᠩᠬᠡᠷᠲᠦᠨ᠎ᠡ᠃ ᠤᠷᠤᠰᠬᠠᠯ ᠤᠨ ᠴᠢᠮᠡᠭᠡ᠂ ᠰᠢᠪᠠᠭᠤᠳ ᠤᠨ ᠵᠢᠷᠭᠢᠭᠡ᠂ ᠮᠠᠨᠳᠤᠬᠤ ᠨᠠᠷᠠᠨ ᠤ ᠴᠢᠮᠡᠭᠡᠨ ᠲᠠᠭᠤᠨ ᠢᠶᠠᠷ ᠭᠦᠯᠦᠭ ᠤᠨ ᠲᠤᠭᠤᠷᠠᠢ᠂ ᠬᠥᠮᠥᠨ ᠤ ᠦᠢᠮᠡᠭᠡᠨ᠂ ᠤᠷᠳᠤ ᠶᠢᠨ ᠳᠠᠭᠤᠤ ᠶᠢᠨ ᠰᠢᠷᠤᠩᠬᠠᠢ᠂ ᠪᠦᠭᠡ ᠶᠢᠨ ᠤᠷᠢᠶ᠎ᠠ ᠁ ᠡᠬᠡ ᠳᠡᠯᠡᠬᠡᠢ ᠪᠤᠴᠠᠯᠴᠢᠬᠠᠭᠰᠠᠨ ᠭᠡᠮᠡᠷ᠃ ᠪᠠᠶᠠᠨᠵᠢᠷᠦᠬᠡ ᠣᠪᠣᠭ᠎ᠠ ᠶᠢᠨ ᠲᠠᠭᠢᠯᠭ᠎ᠠ ᠨᠠᠶᠢᠷ ᠶᠠᠪᠤᠭᠳᠠᠵᠤ ᠪᠠᠶᠢᠬᠤ ᠨᠢ᠃      ᠨᠤᠲᠤᠭ ᠤᠨ ᠴᠢᠮᠡᠭ ᠪᠣᠯᠤᠭᠰᠠᠨ ᠭᠦᠨ ᠨᠠᠭᠤᠷ ᠮᠠᠨᠢ ᠨᠠᠷᠠᠨ ᠤ ᠭᠡᠷᠡᠯ ᠳᠤ ᠲᠣᠯᠢ ᠮᠡᠲᠦ ᠭᠢᠯᠠᠯᠵᠠᠨ᠂ ᠬᠤᠯᠠ  ᠶᠢᠨ ᠭᠠᠵᠠᠷ ᠠᠴᠠ ᠨᠤᠲᠤᠭ ᠢᠶᠠᠨ ᠵᠣᠷᠢᠭᠰᠠᠨ ᠬᠥᠪᠡᠭᠦᠳ ᠢᠶᠠᠨ ᠤᠭᠲᠤᠨ ᠪᠠᠶᠢᠭ᠎ᠠ ᠰᠢᠭ᠋ ᠬᠠᠯᠠᠭᠤᠬᠠᠨ ᠬᠠᠷᠠᠭᠳᠠᠵᠤ᠂  ᠨᠠᠭᠤᠷ ᠤᠨ ᠤᠰᠤᠨ ᠳᠠᠭᠠᠨ ᠡᠷᠬᠡ ᠳᠤᠷ᠎ᠠ ᠪᠠᠷ ᠢᠶᠠᠨ ᠱᠤᠮᠪᠠᠨ ᠨᠢᠰᠬᠦ ᠰᠢᠪᠠᠭᠤᠳ ᠨᠢ ᠴᠦ ᠲᠠᠨᠢᠯ ᠲᠠᠰᠤᠯ ᠮᠡᠲᠦ ᠰᠡᠳᠬᠢᠯ ᠢ ᠪᠠᠶᠠᠰᠬᠠᠨ᠎ᠠ᠃ ᠬᠠᠷᠠᠭ᠎ᠠ ᠠᠯᠳᠠᠮ᠎ᠠ ᠬᠥᠩᠭᠡᠷ ᠤᠨ ᠲᠠᠯ᠎ᠠ ᠮᠢᠨᠢ ᠨᠣᠭᠤᠭᠠᠨ ᠵᠦᠯᠭᠡᠨ ᠳᠡᠭᠡᠷ᠎ᠡ ᠪᠠᠨ ᠪᠡᠶᠡᠨ ᠰᠦᠷᠦᠭ ᠢᠶᠠᠨ ᠲᠠᠪᠠᠲᠠᠢ ᠪᠡᠯᠴᠢᠭᠡᠷᠯᠡᠭᠦᠯᠵᠦ᠂ ᠦᠨᠦᠷ ᠠᠨᠬᠭᠢᠯᠦᠮ᠎ᠠ ᠴᠡᠴᠡᠭ ᠬᠤᠸᠠᠷ ᠨᠢ ᠥᠩᠭᠡ ᠢᠯᠭᠠᠷᠠᠨ ᠮᠢᠷᠠᠯᠵᠠᠵᠤ ᠥᠩᠭᠡᠲᠦ ᠳᠠᠪᠠᠯᠭᠠᠨ ᠪᠣᠰᠣᠨ᠎ᠠ᠂ ᠬᠥᠮᠥᠨ ᠮᠠᠯ ᠤᠨ ᠠᠮᠢᠨ ᠲᠡᠵᠢᠭᠡᠯ ᠪᠣᠯᠤᠭᠰᠠᠨ ᠬᠥᠩᠭᠡᠷ ᠤᠨ ᠭᠤᠣᠯ ᠤᠭᠠᠯᠵᠠᠯᠠᠨ ᠤᠷᠤᠰᠴᠤ ᠶᠡᠭᠡ ᠲᠠᠯ᠎ᠠ ᠶᠢᠨ ᠥᠷᠥᠴᠡᠨ ᠳᠤ ᠡᠩᠬᠡ ᠮᠥᠩᠬᠡ ᠶᠢᠨ ᠠᠶᠢᠵᠠᠮ ᠤᠶᠠᠩᠭᠠᠯᠠᠨ᠎ᠠ᠃      ᠳᠡᠯᠭᠡᠷ ᠵᠤᠨ ᠢᠶᠠᠷ ᠨᠤᠲᠤᠭ ᠤᠨ ᠢᠶᠠᠨ ᠴᠡᠩᠬᠡᠷ ᠠᠭᠠᠷ ᠢ ᠨᠢ ᠠᠮᠢᠰᠬᠤᠵᠤ᠂ ᠨᠠᠶᠢᠷᠠᠯ ᠳᠠᠭᠤᠤ ᠳᠤᠨᠢ ᠰᠣᠭᠲᠣᠭᠤᠷᠠᠬᠤ ᠪᠢ ᠳᠤᠷᠠᠲᠠᠢ᠃ ᠲᠡᠷᠡ ᠳᠠᠭᠤᠤ᠂ ᠬᠤᠯᠠ ᠣᠶᠢᠷ᠎ᠠ ᠶᠢ ᠬᠤᠯᠪᠣᠵᠤ᠂ ᠬᠦᠰᠡᠯ ᠮᠥᠷᠥᠭᠡᠳᠦᠯ ᠢ ᠠᠴᠢᠶᠠᠯᠠᠨ᠂ ᠵᠤᠨ ᠵᠤᠨ ᠢᠶᠠᠷ ᠰᠢᠷᠤᠩᠬᠠᠶᠢᠯᠠᠬᠰᠠᠭᠠᠷ ᠪᠠᠶᠢᠨᠠᠮ᠃      ᠲᠡᠭᠷᠢ ᠶᠢᠨ ᠬᠠᠶᠠᠭᠠᠨ ᠠᠴᠠ ᠬᠠᠷ᠎ᠠ ᠡᠭᠦᠯᠡᠰ ᠬᠥᠰᠢᠭᠡᠯᠡᠨ ᠪᠣᠰᠴᠤ᠂ ᠴᠢᠭᠢᠭ ᠵᠠᠭᠤᠭᠰᠠᠨ ᠨᠣᠶᠢᠲᠠᠨ ᠰᠠᠯᠬᠢ ᠬᠠᠴᠠᠷ ᠢ ᠠᠶᠠᠷᠬᠠᠨ ᠢᠯᠪᠢᠨ᠂ ᠬᠤᠷ᠎ᠠ ᠶᠢᠨ ᠴᠢᠮᠡᠭᠡ ᠨᠠᠭᠠᠰᠢᠯᠠᠨ ᠠᠶᠢᠰᠤᠢ ᠁
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号