ᠠᠭᠠᠭᠢᠮ᠎ᠠ ᠬᠠᠯᠠᠭᠤᠨ ᠵᠣᠨ ᠪᠣᠯ ᠠᠮᠢᠯᠠᠯ ᠡᠰᠡᠨᠢᠯ ᠤᠨ ᠦᠷᠭᠦᠯᠵᠢᠯᠡᠯ᠃ ᠥᠩᠭᠡ ᠶᠢᠨ ᠴᠡᠴᠡᠭ ᠰᠣᠯᠣᠩᠭᠠᠷᠠᠨ | ᠮᠢᠷᠠᠯᠵᠠᠵᠤ᠂ ᠡᠷᠪᠡᠬᠡᠢ ᠪᠥᠵᠢᠨ᠂ ᠵᠥᠭᠡᠢ ᠦᠩᠭᠢᠨᠡᠯᠳᠦᠵᠦ ᠪᠠᠳᠠᠷᠠᠯ ᠬᠥᠭᠵᠢᠯ ᠤᠨ ᠲᠡᠨᠢᠭᠦᠨ ᠤᠯᠠᠷᠢᠯ ᠦᠷᠭᠦᠯᠵᠢᠯᠡᠨ᠎ᠡ᠃ | ︽ᠬᠤᠶᠠᠷ ᠤᠳᠠ ᠶᠢᠨ ᠬᠤᠭᠤᠷᠣᠨᠳᠤᠭᠤᠷ ᠵᠤᠨ \ ᠬᠤᠸᠠ ᠲᠤᠭᠤᠯ ᠪᠣᠯᠵᠤ ᠮᠥᠭᠡᠷᠡᠭᠰᠡᠭᠡᠷ ᠠᠶᠢᠰᠤᠢ︾ ᠭᠡᠵᠦ | ᠨᠡᠷᠡᠲᠦ ᠰᠢᠯᠦᠭᠴᠢ ᠳᠤᠭᠠᠷᠰᠦ᠋ᠷᠦᠩ ︽ᠵᠤᠨ︾ ᠭᠡᠬᠦ ᠰᠢᠯᠦᠭ ᠲᠡᠭᠡᠨ ᠰᠢᠯᠦᠭᠯᠡᠭᠰᠡᠨ ᠶᠤᠮ᠃ ᠲᠠᠭᠤ ᠲᠠᠢ᠂ | ᠨᠠᠷᠭᠢᠶᠠᠨ ᠲᠠᠢ᠂ ᠬᠠᠯᠠᠭᠤᠨ ᠵᠤᠨ ᠰᠠᠭᠠᠲᠠᠵᠤ᠂ ᠲᠦᠮᠡᠨ ᠪᠣᠳᠠᠰ ᠪᠠᠳᠠᠷᠠᠨ ᠲᠥᠯᠵᠢᠵᠦ᠂ ᠡᠬᠡ ᠪᠠᠶᠢᠭᠠᠯᠢ ᠨᠠᠶᠢᠷᠠᠯ | ᠬᠥᠭᠵᠢᠮ ᠡᠭᠡᠰᠢᠭᠯᠡᠨ᠎ᠡ᠃ ︽ᠲᠥᠭᠦᠷᠢᠭ ᠥᠨᠳᠥᠷ ᠰᠦᠮᠪᠦᠷᠯᠡᠨ ᠴᠣᠭᠴᠠᠯᠠᠭᠰᠠᠨ ᠨᠣᠮᠢᠨ ᠬᠠᠰ ᠤᠨ ᠣᠪᠣᠭ᠎ᠠ \ | ᠲᠦᠮᠡᠨ ᠵᠤᠷᠪᠤᠰ ᠳᠣᠷᠣᠭᠰᠢ ᠤᠨᠵᠢᠭᠰᠠᠨ ᠨᠣᠭᠤᠭᠠᠨ ᠲᠣᠷᠭᠠᠨ ᠲᠤᠤᠵᠠ︾ ᠭᠡᠵᠦ ᠲᠠᠩ ᠤᠨ ᠰᠢᠯᠦᠭᠴᠢ ᠾᠧ ᡁᠢ | ᠵᠠᠩ ᠤᠨ ᠤᠶᠠᠩᠭᠠᠯᠠᠨ ᠰᠢᠯᠦᠭᠯᠡᠭᠰᠡᠨ ᠤᠳᠠ ᠮᠣᠳᠣᠳ ᠤᠩᠭᠠᠷᠢᠯ ᠶᠤᠭᠠᠨ ᠬᠡᠶᠢᠰᠬᠡᠵᠦ᠂ ᠤᠷᠠᠨ ᠬᠠᠷᠢᠶᠠᠴᠠᠢ | ᠰᠦᠯᠵᠢᠯᠳᠦᠨ᠂ ᠤᠰᠤᠨ ᠤ ᠰᠢᠪᠠᠭᠤᠳ ᠭᠠᠩᠭᠠᠨᠠᠯᠳᠤᠨ ᠨᠤᠷᠭᠢᠯᠳᠤᠨᠠ᠃ ᠡᠪᠡᠰᠦ ᠬᠤᠯᠤᠰᠤ ᠦᠶ᠎ᠡ ᠰᠤᠨᠤᠨ | ᠰᠤᠭᠤᠷᠠᠵᠤ᠂ ᠡᠯᠳᠡᠪ ᠵᠦᠢᠯ ᠤᠨ ᠴᠡᠴᠡᠭ ᠬᠤᠸᠠᠷ ᠥᠩᠭᠡ ᠢᠯᠭᠠᠷᠠᠨ ᠳᠡᠯᠭᠡᠷᠡᠨ᠎ᠡ᠃ | ᠥᠷᠯᠥᠭᠡ ᠶᠢᠨ ᠨᠠᠷᠠᠨ ᠤ ᠲᠤᠶᠠᠭᠠᠨ ᠳᠤ ᠰᠢᠭᠦᠳᠡᠷᠢ ᠶᠢᠨ ᠪᠥᠮᠪᠥᠭᠡᠯᠢᠭ ᠮᠡᠯᠲᠡᠭᠡᠨᠡᠵᠦ᠂ ᠲᠠᠯ᠎ᠠ ᠳᠤ ᠬᠤᠨᠣᠭᠰᠠᠨ | ᠰᠠᠷᠠᠨ ᠢᠯᠳᠠᠮᠬᠠᠨ ᠴᠠᠭᠠᠰᠢᠯᠠᠨᠠ᠃ ᠴᠣᠮᠣᠷᠯᠢᠭ ᠢᠶᠠᠨ ᠳᠡᠯᠭᠡᠬᠦ ᠴᠡᠴᠡᠭᠡᠰ ᠢᠰᠪᠡᠯᠵᠡᠨ ᠮᠢᠰᠢᠶᠡᠵᠦ᠂ ᠴᠡᠪᠡᠷ | ᠲᠤᠩᠭᠠᠯᠠᠭ ᠠᠭᠠᠷ ᠪᠤᠲᠣᠯ ᠴᠡᠭᠡᠵᠢ ᠶᠢ ᠰᠠᠷᠠᠭᠤᠯᠵᠢᠭᠤᠯᠵᠤ᠂ ᠭᠤᠯᠢᠶ᠎ᠠ ᠵᠢᠷᠬᠢᠷ᠎ᠡ ᠶᠢᠨ ᠲᠠᠭᠤᠨ ᠰᠣᠨᠣᠷ ᠢ | ᠪᠠᠶᠠᠰᠬᠠᠨ᠎ᠠ᠃ ᠡᠬᠡ ᠪᠠᠶᠢᠭᠠᠯᠢ ᠶᠢᠨ ᠨᠠᠶᠢᠷᠠᠯ ᠬᠥᠭᠵᠢᠮ ᠢ ᠴᠢᠩᠨᠠᠵᠤ᠂ ᠤᠢ ᠶᠢᠨ ᠰᠡᠯᠡᠭᠦᠨ ᠳᠤ ᠵᠤᠭᠠᠴᠠᠬᠤ ᠰᠠᠶᠢᠬᠠᠨ᠃ | ᠰᠡᠷᠢᠭᠦᠨ ᠰᠠᠯᠬᠢ ᠪᠠᠷ ᠢᠯᠪᠢᠭᠦᠯᠵᠦ᠂ ᠰᠡᠭᠦᠳᠡᠷ ᠲᠤ ᠬᠤᠷᠭᠤᠳᠠᠨ᠂ ᠭᠤᠷᠤᠬ᠎ᠠ ᠶᠢᠨ ᠤᠰᠤ ᠪᠠᠷ ᠨᠢᠭᠤᠷ ᠢᠶᠠᠨ | ᠷᠠᠰᠢᠶᠠᠯᠠᠨ᠂ ᠭᠤᠭᠤᠳ ᠮᠠᠩᠭᠢᠷ ᠲᠡᠭᠦᠬᠦ ᠰᠠᠶᠢᠬᠠᠨ᠃ | ︽ᠡᠴᠢᠨ᠎ᠡ ᠵᠠᠶᠢᠯᠠᠬᠤ ᠰᠡᠯᠡᠭᠦᠨ ᠪᠣᠯᠵᠣᠮᠣᠷ ᠤᠨ ᠲᠠᠭᠤᠨ ᠠᠨᠤ ᠬᠠᠶᠢᠴᠢᠯᠠᠬᠤ ᠮᠡᠲᠦ \ ᠡᠷᠭᠢ ᠠᠯᠤᠰ | ᠰᠡᠪᠡᠭᠦᠨ ᠴᠡᠴᠡᠭ ᠤᠨ ᠥᠩᠭᠡ ᠢᠨᠦ ᠰᠢᠲᠠᠬᠤ ᠰᠢᠭ᠋︾ ︵ᠯᠢᠨ ᠳ᠋ᠦᠩ ᠮᠸᠢ ᠶᠢᠨ ︽ᠰᠢ ᠬᠤ᠋ ᠲᠠᠭᠲᠤ︾︶᠂ ︽ᠮᠠᠷᠭᠠᠰᠢ | ᠥᠷᠯᠥᠭᠡ ᠰᠠᠯᠬᠢᠨ ᠳᠡᠭᠳᠡᠪᠡᠰᠦ ᠣᠷᠣ ᠦᠭᠡᠢ ᠦᠯᠢᠶᠡᠭᠳᠡᠬᠦ ᠲᠤᠯᠠ \ ᠮᠠᠩᠨᠤᠭ ᠤᠯᠠᠭᠠᠨ ᠴᠡᠴᠡᠭ ᠢ ᠬᠠᠶᠢᠷᠠᠯᠠᠨ | ᠭᠠᠯ ᠪᠠᠮᠪᠠᠷ ᠢᠶᠠᠷ ᠦᠵᠡᠪᠡᠢ︾ ︵ᠲᠠᠩ ᠤᠨ ᠰᠢᠯᠦᠭᠴᠢ ᠪᠠᠢ ᠵᠢᠦᠢ ᠢ ᠶᠢᠨ ︽ᠮᠠᠨᠳᠠᠷᠸ᠎ᠠ ᠴᠡᠴᠡᠭ ᠢ ᠬᠠᠶᠢᠷᠠᠯᠠᠭᠰᠠᠨ︾︶᠃ | ᠴᠡᠴᠡᠭᠡᠰ ᠤᠨ ᠠᠩᠬᠢᠯᠤᠮ᠎ᠠ ᠦᠨᠦᠷ᠂ ᠥᠩᠭᠡ ᠶᠢᠨ ᠬᠤᠷᠴᠠ ᠳᠤ ᠰᠣᠭᠲᠣᠭᠤᠷᠠᠨ᠂ ᠡᠷᠲᠡᠨ ᠡᠳᠦᠭᠡᠬᠢ | ᠰᠢᠯᠦᠭᠴᠢᠳ ᠤᠨ ᠰᠢᠯᠦᠭ ᠵᠣᠬᠢᠶᠠᠯ ᠢ ᠰᠣᠨᠢᠷᠬᠠᠨ᠂ ᠵᠤᠨ ᠤ ᠦᠳᠡ ᠶᠢ ᠥᠩᠭᠡᠷᠡᠭᠡᠬᠦ ᠰᠠᠶᠢᠬᠠᠨ᠃ ︽ᠰᠤᠪᠤᠳ ᠲᠠᠨ᠎ᠠ | ᠪᠤᠳᠠᠷᠠᠨ ᠰᠠᠴᠤᠷᠠᠭᠰᠠᠨ ᠤᠶᠠᠩᠭ᠎ᠠ \ ᠰᠣᠯᠣᠩᠭ᠎ᠠ ᠡᠭᠦᠯᠡ ᠬᠠᠷᠢᠯᠴᠠᠨ ᠰᠣᠯᠢᠯᠴᠠᠭᠰᠠᠨ ᠪᠤᠶᠤ \ ᠰᠣᠭᠲᠣᠵᠤ | ᠤᠨᠲᠠᠬᠤᠶᠠ ᠦᠨᠦᠰᠳᠡᠭᠦ ᠴᠡᠴᠡᠭ ᠵᠢᠭᠠᠷ \ ᠰᠣᠴᠢᠭᠠᠳ ᠰᠡᠷᠡᠪᠡᠰᠦ ᠪᠡᠬᠡᠰ ᠤᠨ ᠦᠨᠦᠷ ᠠᠵᠤᠭᠤ᠃︾ | ︵ᠢᠨᠵᠠᠨᠨᠠᠰᠢ ᠶᠢᠨ ᠰᠤᠯᠠ ᠰᠢᠯᠦᠭᠯᠡᠯ︶ ᠴᠡᠴᠡᠭᠡᠰ ᠤᠨ ᠦᠨᠦᠷ᠂ ᠪᠡᠬᠡᠰ ᠤᠨ ᠦᠨᠦᠷ ᠢᠶᠠᠷ ᠪᠢᠯᠢᠭ ᠤᠶᠤᠨ ᠢᠶᠠᠨ | ᠰᠢᠮᠡᠵᠢᠭᠦᠯᠵᠦ᠂ ᠪᠢᠷ ᠢᠳᠡᠭᠦᠯᠵᠦ᠂ ᠤᠶᠠᠩᠭ᠎ᠠ ᠬᠡᠯᠬᠢᠬᠦ ᠰᠠᠶᠢᠬᠠᠨ᠃ | ᠭᠠᠷᠠᠭ ᠤᠨ ᠡᠳᠦᠷ ᠭᠠᠭᠴᠠᠭᠠᠷ ᠪᠠᠶᠢᠬᠤ ᠰᠠᠶᠢᠬᠠᠨ | ᠭᠡᠭᠡᠪᠴᠢ ᠪᠠᠨ ᠴᠡᠯᠡᠶᠢᠳᠡᠯᠡ ᠨᠡᠭᠡᠭᠡᠵᠦ ᠠᠭᠠᠷ ᠨᠡᠪᠲᠡᠷᠡᠭᠦᠯᠬᠦ ᠰᠠᠶᠢᠬᠠᠨ | ᠭᠠᠷᠤᠨ ᠣᠷᠣᠨ ᠦᠷᠭᠡᠰᠦᠳᠦ ᠬᠡᠮᠬᠡ ᠵᠠᠵᠢᠯᠤᠭᠠᠳ | ᠭᠠᠷ ᠤᠨ ᠠᠶ᠎ᠠ ᠪᠠᠷ ᠨᠣᠮ ᠤᠷᠪᠠᠭᠤᠯᠬᠤ ᠰᠠᠶᠢᠬᠠᠨ | ᠳᠡᠯᠭᠡᠭᠰᠡᠨ ᠰᠤᠳᠤᠷ ᠢᠶᠠᠨ ᠲᠠᠭᠤ ᠦᠭᠡᠢ ᠤᠷᠪᠠᠭᠤᠯᠬᠤ ᠳᠤ | ᠳᠡᠪᠢᠭᠦᠷ ᠢᠶᠠᠷ ᠳᠡᠪᠢᠭᠰᠡᠨ ᠰᠢᠭ ᠰᠠᠯᠬᠢᠨ ᠰᠡᠪᠭᠢᠰ ᠭᠡᠨ᠎ᠡ | ᠳᠡᠩᠳᠡᠭᠦᠦ ᠬᠥᠭᠡᠷᠦᠭᠰᠡᠨ ᠠᠭᠠᠷ ᠢ ᠪᠡᠬᠡᠰ ᠤᠨ ᠦᠨᠦᠷ ᠢᠶᠠᠷ ᠦᠯᠳᠡᠭᠦ ᠳᠤ | ᠳᠡᠭᠡᠪᠦᠷ ᠲᠥᠭᠡᠨᠡᠭᠰᠡᠨ ᠬᠠᠯᠠᠭᠤᠨ ᠦᠷᠦᠭᠡ ᠶᠢ ᠪᠦᠰᠡᠯᠡᠵᠦ ᠪᠤᠴᠠᠯᠤᠰ ᠭᠡᠨ᠎ᠡ | ᠦᠷᠭᠡᠰᠦᠳᠦ ᠬᠡᠮᠬᠡ᠂ ᠪᠤᠷᠴᠠᠭ ᠤᠨᠵᠢᠨ ᠰᠡᠨᠵᠢᠨ ᠳᠡᠭᠦᠵᠢᠩᠨᠡᠭᠡᠳ᠂ ᠭᠠᠷ ᠰᠤᠩᠭᠠᠮᠠᠭᠴᠠ ᠭᠠᠶᠢᠭᠤᠢ ᠰᠢᠨ᠎ᠡ | ᠨᠣᠭᠤᠭ᠎ᠠ ᠴᠠᠭ᠎ᠠ᠃ ᠡᠭᠦᠳᠡᠨ ᠭᠠᠳᠠᠨ᠎ᠠ ᠰᠢᠷ᠎ᠠ ᠨᠣᠬᠠᠢ ᠤᠷᠳᠤ ᠭᠡᠯᠡ ᠪᠠᠨ ᠤᠨᠵᠢᠭᠤᠯᠤᠨ ᠨᠣᠵᠣᠭᠤᠷᠠᠵᠤ᠂ | ᠦᠳᠡ ᠶᠢᠨ ᠬᠠᠯᠠᠭᠤᠨ ᠳᠤ ᠡᠬᠡ ᠳᠡᠯᠡᠬᠡᠢ ᠨᠣᠶᠢᠷᠮᠣᠭᠯᠠᠨ ᠵᠡᠭᠦᠷᠮᠡᠭᠯᠡᠨ᠎ᠡ᠃ | ᠭᠠᠯ ᠨᠠᠷᠠᠨ ᠳᠡᠭᠡᠷ᠎ᠡ ᠠᠴᠠ ᠰᠢᠷᠠᠵᠤ᠂ ᠭᠠᠵᠠᠷ ᠠᠴᠠ ᠬᠠᠯᠠᠭᠤᠨ ᠠᠭᠤᠷ ᠪᠠᠭᠠᠭᠢᠨᠠ᠃ ᠲᠠᠷᠢᠶ᠎ᠠ ᠲᠥᠮᠥᠰᠥ | ᠴᠢᠩᠭᠠᠭᠠᠵᠤ ᠲᠠᠲᠠᠵᠤ ᠪᠠᠶᠢᠬᠤ ᠰᠢᠭ᠋ ᠰᠤᠭᠤᠷᠠᠨ ᠤᠷᠭᠤᠨ᠎ᠠ᠃ | ︽ᠬᠠᠯᠠᠭᠤᠨ ᠨᠠᠷᠠᠨ ᠳᠤ ᠲᠠᠷᠢᠶ᠎ᠠ ᠠᠷᠴᠢᠬᠤᠶ᠎ᠠ | ᠬᠠᠷ᠎ᠠ ᠬᠥᠯᠥᠰᠦ ᠴᠢᠪ ᠴᠢᠪ ᠲᠤᠰᠤᠯᠠᠮᠤᠢ | ᠬᠠᠯᠪᠠᠭ᠎ᠠ ᠳᠣᠲᠣᠷᠠᠬᠢ ᠨᠢᠭᠡ ᠮᠥᠬᠦᠯᠢᠭ ᠠᠮᠤ ᠶᠢᠨ | ᠬᠠᠯᠠᠰᠢᠷᠠᠯ ᠵᠣᠪᠠᠨᠢᠯ ᠢ ᠬᠡᠨ ᠮᠡᠳᠡᠬᠦ ᠠᠵᠢ︾᠃ ᠬᠥᠳᠡᠯᠮᠦᠷᠢᠴᠢᠨ ᠠᠷᠠᠳ ᠠᠭᠠᠭᠢᠮ᠎ᠠ ᠬᠠᠯᠠᠭᠤᠨ᠂ ᠲᠠᠰᠭᠢᠮᠠ | ᠬᠦᠢᠲᠡᠨ ᠢ ᠲᠡᠰᠪᠦᠷᠢᠯᠡᠨ᠂ ᠠᠮᠢᠳᠤᠷᠠᠯ ᠢᠶᠠᠨ ᠥᠭᠡᠳᠡ ᠲᠠᠲᠠᠵᠤ᠂ ᠪᠠᠶᠠᠨ ᠴᠢᠨᠡᠭᠡᠯᠢᠭ ᠨᠡᠶᠢᠭᠡᠮ ᠢ ᠪᠦᠲᠦᠭᠡᠨ | ᠪᠠᠶᠢᠭᠤᠯᠤᠨ᠎ᠠ᠃ ᠭᠦᠳᠡᠯᠮᠦᠷᠢ ᠲᠡᠮᠡᠴᠡᠯ ᠢ ᠨᠠᠰᠤᠨ ᠲᠤᠷᠰᠢᠲᠠ ᠪᠠᠷᠢᠮᠲᠠᠯᠠᠪᠠᠯ ᠠᠵᠠ ᠶᠢᠨ ᠲᠡᠭᠷᠢ ᠢᠪᠡᠭᠡᠵᠦ᠂ | ᠠᠮᠢᠳᠤᠷᠠᠯ ᠦᠢᠯᠡᠰ ᠤᠷᠤᠭᠰᠢᠲᠠᠢ ᠪᠣᠯᠣᠨ᠎ᠠ᠃ ᠪᠠᠷᠢᠮᠲᠠᠯᠠᠯ ᠭᠡᠳᠡᠭ ᠬᠠᠮᠤᠭ ᠤᠨ ᠴᠢᠬᠤᠯᠠ᠃ ᠵᠡᠭᠦᠦ ᠶᠢᠨ | ᠦᠵᠦᠭᠦᠷ ᠲᠤ ᠲᠣᠭᠲᠠᠬᠤ ᠬᠥᠮᠥᠨ ᠵᠠᠶᠠᠭ᠎ᠠ ᠶᠢ ᠡᠷᠬᠢᠮᠨᠡᠨ᠂ ᠠᠮᠢ ᠨᠠᠰᠤ ᠠᠮᠢᠳᠤᠷᠠᠯ ᠦᠢᠯᠡᠰ ᠢᠶᠠᠨ ᠬᠠᠶᠢᠷᠠᠯᠠᠵᠤ᠂ | ᠠᠮᠢᠳᠤᠷᠠᠯ ᠤᠨ ᠭᠡᠷᠡᠯ ᠭᠡᠭᠡ ᠠᠴᠠ ᠡᠨᠧᠷᠭᠢ ᠬᠦᠴᠦ ᠬᠦᠷᠲᠡᠵᠦ᠂ ᠥᠭᠡᠳᠡᠯᠡᠵᠦ ᠶᠠᠪᠤᠬᠤ ᠰᠠᠶᠢᠬᠠᠨ᠃ | ᠭᠠᠭᠴᠠᠭᠠᠷ ᠨᠠᠮ ᠵᠢᠮ ᠣᠷᠴᠢᠨ ᠳᠤ ᠨᠣᠮ ᠱᠠᠭᠠᠶᠢᠵᠤ᠂ ᠴᠡᠴᠡᠭᠡᠰ ᠤᠨ ᠲᠠᠯᠠᠢ ᠪᠠᠷ ᠠᠶᠠᠯᠠᠵᠤ ᠪᠠᠶᠢᠬᠤ ᠭᠡᠵᠦ | ᠪᠤᠳᠤᠬᠤ ᠰᠠᠶᠢᠬᠠᠨ᠂ ᠴᠡᠩᠬᠡᠷ ᠲᠡᠭᠷᠢ ᠶᠢ ᠰᠢᠷᠳᠡᠭᠡᠳ ᠮᠥᠷᠥᠭᠡᠳᠦᠯ ᠰᠤᠪᠤᠷᠠᠭᠤᠯᠬᠤ ᠰᠠᠶᠢᠬᠠᠨ ᠁ | ᠬᠦᠰᠡᠯ ᠮᠥᠷᠥᠭᠡᠳᠦᠯ ᠭᠡᠳᠡᠭ ᠬᠥᠮᠥᠨ ᠤ ᠰᠠᠶᠢᠬᠠᠨ ᠰᠡᠳᠬᠢᠯᠭᠡ᠃ ᠮᠥᠷᠥᠭᠡᠳᠦᠯ ᠤᠨ ᠴᠡᠩᠬᠡᠷ ᠰᠢᠪᠠᠭᠤᠬᠠᠢ | ᠭᠡᠭᠡᠪᠴᠢᠨ ᠳᠤ ᠮᠢᠨᠢ ᠵᠢᠷᠭᠢᠵᠦ᠂ ᠮᠥᠳᠳᠥᠬᠡᠨ ᠣᠷᠣᠬᠤ ᠴᠡᠩᠬᠡᠷ ᠪᠣᠷᠣᠭᠠᠨ ᠤ ᠠᠨᠢᠷ ᠢ ᠰᠣᠨᠣᠷᠳᠠᠭᠤᠯᠤᠨᠠ᠃ ᠠᠪᠤ | ᠡᠵᠢ ᠮᠢᠨᠢ ᠠᠮᠤᠷ ᠰᠠᠶᠢᠬᠠᠨ ᠪᠠᠶᠢᠨ᠎ᠠ ᠤᠤ᠂ ᠠᠭᠠᠯᠢᠭ ᠠᠯᠢᠮ᠎ᠠ ᠲᠣᠮᠣᠷᠠᠴᠢᠬᠠᠭᠰᠠᠨ ᠪᠠᠶᠢᠬ᠎ᠠ᠂ ᠵᠡᠭᠦᠨ ᠬᠠᠰᠢᠶᠠᠨ ᠤ | ᠭᠦᠢᠯᠡᠰᠦ ᠣᠪ ᠤᠯᠠᠭᠠᠨ ᠪᠣᠯᠴᠢᠬᠠᠭᠰᠠᠨ ᠪᠠᠶᠢᠬ᠎ᠠ᠂ ᠵᠡᠷᠭᠡᠯᠡᠳᠡᠭᠡ ᠠᠶᠢᠯ ᠤᠨ ᠡᠭᠡᠴᠢ ᠬᠠᠳᠬᠤᠮᠠᠯ ᠢᠶᠠᠨ ᠬᠠᠳᠬᠤᠵᠤ | ᠯᠠ ᠪᠠᠶᠢᠨ᠎ᠠ ᠤᠤ︖ | ᠤᠷᠠᠨ ᠵᠣᠬᠢᠶᠠᠯ ᠤᠨ ᠴᠡᠩᠬᠡᠷ ᠣᠭᠲᠠᠷᠭᠤᠢ ᠪᠠᠷ ᠴᠢᠯᠦᠭᠡᠲᠡᠢ ᠵᠢᠷᠭᠢᠬᠦ ᠰᠢᠪᠠᠭᠤᠳ ᠰᠢᠭ᠋ ᠤᠷᠮ᠎ᠠ ᠬᠠᠶᠢᠷᠠᠯᠠᠵᠤ᠂ | ᠤᠴᠢᠷᠯᠠᠵᠤ ᠰᠢᠭᠦᠮᠵᠢᠯᠡᠬᠦ ᠨᠠᠶᠢᠵᠢ ᠨᠠᠷ ᠮᠢᠨᠢ ᠶᠠᠮᠠᠷ ᠰᠠᠶᠢᠬᠠᠨ ᠪᠦᠲᠦᠭᠡᠯ ᠤᠳ ᠢᠶᠠᠨ ᠲᠤᠭᠤᠷᠪᠢᠵᠤ ᠮᠤᠩᠭᠠᠨᠢᠵᠤ | ᠪᠠᠶᠢᠭ᠎ᠠ ᠪᠣᠯ︖ ᠢᠷᠡᠬᠦ ᠰᠠᠷ᠎ᠠ ᠶᠢᠨ ᠰᠡᠳᠬᠦᠯ ᠤᠳ ᠲᠤ ᠶᠠᠮᠠᠷ ᠰᠠᠶᠢᠬᠠᠨ ᠪᠦᠲᠦᠭᠡᠯ ᠤᠳ ᠪᠠᠶᠢᠭ᠎ᠠ ᠪᠣᠯ︖ | ᠠᠯᠤᠰ ᠤᠨ ᠠᠯᠤᠰ ᠲᠤ ᠰᠦᠮᠡᠯᠵᠡᠬᠦ ᠠᠪᠤ ᠠᠭᠤᠯᠠ ᠶᠢᠨ ᠢᠶᠠᠨ ᠪᠡᠯ ᠢᠶᠠᠷ ᠠᠶᠠᠨ ᠤ ᠲᠦᠷᠦᠭᠡ ᠴᠢᠩᠭᠠᠯᠠᠬᠤ ᠶᠤᠮ | ᠤᠤ᠂ ᠷᠠᠰᠢᠶᠠᠨ ᠪᠤᠯᠠᠭ ᠤᠨ ᠤᠮᠳᠠ ᠪᠠᠷ ᠠᠩᠭᠠᠭᠰᠠᠨ ᠢᠶᠠᠨ ᠨᠢᠭᠡ ᠲᠠᠶᠢᠯᠬᠤ ᠶᠤᠮ ᠤᠤ᠃ | ᠠᠭᠠᠭᠢᠮ᠎ᠠ ᠬᠠᠯᠠᠭᠤᠨ ᠳᠤ ᠡᠭᠦᠯᠡ ᠪᠦᠷᠬᠦᠶᠢᠨ ᠪᠣᠷᠤᠭ᠎ᠠ ᠣᠷᠣᠬᠤ ᠲᠠᠭᠠᠲᠠᠢ᠃ | ᠵᠦᠰᠡ ᠪᠣᠷᠣᠭᠠᠨ ᠤ ᠲᠤᠰᠤᠯ ᠮᠡᠯᠲᠡᠭᠡᠨᠡᠬᠦ ᠨᠢ | ᠵᠢᠭᠠᠯ ᠬᠡᠦᠬᠡᠳ ᠤᠨ ᠨᠢᠳᠦ ᠰᠢᠭ ᠲᠤᠩᠭᠠᠯᠠᠭ | ᠵᠢᠮᠤᠷ ᠵᠢᠮᠤᠷ ᠣᠷᠣᠬᠤ ᠨᠢ ᠵᠢᠷᠤᠭ ᠤᠨ ᠴᠠᠭᠠᠰᠤᠨ ᠳᠤ | ᠪᠤᠳᠤᠭ ᠤᠷᠤᠭᠤᠯᠬᠤ ᠮᠡᠲᠦ ᠰᠢᠨᠡᠬᠡᠨ ᠁ | ᠬᠦᠰᠡᠯ ᠮᠥᠷᠥᠭᠡᠳᠦᠯ ᠢᠶᠠᠨ ᠰᠤᠪᠤᠷᠠᠭᠤᠯᠵᠤ᠂ ᠬᠥᠭᠵᠢᠮ ᠮᠡᠲᠦ ᠪᠣᠷᠤᠭ᠎ᠠ ᠶᠢ ᠴᠢᠩᠨᠠᠬᠤ ᠨᠡᠩ ᠰᠠᠶᠢᠬᠠᠨ︕ | ︽ᠬᠠᠯᠠᠭᠤᠨ︾ᠭᠡᠵᠦ ᠦᠨᠡᠨᠳᠡᠭᠡᠨ︽ᠵᠤᠨ︾ ᠤ ᠣᠨᠳᠣᠣ ᠨᠡᠷᠡᠶᠢᠳᠦᠯ᠃ ᠬᠠᠯᠠᠵᠤ᠂ ᠬᠠᠯᠠᠭᠤᠨ ᠨᠠᠷᠠᠨ ᠳᠤ | ᠰᠢᠷᠠᠭᠤᠯᠵᠤ ᠪᠠᠶᠢᠮᠠᠨ ᠬᠠᠮᠤᠭ ᠪᠣᠳᠠᠰ ᠰᠠᠶ᠋ᠢ ᠪᠣᠯᠪᠠᠰᠤᠷᠠᠨ ᠦᠷ᠎ᠡ ᠵᠢᠮᠢᠰ ᠢᠶᠠᠨ ᠮᠤᠨᠴᠤᠬᠨᠠᠭᠤᠯᠤᠨᠠ᠃ ᠪᠠᠶᠢᠭᠠᠯᠢ ᠳᠤ | ᠬᠠᠪᠤᠷ ᠨᠠᠮᠤᠷ ᠵᠤᠨ ᠡᠪᠦᠯ ᠤᠨ ᠡᠭᠡᠯᠵᠢᠯᠡᠯ ᠪᠠᠶᠢᠳᠠᠭ᠂ ᠠᠮᠢᠳᠤᠷᠠᠯ ᠳᠤ ᠬᠠᠯᠠᠭᠤᠨ ᠬᠦᠢᠲᠡᠨ ᠪᠠᠶᠠᠷ ᠭᠤᠨᠢᠭ ᠤᠨ | ᠰᠣᠯᠪᠢᠴᠠᠯ ᠪᠠᠶᠢᠳᠠᠭ᠃ ᠬᠠᠯᠠᠭᠤᠨ ᠵᠤᠨ ᠪᠠᠶᠢᠬᠤ ᠦᠭᠡᠢ ᠪᠣᠯ ᠰᠡᠷᠢᠭᠦᠨ ᠨᠠᠮᠤᠷ ᠤᠨ ᠵᠢᠮᠢᠰ ᠬᠠᠮᠢᠭ᠎ᠠ ᠠᠴᠠ ᠢᠷᠡᠬᠦ | ᠪᠤᠢ᠃ ᠶᠢᠰᠦ ᠶᠢᠨ ᠬᠦᠢᠲᠡᠨ ᠳᠤ ᠬᠠᠭ᠎ᠠ ᠭᠦᠯᠳᠡᠭᠡ ᠦᠭᠡᠢ᠂ ᠬᠠᠪᠤᠷ ᠤᠨ ᠰᠠᠯᠬᠢᠨ ᠳᠤ ᠦᠨᠳᠦᠰᠦ ᠪᠠᠷ ᠢᠶᠠᠨ | ᠪᠤᠯᠭᠤᠷᠠᠭᠠ ᠦᠭᠡᠢ ᠪᠣᠯᠬᠤᠷ ᠵᠤᠨ ᠤ ᠠᠭᠠᠭᠢᠮ᠎ᠠ ᠨᠠᠷᠠᠨ ᠤ ᠢᠯᠴᠢ ᠶᠢ ᠬᠠᠨᠤᠲᠠᠯ᠎ᠠ ᠬᠦᠷᠲᠡᠵᠦ᠂ ᠲᠠᠩᠰᠤᠬ | ᠨᠠᠮᠤᠷ ᠤᠨ ᠠᠮᠵᠢᠯᠲᠠ ᠳᠤ ᠬᠦᠷᠴᠦ ᠲᠡᠶᠢᠯᠭᠦ ᠤᠴᠢᠷᠲᠠᠢ᠃ ᠪᠠᠶᠢᠭᠠᠯᠢ ᠶᠢᠨ ᠡᠭᠡᠯᠵᠢᠯᠡᠯ᠂ ᠠᠮᠢᠳᠤᠷᠠᠯ ᠤᠨ ᠣᠷᠴᠢᠯ ᠴᠦ | ᠢᠵᠢᠯ ᠤᠳᠬ᠎ᠠ ᠶᠢᠨ ᠤᠯᠠᠷᠢᠯ ᠪᠤᠶᠤ᠃ | ᠢᠩᠭᠢᠭᠡᠳ ᠪᠤᠳᠤᠬᠤ ᠳᠤ ᠠᠮᠢᠳᠤᠷᠠᠯ ᠤᠨ ᠢᠶᠠᠨ ᠠᠭᠠᠭᠢᠮ᠎ᠠ ᠵᠤᠨ ᠢ ᠪᠢ ᠪᠠᠭ᠋ᠠᠷᠬᠠᠨᠠᠮ︕ | | |