6300 ᠵᠢᠯ ᠤᠨ ᠡᠮᠦᠨᠡᠬᠢ ᠯᠣᠣ ᠬᠡᠯᠪᠡᠷᠢᠲᠡᠢ ᠬᠢᠰᠤᠭᠠᠨ ᠵᠠᠰᠠᠯ ᠤᠨ ᠤᠭ ᠳᠦᠷᠰᠦ ᠶᠢ ᠰᠡᠷᠭᠦᠭᠡᠪᠡ
ᠨᠡᠶᠢᠲᠡᠯᠡᠭᠰᠡᠨ ᠴᠠᠭ᠄
2024/4/17
     ᠥᠪᠡᠷᠲᠡᠭᠡᠨ ᠵᠠᠰᠠᠬᠤ ᠣᠷᠣᠨ ᠤ ᠰᠣᠶᠣᠯ ᠪᠠ ᠵᠢᠭᠤᠯᠴᠢᠯᠠᠯ ᠤᠨ ᠲᠢᠩᠬᠢᠮ ᠠᠴᠠ ᠣᠶᠢᠯᠠᠭᠠᠭᠰᠠᠨ ᠢᠶᠠᠷ᠂ ᠣᠷᠴᠢᠮᠬᠠᠨ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠠᠭᠤᠴᠢ ᠰᠤᠳᠤᠯᠤᠯ  ᠤᠨ ᠭᠠᠵᠠᠷ ᠤᠨ ᠬᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ ᠠᠷᠭ᠎ᠠ ᠪᠠᠷᠢᠯ ᠢᠶᠠᠷ ᠬᠤᠩᠱᠠᠨ ᠰᠣᠶᠣᠯ ᠤᠨ ᠡᠷᠲᠡ ᠦᠶ᠎ᠡ ᠶᠢᠨ ᠯᠤᠤ ᠬᠡᠯᠪᠡᠷᠢᠲᠡᠢ ᠬᠢᠰᠤᠭᠠᠨ ᠵᠠᠰᠠᠯ ᠤᠨ ᠤᠭ ᠳᠦᠷᠰᠦ ᠶᠢ ᠠᠮᠵᠢᠯᠲᠠ ᠲᠠᠢ ᠰᠡᠷᠭᠦᠭᠡᠪᠡ᠃ ᠡᠨᠡ ᠬᠦ ᠯᠤᠤ ᠬᠡᠯᠪᠡᠷᠢᠲᠡᠢ ᠬᠢᠰᠤᠭᠠᠨ ᠵᠠᠰᠠᠯ ᠢ 2023 ᠣᠨ ᠳᠤ ᠤᠯᠠᠭᠠᠨᠬᠠᠳᠠ ᠬᠤᠲᠠ ᠶᠢᠨ ᠰᠦᠩᠱᠠᠨ ᠲᠣᠭᠤᠷᠢᠭ  ᠤᠨ ᠼᠠᠢ ᠲᠤᠤ ᠫᠥᠸᠧ ᠶᠢᠨ ᠪᠠᠭᠤᠷᠢ ᠠᠴᠠ ᠢᠯᠡᠷᠡᠭᠦᠯᠵᠡᠢ᠃      ᠣᠶᠢᠯᠠᠭᠠᠭᠰᠠᠨ ᠢᠶᠠᠷ᠂ ᠡᠨᠡ ᠬᠦ ᠯᠣᠣ ᠬᠡᠯᠪᠡᠷᠢᠲᠡᠢ ᠬᠢᠰᠤᠭᠠᠨ ᠵᠠᠰᠠᠯ ᠪᠠᠷᠠᠭᠤᠨ ᠯᠢᠶᠣᠤ ᠾᠧ ᠭᠤᠣᠯ ᠤᠨ ᠰᠠᠪᠠ ᠭᠠᠵᠠᠷ ᠤᠨ ᠬᠤᠩᠱᠠᠨ ᠰᠣᠶᠣᠯ ᠳᠤ ᠬᠠᠷᠢᠶᠠᠯᠠᠭᠳᠠᠵᠤ᠂ ᠬᠤᠩᠱᠠᠨ ᠰᠣᠶᠣᠯ ᠤᠨ ᠯᠣᠣ ᠶᠢᠨ ᠳᠦᠷᠢ ᠶᠢ ᠪᠠᠶᠠᠯᠢᠭᠵᠢᠭᠤᠯᠪᠠ ᠭᠡᠵᠦ ᠲᠤᠰᠬᠠᠢ ᠮᠡᠷᠭᠡᠵᠢᠯᠲᠡᠨ ᠠᠴᠠ ᠦᠵᠡᠵᠦ ᠪᠠᠶᠢᠨ᠎ᠠ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠭᠤᠴᠢ ᠰᠤᠳᠤᠯᠤᠯ ᠤᠨ ᠬᠦᠷᠢᠶᠡᠯᠡᠩ ᠤᠨ ᠬᠠᠷᠢᠭᠤᠴᠠᠯᠭᠠᠲᠠᠨ ᠬᠤ᠋ ᠴᠦᠨ ᠪᠠᠢ᠄︽ᠡᠨᠡ ᠬᠦ ᠯᠤᠤ ᠬᠡᠯᠪᠡᠷᠢᠲᠡᠢ ᠬᠢᠰᠤᠭᠠᠨ ᠵᠠᠰᠠᠯ ᠤᠨ ᠪᠤᠯᠠᠬᠳᠠᠵᠦ ᠪᠠᠶᠢᠭᠰᠠᠨ ᠭᠠᠵᠠᠷ ᠨᠢ ᠨᠢᠭᠡᠨ ᠲᠣᠭᠤᠷᠢᠭ ᠬᠡᠯᠪᠡᠷᠢᠲᠡᠢ ᠨᠦᠭᠡᠨ ᠵᠤᠤᠬ᠎ᠠ ᠪᠠᠶᠢᠭᠰᠠᠨ᠂ ᠠᠳᠡ ᠠᠴᠠ ᠮᠠᠯᠲᠠᠵᠤ ᠭᠠᠷᠭᠠᠭᠰᠠᠨ ᠨᠡᠭᠦᠷᠡᠰᠦᠲᠥ᠋ᠷᠥᠭᠴᠢ ᠶᠢᠨ ᠥᠯᠢᠭᠡᠷ ᠢ ᠰᠢᠯᠭᠠᠨ ᠰᠢᠨᠵᠢᠯᠡᠭᠡᠳ ᠣᠲᠣ ᠠᠴᠠ 6300 ᠵᠢᠯ ᠤᠨ ᠡᠮᠦᠨᠡᠬᠢ ᠪᠠᠷᠢᠯᠭ᠎ᠠ ᠪᠣᠯᠣᠨ᠎ᠠ ᠭᠡᠵᠦ ᠨᠤᠲᠠᠯᠠᠵᠠᠢ᠂ ᠡᠭᠦᠪᠡᠷ ᠯᠠᠪᠯᠠᠯᠲᠠ ᠪᠣᠯᠭᠠᠨ ᠪᠢᠳᠡ ᠲᠤᠰ ᠯᠤᠤ ᠬᠡᠯᠪᠡᠷᠢᠲᠡᠢ ᠬᠢᠰᠤᠭ᠎ᠠ ᠴᠢᠮᠡᠭᠯᠡᠯ ᠪᠣᠯ ᠣᠲᠣ ᠠᠴᠠ 6300 ᠵᠢᠯ ᠤᠨ ᠡᠮᠦᠨᠡᠬᠢ ᠡᠳ᠋ ᠮᠥᠨ ᠭᠡᠵᠦ ᠲᠠᠭᠠᠮᠠᠭᠯᠠᠵᠤ ᠪᠠᠶᠢᠨ᠎ᠠ︾ ᠭᠡᠵᠦ ᠲᠠᠶᠢᠯᠪᠤᠷᠢᠯᠠᠯ᠎ᠠ᠃      ᠲᠠᠨᠢᠯᠴᠠᠭᠤᠯᠤᠭᠰᠠᠨ ᠢᠶᠠᠷ᠂ ᠯᠤᠤ ᠬᠡᠯᠪᠡᠷᠢᠲᠡᠢ ᠬᠢᠰᠤᠭᠠᠨ ᠵᠠᠰᠠᠯ ᠤᠵᠤᠭᠤᠷ ᠡᠷᠲᠡᠨ ᠠᠴᠠ ᠤᠳᠤ ᠭᠦᠷᠳᠡᠯ᠎ᠠ ᠤᠯᠠᠮᠵᠢᠯᠠᠭᠳᠠᠵᠤ ᠪᠠᠶᠢᠭ᠎ᠠ ᠭᠠᠯ ᠳᠠᠭᠢᠯᠭ᠎ᠠ ᠶᠢᠨ ᠵᠠᠩ ᠦᠢᠯᠡ ᠲᠠᠢ ᠬᠤᠯᠪᠣᠭᠳᠠᠨ᠎ᠠ᠃ ᠤᠤᠯ ᠨᠢ ᠬᠠᠰ ᠯᠤᠤ ᠪᠦᠷ ᠬᠤᠩᠱᠠᠨ ᠰᠣᠶᠣᠯ ᠤᠨ ᠨᠡᠯᠢᠶᠡᠳ ᠳᠡᠭᠡᠳᠦ ᠲᠠᠰ ᠤᠨ ᠲᠤᠨᠤᠮᠠᠯ ᠴᠢᠯᠠᠭᠤᠨ ᠤ ᠪᠠᠭᠤᠷᠢ ᠠᠴᠠ ᠢᠯᠡᠷᠡᠵᠦ ᠪᠠᠶᠢᠭᠰᠠᠨ ᠶᠤᠮ᠂ ᠬᠠᠷᠢᠨ ᠲᠤᠰ ᠯᠤᠤ ᠬᠡᠯᠪᠡᠷᠢᠲᠡᠢ ᠬᠢᠰᠤᠭᠠᠨ ᠵᠠᠰᠠᠯ ᠼᠠᠢ ᠲᠤᠤ ᠫᠥᠸᠧ ᠶᠢᠨ ᠪᠠᠭᠤᠷᠢ ᠰᠢᠭ᠋ ᠡᠶᠢᠮᠦ ᠳᠤᠮᠳᠠ ᠪᠠᠭ᠎ᠠ ᠬᠡᠪᠴᠢᠶᠡᠨ ᠤ ᠪᠠᠭᠤᠷᠢ ᠠᠴᠠ ᠭᠠᠷᠤᠭᠰᠠᠨ ᠨᠢ ᠯᠤᠤ ᠪᠣᠯ ᠬᠤᠩᠱᠠᠨ ᠰᠣᠶᠣᠯ ᠤᠨ ᠡᠭᠡᠯ ᠠᠷᠠᠳ ᠤᠨ ᠰᠦᠰᠦᠭ ᠪᠢᠰᠢᠷᠡᠯ ᠮᠥᠨ ᠭᠡᠰᠡᠨ ᠢ ᠬᠠᠷᠠᠭᠤᠯᠵᠤ ᠪᠤᠢ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16004354号