ᠰᠢᠭᠦᠳᠡᠷᠢ ᠪᠠᠨ ᠡᠷᠭᠦᠵᠦ ᠨᠠᠷᠠᠨ ᠵᠦᠭ ᠤᠷᠭᠤᠬᠤ ᠲᠠᠯ᠎ᠠ ᠶᠢᠨ ᠢᠶᠠᠨ ᠨᠣᠭᠤᠭᠠᠨ ᠡᠪᠡᠰᠦᠨ ᠳᠤ ᠪᠢ | ᠬᠠᠶᠢᠷᠠᠲᠠᠢ᠃ ᠰᠠᠯᠬᠢᠨ ᠢᠶᠠᠷ ᠦᠨᠦᠰᠦᠭᠦᠯᠵᠦ ᠴᠡᠩᠬᠡᠷ ᠤᠰᠤᠨ ᠰᠢᠭ᠋ ᠬᠠᠯᠭᠢᠯᠠᠨ ᠱᠤᠤᠭᠢᠭᠠᠳ ᠳᠣᠲᠣᠷ᠎ᠠ ᠨᠢ | ᠲᠠᠶᠢᠳᠬᠤᠷᠠᠬᠤ ᠳᠤᠨᠢ ᠪᠢ ᠳᠤᠷᠠᠲᠠᠢ᠃ | ᠳᠡᠯᠡᠬᠡᠢ ᠪᠦᠷᠬᠦᠵᠦ ᠴᠡᠯ ᠬᠥᠬᠡᠷᠡᠭᠰᠡᠨ ᠴᠦ ᠡᠭᠡᠯ ᠪᠣᠷᠣᠭᠵᠢᠭᠤᠨ᠂ ᠡᠩ ᠶᠡᠷᠦᠮᠳᠡᠭ ᠵᠠᠩ ᠴᠢᠨᠠᠷ ᠨᠢ | ᠬᠥᠭᠡᠷᠦᠬᠦᠢ ᠮᠠᠯᠴᠢᠨ ᠠᠪᠤ ᠶᠢᠨ ᠨᠠᠮ ᠳᠠᠷᠤᠤ ᠠᠷᠠᠨᠰᠢᠨ ᠲᠠᠢ ᠶᠠᠭᠠᠬᠢᠭᠰᠠᠨ ᠲᠥᠰᠥᠭᠡᠲᠡᠢ ᠠᠵᠢ︖ ᠬᠠᠳᠤᠵᠤ | ᠭᠢᠷᠠᠭᠠᠬᠰᠠᠨ ᠴᠦ ᠲᠠᠭᠢᠵᠦ ᠤᠷᠭᠤᠨ᠎ᠠ᠃ ᠦᠨᠳᠦᠰᠦ ᠨᠢ ᠬᠥᠷᠥᠰᠥᠨ ᠳᠤ ᠭᠦᠨ ᠬᠠᠳᠬᠤᠭᠰᠠᠨ ᠤ ᠬᠢ ᠶᠤᠮ ᠤᠤ︖ | ᠡᠰᠡᠬᠦᠯ᠎ᠡ ᠲᠠᠪᠤᠨ ᠬᠤᠰᠢᠭᠤ ᠮᠠᠯ ᠤᠨ ᠢᠶᠠᠨ ᠲᠥᠯᠥᠭᠡ ᠲᠡᠭᠡᠵᠦ ᠯᠡ ᠢᠳᠡᠷᠡᠭᠦᠨ ᠤᠷᠭᠤᠭ᠎ᠠ ᠴᠦ ᠶᠤᠮ ᠤᠤ︖ | ᠡᠬᠡ ᠶᠢᠨ ᠮᠢᠨᠢ ᠥᠭᠭᠢᠶᠡᠮᠦᠷ ᠴᠠᠭᠠᠨ ᠬᠠᠶᠢᠷ᠎ᠠ ᠡᠪᠡᠰᠦᠨ ᠳᠤ ᠪᠤᠢ᠃ ᠡᠷᠡᠮᠡᠬᠡᠢ ᠳᠠᠶᠢᠴᠢᠳ ᠤᠨ ᠪᠠᠭᠠᠲᠤᠷᠯᠢᠭ | ᠵᠣᠷᠢᠭ ᠰᠠᠨᠠᠭ᠎ᠠ ᠡᠪᠡᠰᠦᠨ ᠳᠤ ᠪᠤᠢ᠃ ᠡᠷᠬᠡ ᠴᠢᠯᠦᠭᠡ᠂ ᠡᠩᠬᠡ ᠲᠠᠶᠢᠪᠤᠩ᠂ᠡᠪ ᠬᠠᠮᠲᠤ ᠨᠡᠶᠢᠭᠡᠮ ᠤᠨ ᠲᠠᠪᠰᠢᠬᠰᠠᠨ | ᠪᠣᠯᠪᠠᠰᠤᠨ ᠤᠬᠠᠮᠰᠠᠷ ᠴᠦ ᠡᠪᠡᠰᠦᠨ ᠳᠤ ᠪᠤᠢ᠃ | ᠬᠠᠪᠤᠷ ᠲᠠᠭᠠᠨ ᠤᠷᠭᠤᠵᠦ ᠨᠠᠮᠤᠷ ᠦᠷᠡᠯᠡᠬᠦ ᠨᠢ ᠲᠡᠭᠦᠨ ᠤ ᠣᠷᠣᠰᠢᠬᠤᠢ ᠶᠢᠨ ᠤᠬᠠᠭᠠᠨ᠃ ᠬᠡᠵᠢᠶᠡᠳᠡ | ᠤᠶᠢᠳᠬᠠᠷᠯᠠᠬᠤ ᠶᠢ ᠮᠡᠳᠡᠬᠦ ᠦᠭᠡᠢ ᠪᠠᠶᠠᠰᠤᠩᠭᠤᠢ ᠣᠪᠣᠷ ᠢ ᠨᠢ ᠰᠠᠨᠠᠬᠤ ᠠᠴᠠ ︽ᠪᠤᠷᠬᠠᠨ ᠤ ᠪᠦᠷᠢᠯᠸ᠎ᠠ ᠴᠦ ᠶᠤᠮ | ᠤᠤ︖︾ ᠭᠡᠵᠦ ᠪᠢ ᠳᠣᠲᠣᠷ᠎ᠠ ᠪᠠᠨ ᠦᠷᠭᠦᠯᠵᠢ ᠪᠤᠳᠤᠨ᠎ᠠ᠃ ᠡᠪᠡᠰᠦᠨ ᠳᠤ ᠮᠡᠳᠡᠷᠡᠮᠵᠢ ᠪᠤᠢ᠃ ᠥᠪᠡᠷ ᠤᠨ ᠭᠡᠳᠡᠭ | ᠬᠦᠰᠡᠯ ᠪᠤᠢ᠃ ᠦᠨᠡᠨ ᠢ ᠰᠢᠲᠦᠳᠡᠭ ᠰᠡᠳᠬᠢᠯᠭᠡ ᠪᠤᠢ᠃ | ᠦᠷ ᠢᠶᠠᠷ ᠪᠣᠰᠴᠤ ᠡᠪᠡᠰᠦ ᠶᠢ ᠬᠠᠷᠠᠭᠠᠴᠢ᠂ ᠬᠥᠮᠥᠰ ᠠ᠋︕ ᠬᠠᠷᠢᠯᠴᠠᠨ ᠨᠠᠯᠠᠵᠤ ᠬᠠᠮᠲᠤ ᠪᠠᠷ ᠶᠠᠷᠢᠯᠴᠠᠵᠤ | ᠪᠠᠶᠢᠭ᠎ᠠ ᠶᠢ ᠨᠢ ᠴᠢᠩᠨᠠᠭᠠᠴᠢ︕ ᠡᠪᠡᠰᠦᠨ ᠤ ᠦᠭᠡ ᠭᠡᠯᠡ ᠭᠡᠵᠦ ᠶᠣᠰᠣᠲᠠᠢ ᠤᠳᠬ᠎ᠠ ᠭᠦᠨᠵᠡᠭᠡᠢ ᠁ ᠬᠥᠮᠥᠨ | ᠨᠢ ᠬᠥᠮᠥᠨ ᠢᠶᠠᠨ ᠡᠷᠭᠦᠬᠦ᠂ ᠠᠭᠤᠯᠠ ᠨᠢ ᠮᠣᠳᠣ ᠪᠠᠨ ᠡᠷᠭᠦᠬᠦ ᠬᠥᠮᠥᠨ ᠵᠤᠨ ᠤ ᠤᠬᠠᠭᠠᠨ ᠪᠤᠳᠤᠯ ᠡᠪᠡᠰᠦᠨ ᠳᠤ | ᠪᠠᠶᠢᠭ᠎ᠠ ᠶᠢ ᠲᠠ ᠥᠪᠡᠷ ᠤᠨ ᠡᠷᠬᠡ ᠦᠭᠡᠢ ᠪᠢᠰᠢᠷᠡᠨ ᠪᠠᠭ᠋ᠠᠷᠬᠠᠬᠤ ᠨᠢ ᠭᠠᠷᠴᠠᠭ᠎ᠠ ᠦᠭᠡᠢ᠃ | ᠤᠳᠤ ᠲᠦᠭᠡᠵᠦ᠂ ᠰᠠᠷ᠎ᠠ ᠲᠡᠷᠭᠡᠯᠰᠢᠭᠰᠡᠨ ᠰᠥᠨᠢ᠃ ᠡᠪᠡᠰᠦᠨ ᠤ ᠤᠩᠭᠤᠨ ᠰᠦᠨᠡᠰᠦ ᠠᠴᠠ ᠭᠡᠷᠡᠯ | ᠰᠠᠴᠤᠷᠠᠨ᠎ᠠ᠃ ᠲᠡᠭᠦᠨ ᠢ ᠣᠶᠢᠯᠠᠭᠠᠬᠤ ᠦᠭᠡᠢ ᠬᠥᠮᠥᠰ ︽ᠰᠢᠭᠦᠳᠡᠷᠢ ᠶᠢᠨ ᠭᠠᠯ︾ ᠭᠡᠳᠡᠭ᠃ ᠪᠢᠰᠢ︕ ᠲᠡᠷᠡ ᠴᠢᠨᠢ | ᠡᠪᠡᠰᠦᠨ ᠤ ᠮᠥᠩᠬᠡ ᠶᠢᠨ ᠠᠮᠢ ᠪᠦᠯᠦᠭᠡ᠃ | ᠡᠪᠡᠰᠦᠨ ᠤ ᠬᠠᠯᠭᠢᠶ᠎ᠠ ᠳᠤ ᠠᠭᠠᠷ ᠴᠡᠯᠮᠡᠭᠰᠢᠨ᠎ᠡ᠂ ᠬᠤᠭ ᠲᠣᠭᠤᠰᠣ ᠳᠠᠷᠤᠭᠳᠠᠨ᠎ᠠ᠂ ᠭᠠᠵᠠᠷ ᠰᠢᠷᠣᠢ ᠭᠤᠸ᠎ᠠ | ᠦᠵᠡᠰᠭᠦᠯᠡᠩ ᠢᠶᠠᠨ ᠭᠠᠶᠢᠬᠠᠭᠤᠯᠤᠨ᠎ᠠ᠃ ᠭᠤᠯᠢᠶ᠎ᠠ ᠠᠵᠠ ᠵᠢᠷᠭᠠᠯ ᠤᠨ ᠡᠭᠡᠰᠢᠭ ᠲᠠᠢ ᠵᠢᠷᠭᠢᠨ᠎ᠡ᠃ ᠥᠨᠳᠡᠭᠡ ᠪᠠᠨ | ᠨᠡᠪᠴᠢᠭᠦᠯᠦᠭᠰᠡᠨ ᠲᠣᠭᠤᠷᠤᠤ ᠤᠶᠠᠩᠭ᠎ᠠ ᠳᠠᠭᠤᠤ ᠲᠠᠢ ᠳᠣᠩᠭᠤᠳᠤᠨ᠎ᠠ᠃ | ᠬᠥᠷᠥᠰᠥ ᠪᠠᠨ ᠴᠢᠮᠡᠵᠦ᠂ ᠬᠥᠬᠡᠷᠡᠵᠦ ᠤᠷᠭᠤᠬᠤ ᠡᠪᠡᠰᠦ ᠰᠠᠶᠢᠬᠠᠨ᠃ ᠬᠠᠮᠢᠭ᠎ᠠ ᠭᠦᠷᠦᠭᠰᠡᠨ ᠴᠦ ᠪᠢ | ᠴᠢᠮ᠎ᠠ ᠪᠠᠨ ᠮᠠᠷᠲᠠᠵᠤ ᠴᠢᠳᠠᠬᠤ ᠦᠭᠡᠢ᠃ ᠬᠠᠮᠢᠭ᠎ᠠ ᠭᠦᠷᠦᠭᠰᠡᠨ ᠴᠦ ᠴᠢ ᠨᠠᠮ᠎ᠠ ᠠᠴᠠ ᠪᠠᠨ ᠵᠠᠶᠢᠳᠠᠵᠤ ᠦᠵᠡᠭᠡ | ᠦᠭᠡᠢ᠃ ᠰᠦ ᠲᠠᠢ ᠴᠠᠢ ᠪᠠᠨ ᠪᠠᠯᠭᠤᠬᠤ ᠪᠦᠷᠢ ᠴᠢᠮ᠎ᠠ ᠪᠠᠨ ᠰᠠᠨᠠᠵᠤ ᠬᠠᠶᠢᠷᠠᠯᠠᠳᠠᠭ ᠰᠠᠨ᠃ ᠁ | ᠡᠬᠡ ᠣᠷᠣᠨ ᠤ ᠮᠢᠨᠢ ᠠᠯᠳᠠᠨ ᠬᠥᠷᠥᠰᠥᠨ ᠳᠤ ᠮᠥᠩᠬᠡ ᠶᠢᠨ ᠠᠮᠢ ᠲᠠᠢ ᠤᠷᠭᠤᠬᠤ ᠡᠪᠡᠰᠦᠨ ᠠᠴᠠ | ᠨᠠᠷᠠᠨ ᠤ ᠦᠨᠦᠷ ᠠᠩᠬᠢᠯᠵᠤ ᠰᠡᠩᠭᠢᠨᠡᠨ᠎ᠡ᠃ | ᠪᠢ ᠳᠤᠷᠠᠲᠠᠶ᠎ᠠ ᠨᠢᠭᠡᠨ ᠰᠢᠷᠬᠡᠭ ᠡᠪᠡᠰᠦ ᠪᠣᠯᠵᠤ ᠬᠤᠪᠢᠯᠤᠨᠠᠮ⁈ | | | | ᠴᠢᠯᠠᠭᠤ ᠪᠣᠯ ᠴᠢᠨᠠᠷ᠃ ᠴᠢᠳᠠᠪᠠᠯ ᠬᠡᠨ ᠠᠯᠢᠨ ᠢᠶᠠᠨ ᠡᠷᠭᠦ ᠭᠡᠰᠡᠨ ᠦᠭᠡ᠃ ᠴᠠᠭᠢᠯᠵᠦ ᠥᠩᠭᠡᠷᠡᠭᠰᠡᠨ ᠣᠨ | ᠵᠢᠯ ᠤᠨ ᠨᠠᠮᠲᠠᠷ᠃ ᠴᠠᠶᠢᠯᠭᠠᠨ ᠰᠡᠳᠬᠢᠯ ᠲᠠᠢ ᠳᠡᠭᠡᠳᠦᠰ ᠤᠨ ᠮᠢᠨᠢ ᠥᠪ ᠪᠣᠯᠭᠠᠨ ᠦᠯᠡᠳᠡᠭᠡᠭᠰᠡᠨ ᠰᠤᠳᠤᠷ᠃ | ᠤᠵᠠᠭᠤᠷ ᠴᠠᠭ ᠤᠨ ᠵᠡᠪᠰᠡᠭ᠂ ᠥᠨᠥᠳᠥᠷ ᠤᠨ ᠪᠠᠭ᠋ᠠᠷᠬᠠᠯ᠃ | ᠪᠢ ᠬᠠᠰ ᠤᠨ ᠥᠩᠭᠡ ᠲᠠᠢ ᠴᠢᠯᠠᠭᠤ ᠤᠳᠤ ᠰᠢᠭ᠋ ᠲᠦᠭᠡᠭᠰᠡᠨ ᠨᠤᠲᠤᠭ ᠲᠤ ᠲᠦᠷᠦᠵᠦ ᠥᠰᠦᠭᠰᠡᠨ ᠤ ᠬᠢ | ᠴᠦ ᠶᠤᠮ ᠤᠤ︖ ᠲᠡᠭᠦᠨ ᠳᠤ ᠣᠨᠴᠠ ᠶᠢᠨ ᠤᠷᠮ᠎ᠠ ᠰᠡᠳᠬᠢᠯᠭᠡ ᠲᠠᠢ᠃ ᠭᠡᠲᠡᠯ᠎ᠡ ᠠᠩᠬ᠎ᠠ ᠬᠥᠯ ᠳᠤ ᠣᠷᠣᠵᠤ | ᠮᠤᠶᠢᠳᠤᠷ ᠲᠤᠶᠢᠲᠤᠷ ᠠᠯᠬᠤᠬᠤ ᠳᠠᠭᠠᠨ ᠴᠢᠯᠠᠭᠤᠨ ᠳᠤ ᠪᠦᠳᠦᠷᠢᠵᠦ᠂ ᠡᠪᠦᠳᠦᠭ ᠢᠶᠠᠷ ᠢᠶᠠᠨ ᠳᠠᠷᠤᠵᠤ ᠤᠨᠠᠬᠤ ᠳᠠᠭᠠᠨ | ᠤᠬᠢᠯᠠᠵᠤ ᠬᠠᠶᠢᠯᠠᠭᠠᠳ ᠰᠢᠳᠦ ᠪᠠᠨ ᠵᠠᠭᠤᠵᠤ ᠪᠠᠶᠢᠭᠰᠠᠨ ᠦᠯᠢᠭᠡᠷ ᠲᠠᠢ ᠭᠡᠵᠦ ᠡᠵᠢ ᠶᠠᠷᠢᠬᠤ ᠪᠣᠯᠭᠠᠨ ᠬᠥᠬᠦᠷᠡᠨ | ᠢᠨᠢᠶᠡᠵᠦ ᠭᠠᠷᠳᠠᠭ᠃ ᠤᠳᠤ ᠪᠤᠳᠤᠪᠠᠯ ᠥᠪᠡᠷ ᠢᠶᠠᠨ ᠴᠦ ᠪᠢ ᠲᠡᠰᠬᠡᠯ ᠦᠭᠡᠢ ︽ᠫᠦᠰ︾ ᠭᠡᠲᠡᠯ᠎ᠡ ᠢᠨᠢᠶᠡᠳᠡᠭ ᠶᠤᠮ᠃ | ᠦᠨᠡᠨ ᠳᠡᠭᠡᠨ ᠴᠢᠯᠠᠭᠤ ᠪᠣᠯ ᠮᠢᠨᠤ ᠤᠤᠭᠠᠨ ᠪᠠᠭᠰᠢ᠃ ᠨᠠᠳᠠ ᠳᠤ ᠡᠪᠡᠳᠬᠦ ᠶᠢᠨ ᠵᠤᠪᠠᠯᠠᠩ ᠢ ᠮᠡᠳᠡᠭᠦᠯᠦᠭᠰᠡᠨ᠃ | ᠬᠥᠮᠥᠨ ᠴᠢᠨᠠᠷ ᠢ ᠴᠦ ᠣᠶᠢᠯᠠᠭᠠᠭᠤᠯᠤᠭᠰᠠᠨ᠃ ᠪᠠᠲᠤ ᠴᠢᠩᠭ᠎ᠠ ᠵᠣᠭᠰᠣᠯᠲᠠ ᠶᠢ ᠵᠢᠭᠠᠭᠰᠠᠨ ᠤᠬᠠᠭᠠᠷᠠᠯ | ᠰᠡᠬᠡᠭᠡᠷᠡᠯ ᠤᠨ ᠬᠥᠲᠥᠴᠢ ᠪᠠᠶᠢᠭᠰᠠᠨ᠃ ᠲᠡᠭᠦᠨ ᠤ ᠬᠠᠯᠠᠭᠤᠨ ᠬᠦᠢᠲᠡᠨ ᠠᠴᠠ ᠵᠢᠷᠦᠬᠡᠰᠢᠶᠡᠬᠦ ᠦᠭᠡᠢ᠃ | ᠬᠠᠭᠠᠷᠠᠬᠤ ᠠᠴᠠ ᠪᠢᠰᠢ ᠬᠤᠲᠣᠶᠢᠳᠠᠭ ᠦᠭᠡᠢ ᠡᠷᠡᠰᠭᠡᠨ ᠵᠠᠩ ᠨᠢ ᠨᠠᠮᠠᠶᠢ ᠢᠷᠯᠡᠵᠦ ᠠᠮᠢᠳᠤᠷᠠᠯ ᠤᠨ ᠪᠡᠷᠬᠡ ᠶᠢ ᠢᠯᠡᠨ | ᠳᠠᠪᠠᠭ᠋ᠤ ᠵᠣᠷᠢᠭ ᠵᠢᠷᠦᠬᠡ ᠲᠠᠢ ᠪᠣᠯᠭᠠᠵᠠᠢ᠃ | ᠠᠭᠤᠯᠠᠨ ᠳᠤ ᠠᠪᠠᠷᠢᠵᠤ ᠤᠷᠭᠢᠯ ᠳᠤᠨᠢ ᠭᠠᠷᠬᠤ ᠪᠣᠯ ᠮᠢᠨᠤ ᠬᠠᠮᠤᠭ ᠤᠨ ᠳᠤᠷ᠎ᠠ ᠲᠠᠢ ᠬᠥᠳᠡᠯᠭᠡᠭᠡᠨ ᠪᠣᠯᠣᠨ᠎ᠠ᠃ | ᠪᠠᠭ᠎ᠠ ᠳᠠᠭᠠᠨ ᠪᠢ ᠠᠬ᠎ᠠ ᠪᠠᠨ ᠲᠠᠭᠠᠵᠦ᠂ ᠨᠤᠲᠤᠭ ᠤᠨ ᠠᠭᠤᠯᠠ ᠪᠠᠨ ᠠᠪᠠᠷᠢᠳᠠᠭ ᠪᠠᠶᠢᠯ᠎ᠠ᠃ ᠳᠡᠭᠡᠷ᠎ᠡ ᠨᠢ | ᠭᠠᠷᠤᠭᠠᠳ ᠬᠤᠯᠠ ᠶᠢ ᠬᠠᠷᠠᠵᠤ ᠵᠤᠬᠰᠤᠬᠤ ᠳᠠᠭᠠᠨ ︽ᠠᠪᠤ ᠲᠠᠢ ᠶᠠᠭᠠᠬᠢᠭᠰᠠᠨ ᠠᠳᠠᠯᠢ ᠪᠤᠢ︖︾ ᠭᠡᠵᠦ | ᠪᠤᠳᠤᠬᠰᠠᠨ ᠢᠶᠠᠨ ᠫᠤᠤᠳᠠᠭᠠᠳ ᠣᠯᠠᠨ ᠢ ᠢᠨᠢᠶᠡᠯᠭᠡᠵᠦ ᠥᠩᠭᠡᠷᠡᠭᠰᠡᠨ ᠠᠵᠢ᠃ ᠲᠡᠷᠡ ᠦᠶ᠎ᠡ ᠪᠠᠨ ᠡᠷᠭᠢᠴᠡᠭᠦᠯᠬᠦ ᠪᠠᠷ | ᠠᠭᠤᠯᠠ ᠭᠡᠵᠦ ᠳᠡᠭᠡᠷ᠎ᠡ ᠪᠠᠨ ᠵᠣᠭᠰᠣᠭᠠᠵᠤ᠂ ᠬᠤᠯᠠ ᠬᠠᠷᠠᠭᠤᠯᠬᠤ ᠪᠠᠷ ᠢᠶᠠᠨ ᠨᠢᠷᠤᠭᠤᠨ ᠳᠠᠭᠠᠨ ᠡᠭᠦᠷᠴᠦ | ᠥᠰᠬᠡᠭᠡᠳ ᠭᠦᠯᠦᠭ ᠤᠨ ᠳᠥᠷᠥᠭᠡᠨ ᠳᠤ ᠡᠷᠭᠦᠵᠦ ᠭᠠᠷᠭᠠᠭᠰᠠᠨ ᠡᠴᠢᠭᠡ ᠲᠠᠢ ᠦᠨᠡᠬᠡᠷ ᠥᠭᠡᠷ᠎ᠡ ᠶᠠᠭᠤ ᠳ᠋ᠠ︖ | ᠠᠭᠤᠯᠠ ᠮᠢᠨᠢ᠃ | ᠮᠣᠩᠭᠤᠯ ᠨᠤᠲᠤᠭ ᠤᠨ ᠮᠢᠨᠢ ᠵᠢᠷᠭᠠᠬᠤ ᠨᠠᠷᠠ ᠨᠢ ᠴᠦ ᠠᠭᠤᠯᠠᠨ ᠳᠠᠭᠠᠨ ᠰᠥᠬᠦᠷᠡᠳᠡᠭ ᠡᠷᠬᠢᠮ ᠳᠡᠭᠡᠳᠦ᠂ | ᠪᠣᠯᠪᠠᠰᠤᠨ ᠰᠤᠷᠲᠠᠯ ᠲᠠᠢ ᠭᠡᠬᠦ ᠳᠤ ᠬᠦᠷᠡᠩ ᠥᠩᠭᠡ ᠲᠠᠢ ᠮᠠᠨᠠᠨ ᠨᠢ ᠥᠷᠯᠥᠭᠡ ᠪᠦᠷᠢ ᠥᠯᠮᠡᠢ ᠶᠢ ᠨᠢ ᠦᠨᠦᠰᠴᠦ | ᠰᠢᠩᠭᠡᠳᠡᠭ ᠤᠴᠢᠷ ᠲᠠᠢ᠃ ᠰᠡᠪᠡᠯᠵᠡᠬᠦ ᠰᠠᠯᠬᠢᠨ ᠨᠢᠮᠭᠡᠨ ᠲᠣᠭᠤᠰᠣ ᠶᠢ ᠨᠢ ᠭᠦᠪᠢᠬᠦ ᠭᠡᠬᠦ ᠳᠤ ᠰᠢᠪᠡᠷᠡᠬᠦ ᠪᠣᠷᠣᠭᠠᠨ | ᠴᠠᠩᠭᠠᠭ᠎ᠠ ᠶᠢ ᠨᠢ ᠲᠠᠶᠢᠯᠵᠦ ᠪᠤᠴᠠᠬᠤ ᠳᠠᠭᠠᠨ ᠥᠩᠭᠡᠲᠦ ᠰᠣᠯᠣᠩᠭ᠎ᠠ ᠪᠠᠷ ᠲᠡᠭᠷᠢ ᠲᠠᠢ ᠬᠤᠯᠪᠣᠳᠠᠭ ᠲᠤ ᠮᠢᠨᠤ | ᠰᠡᠳᠬᠢᠯ ᠥᠪᠡᠷ ᠤᠨ ᠡᠷᠬᠡ ᠦᠭᠡᠢ ᠬᠥᠭᠰᠡᠵᠦ ᠰᠢᠯᠦᠭ ᠤᠨ ᠣᠩᠭᠤᠳ ᠭᠢᠯᠠᠰᠬᠢᠨ ᠪᠠᠭᠤᠳᠠᠭ ᠪᠠᠶᠢᠯ᠎ᠠ᠃ | ᠭᠡᠷᠡᠯ ᠢᠯᠴᠢ ᠰᠢᠩᠭᠡᠭᠰᠡᠨ᠂ ᠳᠣᠲᠣᠷ ᠲᠠᠮᠢᠷ ᠲᠠᠢ ᠠᠭᠤᠯᠠ ᠴᠢᠯᠠᠭᠤ ᠮᠢᠨᠢ᠃ ᠨᠠᠷᠠᠨ ᠰᠦ ᠶᠢᠨ ᠦᠨᠦᠷ | ᠴᠢᠮ᠎ᠠ ᠠᠴᠠ ᠬᠠᠩᠬᠤᠯᠤᠨ᠎ᠠ᠃ ᠲᠡᠷᠡ ᠠᠭᠠᠷ ᠰᠢᠭ᠋ ᠱᠠᠩᠳᠠᠭᠤᠨ ᠦᠨᠦᠷ ᠲᠤ ᠬᠤᠷᠸ᠎ᠠ ᠲᠠᠩᠰᠤᠭ ᠵᠢᠷᠭᠠᠬᠤ | ᠶᠣᠰᠣᠲᠠᠢ᠃ | ᠪᠢ ᠡᠬᠡ ᠣᠷᠣᠨ ᠳᠠᠭᠠᠨ ᠬᠡᠰᠡᠭ ᠴᠢᠯᠠᠭᠤ ᠪᠣᠯᠵᠤ ᠤᠷᠭᠤᠨᠠᠮ⁈ | | | | ᠭᠡᠷᠡᠯ ᠤᠷᠤᠭᠤ ᠲᠡᠮᠡᠦᠯᠵᠦ ᠤᠷᠤᠰᠬᠤ ᠢᠨᠵᠠᠭᠠᠨ ᠭᠤᠣᠯ ᠤᠨ ᠰᠢᠷᠤᠩᠬᠠᠢ ᠮᠢᠨᠤ ᠵᠢᠷᠦᠬᠡᠨ ᠴᠣᠬᠢᠯᠭ᠎ᠠ ᠲᠠᠢ | ᠠᠶᠢᠵᠠᠮ ᠨᠡᠶᠢᠯᠡᠬᠦ ᠪᠠᠷ ᠨᠠᠶᠢᠷᠠᠭ ᠤᠨ ᠣᠩᠭᠤᠳ ᠪᠣᠯᠵᠤ ᠬᠤᠪᠢᠯᠤᠭᠠᠳ ᠬᠤᠭᠤᠷ ᠤᠨ ᠠᠶᠠᠯᠭᠤᠨ ᠳᠤ ᠬᠥᠭᠯᠡᠭᠳᠡᠳᠡᠭ᠃ | | ᠥᠭᠡᠳᠡ ᠥᠭᠡᠳᠡ ᠠᠴᠠ ᠪᠠᠨ ᠬᠠᠷᠠᠭᠰᠠᠨ ᠪᠣᠰᠤᠭ᠎ᠠ ᠬᠤᠶᠠᠷ ᠡᠷᠭᠢ ᠨᠢ ᠨᠠᠷᠠᠨ ᠰᠠᠷᠠᠨ ᠤ ᠪᠠᠨ | ᠣᠷᠣᠰᠢᠬᠤᠢ ᠶᠢᠨ ᠵᠢᠮ᠎ᠡ ᠪᠠᠷ ᠰᠡᠬᠦᠶᠢᠵᠦ ᠭᠤᠣᠯ ᠤᠨ ᠤᠰᠤᠨ ᠤ ᠪᠠᠨ ᠠᠯᠤᠰ ᠤᠨ ᠬᠦᠰᠡᠯ᠂ ᠠᠷᠢᠭᠤᠨ ᠰᠠᠨᠠᠭ᠎ᠠ᠂ | ᠥᠭᠭᠢᠶᠡᠮᠦᠷ ᠬᠠᠶᠢᠷ᠎ᠠ ᠳᠤ ᠳᠣᠲᠣᠷ᠎ᠠ ᠠᠴᠠ ᠪᠠᠨ ᠭᠡᠭᠡᠷᠡᠨ᠎ᠡ᠃ ᠤᠰᠤᠨ ᠳᠤ ᠮᠡᠳᠡᠷᠡᠮᠵᠢ ᠲᠠᠢ᠂ ᠤᠢ ᠤᠬᠠᠭᠠᠨ ᠲᠠᠢ ᠨᠢ | ᠦᠨᠡᠨ᠃ ᠲᠡᠭᠦᠨ ᠳᠤ ᠪᠠᠰᠠ ᠥᠪᠡᠷ ᠤᠨ ᠭᠡᠬᠦ ᠦᠭᠡ ᠭᠡᠯᠡ ᠲᠠᠢ ᠴᠦ ᠮᠠᠭᠠᠳ᠃ ᠣᠬᠢᠯᠠᠭᠰᠠᠨ ᠵᠢᠭᠠᠰᠤᠨ ᠤ ᠪᠠᠨ | ᠨᠢᠯᠪᠤᠰᠤ ᠶᠢ ᠤᠰᠤ ᠪᠠᠷ ᠢᠶᠠᠨ ᠨᠢᠭᠤᠳᠠᠭ ᠢ ᠪᠤᠳᠤᠬᠤ ᠠᠴᠠ ᠦᠷ᠎ᠡ ᠬᠡᠦᠬᠡᠳ ᠢᠶᠠᠨ ᠭᠡᠳᠡᠭ ᠡᠵᠢ ᠶᠢ ᠮᠢᠨᠢ | ᠰᠠᠨᠠᠭᠳᠠᠭᠤᠯᠤᠨ᠎ᠠ᠃ ︽ᠴᠡᠩᠬᠡᠷ ᠲᠤᠩᠭᠠᠯᠠᠭ ᠤᠰᠤᠨ ᠳᠤ ᠪᠠᠰᠠ ᠪᠤᠷᠬᠠᠨ ᠪᠠᠶᠢᠳᠠᠭ ᠴᠦ ᠶᠤᠮ ᠤᠤ⁈︾ ᠭᠡᠵᠦ ᠪᠢ | ᠦᠷᠭᠦᠯᠵᠢ ᠪᠤᠳᠤᠨᠠᠮ᠃ | ᠤᠷᠭᠤᠮᠠᠯ ᠤᠨ ᠠᠮᠢ ᠨᠠᠰᠤ ᠪᠣᠯ ᠤᠰᠤ᠃ ᠬᠥᠮᠥᠨ ᠠᠮᠢᠳᠠᠨ᠂ ᠠᠷᠢᠶᠠᠲᠠᠨ ᠵᠢᠭᠦᠷᠲᠡᠨ ᠤ ᠠᠮᠢ ᠨᠠᠰᠤ ᠴᠦ | ᠤᠰᠤ᠃ ᠥᠴᠥᠬᠡᠨ ᠰᠢᠮᠠᠭᠤᠯ ᠭᠦᠷᠳᠡᠯ᠎ᠡ ᠠᠩᠭᠠᠬᠤ ᠳᠠᠭᠠᠨ ᠤᠰᠤᠨ ᠳᠤ ᠪᠠᠭᠤᠨ᠎ᠠ᠃ ᠭᠦᠨ ᠲᠠᠯᠠᠢ ᠶᠢᠨ | ᠢᠷᠤᠭᠠᠷ ᠠᠴᠠ ᠤᠷᠭᠤᠭᠰᠠᠨ ᠴᠢᠯᠠᠭᠤ ᠴᠦ ᠤᠰᠤᠨ ᠠᠴᠠ ᠰᠠᠯᠬᠤ ᠪᠠᠷ ᠬᠠᠳᠠᠵᠦ ᠬᠠᠭᠠᠷᠠᠬᠤ ᠤᠴᠢᠷᠲᠠᠢ᠃ | ᠣᠷᠴᠢᠯᠠᠩ ᠤᠰᠤᠨ ᠤ ᠠᠮᠢ ᠲᠠᠢ᠂ ᠤᠰᠤᠨ ᠠᠴᠠ ᠰᠠᠯᠵᠤ ᠪᠤᠯᠬᠤ ᠦᠭᠡᠢ ᠪᠠᠷᠢᠯᠳᠤᠯᠭ᠎ᠠ ᠲᠠᠢ ᠪᠠᠶᠢᠵᠤ ᠲᠠᠭᠠᠷᠠᠨ᠎ᠠ᠃ | ᠴᠢᠭᠢᠭᠯᠢᠭ ᠰᠡᠷᠢᠭᠦᠨ ᠦᠷ ᠤᠨ ᠵᠢᠪᠠᠷ ᠤᠰᠤᠨ ᠤ ᠰᠠᠳᠤᠨ᠃ ᠭᠦᠨ ᠴᠡᠩᠬᠡᠷ ᠴᠠᠯᠭᠢᠯᠠᠭᠰᠠᠨ ᠠᠭᠠᠷ | ᠤᠰᠤᠨ ᠤ ᠲᠦᠷᠦᠯ᠃ ᠨᠡᠭᠦᠳᠡᠯ ᠤᠨ ᠰᠢᠪᠠᠭᠤᠳ ᠴᠦ ᠤᠰᠤᠨ ᠤ ᠪᠠᠨ ᠭᠡᠯᠡ ᠪᠠᠷ ᠵᠢᠷᠭᠢᠨ᠎ᠡ᠃ ᠰᠠᠷ᠎ᠠ ᠪᠦᠭᠴᠢᠮ | ᠬᠠᠯᠠᠭᠤᠨ ᠦᠳᠡᠰᠢ ᠤᠰᠤᠨ ᠳᠤ ᠢᠷᠡᠵᠦ ᠤᠮᠪᠠᠨ᠎ᠠ᠃ ᠲᠡᠭᠷᠢ ᠴᠦ ᠬᠠᠯᠠᠭᠤᠷᠠᠭᠠᠳ ᠲᠡᠰᠬᠦ ᠦᠭᠡᠢ ᠳᠡᠭᠡᠨ | ᠤᠰᠤᠨ ᠳᠤ ᠢᠷᠡᠨ᠎ᠡ᠃ ᠭᠡᠬᠦ ᠳᠡᠭᠡᠨ ᠲᠡᠭᠷᠢ ᠶᠢᠨ ᠪᠤᠳᠤᠭ ᠤᠰᠤᠨ ᠳᠤ ᠰᠢᠩᠭᠡᠵᠦ ᠥᠩᠭᠡ ᠨᠢ ᠢᠵᠢᠯᠢᠰᠢᠭᠰᠡᠨ | ᠪᠠᠶᠢᠳᠠᠭ᠃ ᠤᠰᠤᠨ ᠤ ᠠᠮᠢ ᠮᠥᠩᠬᠡ ᠶᠢᠨ ᠬᠢ ᠪᠣᠯᠤᠭᠰᠠᠨ ᠨᠢ ᠲᠡᠷᠡ ᠴᠦ ᠶᠤᠮ ᠤᠤ︖ ᠡᠰᠡᠬᠦᠯ᠎ᠡ ᠪᠥᠮᠪᠥᠷᠴᠡᠭ | ᠳᠡᠯᠡᠬᠡᠢ ᠶᠢᠨ ᠪᠤᠶᠠᠨ ᠢᠶᠠᠷ ᠴᠦ ᠶᠤᠮ ᠤᠤ︖ | ᠶᠢᠷᠲᠢᠨᠴᠦ ᠲᠣᠭᠲᠠᠭᠰᠠᠨ ᠠᠴᠠ ᠨᠠᠭᠠᠰᠢ ᠤᠰᠤ ᠪᠠᠷ ᠯᠡ ᠠᠮᠢ ᠭᠤᠣᠯ ᠲᠠᠢ᠂ ᠥᠭᠡᠳᠡ ᠥᠯᠵᠡᠢ ᠲᠠᠢ ᠶᠠᠪᠤᠨ᠎ᠠ᠃ | ᠭᠡᠬᠦ ᠳᠡᠭᠡᠨ ᠮᠣᠩᠭᠤᠯᠴᠤᠳ ︽ᠲᠤᠰᠤᠯ ᠤᠰᠤ ᠶᠢ ᠴᠦ ᠬᠠᠶᠢᠷᠠᠯᠠᠵᠤ ᠭᠠᠮᠨᠠᠵᠤ ᠶᠠᠪᠤᠭᠠᠷᠠᠢ︾ ᠬᠡᠮᠡᠨ ᠬᠡᠦᠬᠡᠳ ᠢᠶᠠᠨ | ᠰᠤᠷᠭᠠᠳᠠᠭ ᠨᠢ ᠬᠤᠯᠠ ᠶᠢᠨ ᠪᠤᠳᠤᠯ᠂ ᠬᠦᠰᠡᠯ ᠢᠲᠡᠭᠡᠯ᠂ ᠬᠥᠮᠥᠨᠴᠢ ᠴᠢᠨᠠᠷ ᠤᠨ ᠬᠢᠨᠢ ᠢᠯᠡᠷᠡᠯ ᠶᠤᠮ᠃ | ᠤᠬᠠᠭᠠᠨᠲᠤ ᠳᠡᠭᠡᠳᠦᠰ ᠮᠠᠨᠢ ᠪᠤᠯᠠᠭ ᠣᠷᠭᠢᠯᠤᠭᠰᠠᠨ ᠨᠠᠪᠳᠠᠭ ᠰᠠᠪᠳᠠᠭ ᠲᠠᠢ ᠨᠠᠭᠤᠷ ᠲᠤ ᠪᠡᠶ᠎ᠡ ᠪᠠᠨ | ᠤᠬᠢᠶᠠᠬᠤ ᠪᠤᠶᠤ ᠬᠤᠪᠴᠠᠰᠤ ᠤᠬᠢᠶᠠᠬᠤ ᠶᠢ ᠴᠡᠭᠡᠷᠯᠡᠭᠦᠯᠦᠨ ᠰᠤᠷᠭᠠᠳᠠᠭ᠃ ᠡᠨᠡ ᠨᠢ ᠲᠡᠭᠦᠨ ᠤ ᠤᠰᠤᠨ ᠳᠤ | ᠬᠠᠶᠢᠷ᠎ᠠ ᠲᠠᠢ ᠰᠡᠳᠬᠢᠯ ᠢ ᠬᠠᠷᠠᠭᠤᠯᠵᠤ ᠪᠠᠶᠢᠬᠤ ᠪᠠᠷ ᠪᠠᠷᠠᠬᠤ ᠦᠭᠡᠢ ᠴᠡᠪᠡᠷ ᠠᠷᠢᠭᠤᠨ ᠠᠮᠢᠳᠤ ᠤᠰᠤ ᠶᠢ | ᠪᠤᠵᠠᠷᠳᠠᠭᠤᠯᠵᠦ ᠰᠢᠷᠭᠢᠭᠦᠯᠬᠦ ᠠᠴᠠ ᠪᠣᠯᠭᠤᠮᠵᠢᠯᠠᠭᠰᠠᠨ ᠠᠭᠤᠤ ᠶᠡᠭᠡ ᠢᠷᠡᠭᠡᠳᠦᠶᠢᠴᠢ ᠦᠵᠡᠯ ᠤᠬᠠᠮᠰᠠᠷ ᠤᠨ ᠭᠡᠷᠡᠯ | ᠭᠡᠭᠡ ᠶᠤᠮ᠃ | ᠪᠠᠶᠢᠭᠠᠯᠢ ᠥᠪᠡᠷ ᠢ ᠪᠠᠨ ᠦᠪᠡᠰᠦᠪᠡᠨ ᠡᠪᠳᠡᠳᠡᠭ ᠦᠭᠡᠢ᠃ ᠨᠠᠭᠤᠷ ᠤᠰᠤᠨ ᠴᠦ ᠥᠪᠡᠷ ᠢᠶᠠᠨ ᠬᠠᠳᠠᠵᠦ | ᠬᠠᠭᠰᠠᠷᠠᠬᠤ ᠦᠭᠡᠢ᠃ ᠬᠥᠮᠥᠨ ᠯᠡ ᠪᠠᠶᠢᠭᠠᠯᠢ ᠪᠠᠨ ᠴᠢᠯᠡᠭᠡᠵᠦ᠂ ᠨᠠᠭᠤᠷ ᠴᠦᠭᠦᠷᠤᠮ᠂ ᠭᠤᠣᠯ ᠮᠥᠷᠡᠨ ᠢᠶᠠᠨ | ᠭᠤᠮᠣᠳᠠᠭᠠᠳᠠᠭ ᠢ ᠭᠦᠪᠡᠭᠡ ᠨᠢ ᠰᠡᠮᠡᠷᠡᠭᠰᠡᠨ ᠲᠠᠯ᠎ᠠ ᠬᠠᠩᠭᠠᠢ᠂ ᠲᠠᠲᠠᠭᠤᠷᠠᠵᠤ ᠨᠠᠷᠢᠰᠤᠭᠰᠠᠨ ᠤᠷᠤᠰᠬᠠᠯ ᠤᠰᠤᠨ᠂ | ᠰᠢᠷᠭᠢᠮᠡᠷ ᠪᠣᠯᠤᠭᠰᠠᠨ ᠨᠣᠭᠤᠭᠠᠨ ᠪᠦᠷᠢᠳᠦ ᠶᠢᠨ ︽ᠦᠷ᠎ᠡ ᠬᠤᠶᠢᠴᠢᠰ ᠤᠨ ᠢᠶᠠᠨ ᠮᠠᠷᠭᠠᠰᠢ ᠶᠢ ᠪᠣᠳᠣᠯᠬᠢᠯᠠ︾ ᠭᠡᠰᠡᠨ | ᠤᠳᠬ᠎ᠠ ᠤᠴᠢᠷᠲᠠᠢ ᠰᠢᠪᠡᠨᠡᠭᠡ ᠠᠴᠠ ᠰᠡᠷᠡᠵᠦ ᠰᠡᠬᠡᠭᠡᠷᠡᠵᠦ ᠪᠣᠯᠣᠨ᠎ᠠ᠃ ᠬᠥᠮᠥᠰ ᠮᠢᠨᠢ︕ | ᠤᠰᠤᠨ ᠳᠤ ᠡᠵᠢ ᠶᠢᠨ ᠬᠠᠶᠢᠷ᠎ᠠ ᠠᠴᠠ ᠭᠠᠳᠠᠨ᠎ᠠ᠂ ᠠᠪᠤ ᠶᠢᠨ ᠠᠷᠠᠨᠰᠢᠨ ᠴᠦ ᠪᠤᠢ᠃ ᠦᠶᠡᠷᠯᠡᠨ ᠳᠠᠪᠠᠯᠭᠠᠯᠠᠵᠤ᠂ | ᠤᠶᠢᠯᠰᠤᠨ ᠬᠦᠷᠬᠢᠷᠡᠬᠦ ᠨᠢ ᠤᠰᠤᠨ ᠤ ᠠᠭᠤᠷ ᠬᠢᠯᠢᠩ ᠪᠢᠵᠡ︖ ᠶᠡᠨᠳᠡᠷ ᠤᠨ ᠴᠢᠯᠠᠭᠤ ᠶᠢ ᠨᠦᠬᠡᠯᠡᠳᠡᠭ ᠲᠤᠰᠤᠯ | ᠤᠰᠤᠨ ᠠᠴᠠ ᠲᠡᠭᠦᠨ ᠤ ᠬᠠᠳᠠᠨ ᠠᠴᠠ ᠳᠠᠪᠠᠭᠰᠠᠨ ᠬᠠᠲᠠᠭᠤ ᠴᠢᠨᠠᠷ ᠢ ᠴᠦ ᠤᠬᠠᠭᠠᠷᠠᠵᠤ ᠮᠠᠳᠠᠨ᠎ᠠ᠃ | ᠬᠦᠷᠬᠢᠷ᠎ᠡ ᠠᠴᠠ ᠰᠦᠷ ᠶᠡᠭᠡ ᠬᠦᠴᠦᠨ ᠴᠢᠳᠠᠯ ᠢ ᠴᠦ ᠣᠯᠵᠤ ᠬᠠᠷᠠᠨ᠎ᠠ᠃ ᠤᠰᠤᠨ ᠠᠴᠠ ᠪᠢᠳᠡ ᠴᠠᠭᠢᠯᠭᠠᠨ | ᠭᠠᠷᠭᠠᠨ᠎ᠠ᠃ ᠤᠰᠤᠨ ᠠᠴᠠ ᠪᠢᠳᠡ ᠦᠯᠡᠮᠵᠢ ᠶᠢᠨ ᠡᠬᠢ ᠪᠠᠶᠠᠯᠢᠭ ᠢ ᠱᠦᠭᠦᠨ᠎ᠡ᠃ ᠬᠤᠯᠪᠣᠨ ᠪᠣᠳᠣᠯᠲᠠ ᠶᠢᠨ ᠬᠢᠵᠠᠭᠠᠷ | ᠦᠭᠡᠢ ᠡᠷᠬᠡ ᠴᠢᠯᠦᠭᠡ ᠤᠰᠤ ᠮᠢᠨᠤ᠃ ᠴᠢ ᠭᠤᠸ᠎ᠠ ᠰᠠᠶᠢᠬᠠᠨ ᠤ ᠳᠣᠲᠣᠷᠠᠬᠢ ᠭᠤᠸ᠎ᠠ ᠰᠠᠶᠢᠬᠠᠨ ᠴᠦ ᠶᠤᠮ ᠤᠤ⁈ | ᠪᠢ ᠲᠤᠰᠤᠯ ᠤᠰᠤᠨ ᠪᠣᠯᠵᠤ ᠡᠬᠡ ᠣᠷᠣᠨ ᠤ ᠪᠠᠨ ᠠᠨᠠᠪᠠᠳ ᠲᠠᠯᠠᠢ ᠳᠤ ᠬᠦᠷᠬᠢᠷᠡᠨᠡᠮ⁈ | | | | ᠤᠷᠭᠤᠵᠦ ᠰᠠᠴᠤᠷᠠᠭᠰᠠᠨ ᠨᠠᠷᠠᠨ ᠤ ᠦᠨᠦᠷ ᠲᠠᠢ᠂ ᠥᠨᠢ ᠮᠥᠩᠬᠡ ᠶᠢᠨ ᠤᠰᠤ ᠮᠢᠨᠢ ᠳ᠋ᠧ᠃ ᠪᠢ ᠴᠢᠮ᠎ᠠ ᠳᠤ | ᠬᠠᠶᠢᠷᠠᠲᠠᠢ ᠪᠣᠯᠬᠤᠷ ᠦᠷᠭᠦᠯᠵᠢ ᠡᠯᠢᠭᠡ ᠨᠢᠭᠡᠲᠡᠢ ᠡᠬᠡ ᠣᠷᠣᠨ ᠳᠠᠭᠠᠨ ᠲᠤᠰᠤᠯ ᠤᠰᠤ ᠪᠣᠯᠵᠤ ᠠᠯᠠᠭᠠᠨ ᠳᠡᠭᠡᠷ᠎ᠡ | ᠨᠢ ᠠᠭᠤᠰᠤᠨ ᠵᠢᠷᠭᠠᠵᠤ ᠪᠤᠢ ᠬᠡᠮᠡᠨ ᠵᠡᠭᠦᠳᠦᠯᠡᠳᠡᠭ ᠪᠠᠶᠢᠯ᠎ᠠ ᠁ | ᠬᠥᠭᠵᠢᠯ ᠮᠠᠨᠳᠤᠯ ᠤᠨ ᠠᠯᠳᠠᠨ ᠲᠦᠷᠦᠭᠡ ᠬᠠᠩᠭᠢᠨᠠᠭᠤᠯᠵᠤ ᠲᠤᠷᠤᠨ᠎ᠠ ᠶᠢᠨ ᠲᠣᠷᠭᠠᠨ ᠡᠯᠢᠭᠡᠨ ᠳᠤ ᠲᠦᠮᠡᠨ | ᠨᠢᠳᠦ ᠲᠠᠢ ᠲᠡᠭᠷᠢ ᠰᠢᠭ ᠰᠦᠷ ᠭᠡᠷᠡᠯ ᠲᠠᠢ᠂ ᠨᠠᠮ ᠲᠠᠶᠢᠪᠤᠩ ᠣᠷᠣᠰᠢᠬᠤ ᠪᠤᠷᠬᠠᠨ ᠡᠬᠡ ᠣᠷᠣᠨ ᠮᠢᠨᠢ᠃ ᠲᠠᠨ ᠤ | ᠴᠢᠮᠬᠢ ᠰᠢᠷᠣᠢ᠂ ᠥᠨᠥᠴᠢᠨ ᠨᠠᠪᠴᠢ᠂ ᠥᠴᠥᠬᠡᠨ ᠰᠢᠷᠭᠤᠯᠵᠢ ᠁ ᠴᠢᠨᠢ ᠠᠳᠠᠯ᠎ᠠ ᠮᠢᠨᠤ ᠰᠡᠳᠬᠢᠯ ᠳᠤ ᠠᠯᠳᠠ ᠪᠠᠷ | ᠰᠣᠯᠢᠬᠤ ᠦᠭᠡᠢ ᠦᠨᠡᠲᠦ ᠡᠷᠳᠡᠨᠢ ᠶᠤᠮᠰᠠᠨ᠃ ᠬᠤᠯᠠᠳᠠᠬᠤ ᠪᠠᠷ ᠵᠡᠭᠦᠳᠦᠨ ᠳᠤ ᠡᠷᠭᠢᠴᠡᠨ᠎ᠡ᠃ ᠣᠶᠢᠷᠠᠳᠬᠤ ᠪᠠᠷ | ᠵᠢᠷᠦᠬᠡᠨ ᠳᠤ ᠭᠡᠷᠡᠯᠲᠦᠨ᠎ᠡ᠃ | ᠡᠵᠢ - ᠨᠠᠷᠠᠨ ᠤ ᠦᠨᠦᠷ ᠲᠠᠢ ᠡᠬᠡ ᠣᠷᠣᠨ ᠮᠢᠨᠢ᠃ | ᠡᠬᠡ ᠣᠷᠣᠨ - ᠰᠢᠲᠦᠭᠡᠨ ᠲᠡᠭᠷᠢ ᠡᠵᠢ ᠮᠢᠨᠢ ᠠ᠋᠃ | | |